ᠪᠣᠯᠵᠣᠭᠠᠨ ᠳ᠋ᠠᠭᠠᠨ-ᠬᠣᠲᠠᠯᠠᠪᠠᠶᠠᠷБолзоондоо-хотолбаяр
ᠪᠣᠯᠵᠣᠭᠠᠨ ᠳ᠋ᠠᠭᠠᠨ
ᠳᠠᠭᠤᠴᠢᠨ ᠄ ᠬᠣᠲᠠᠯᠠᠪᠠᠶᠠᠷ
ᠠᠪᠤᠷᠭᠤ ᠳᠠᠭᠤᠴᠢᠨ ᠴᠢᠯᠠᠭᠤ ᠶ᠋ᠢᠨ ᠳᠠᠭᠤᠤ
ᠲᠡᠨᠢᠭᠡᠷ ᠠᠭᠤᠳᠠᠮ ᠲᠠᠯ᠎ᠠ ᠶ᠋ᠢᠨ ᠢ᠋ᠶ᠋ᠡᠨ ᠪᠡᠯᠴᠢᠭᠡᠷ ᠳᠡᠭᠡᠷ᠎ᠡ ᠨᠢ ᠬᠥ
ᠲᠦᠮᠡᠨ ᠴᠠᠭᠠᠨ ᠬᠣᠨᠢᠳ ᠢ᠋ᠶ᠋ᠠᠨ ᠬᠠᠷᠢᠭᠤᠯᠵᠤ ᠶᠠᠪᠤᠬᠤ ᠳ᠋ᠠᠭᠠᠨ
ᠲᠣᠭᠣᠵᠤ ᠰᠠᠨᠠᠭᠰᠠᠨ ᠰᠡᠳᠬᠢᠯ ᠦ᠋ᠨ ᠢ᠋ᠶ᠋ᠡᠨ ᠬᠣᠩᠭᠣᠷ ᠴᠢᠮ᠎ᠠ ᠶ᠋ᠢ ᠪᠡᠨ
ᠲᠡᠮᠡᠦᠯᠦᠭᠡᠳ ᠬᠦᠷᠦᠭᠡᠳ ᠢᠷᠡᠬᠦ ᠶ᠋ᠢ ᠴᠢᠨᠢ ᠬᠠᠷᠠᠵᠤ ᠯᠠ ᠰᠠᠭᠤᠨ᠎ᠠ ᠬᠥ
ᠠᠭᠲᠠ ᠬᠦᠯᠦᠭ ᠮᠣᠷᠢᠨ ᠤ᠋ ᠪᠠᠨ ᠰᠠᠢᠨ ᠊ᠢ ᠤᠨᠤᠭᠠᠳ ᠬᠦ᠌
ᠠᠭᠤᠳᠠᠮ ᠲᠠᠯ᠎ᠠ ᠳ᠋ᠠᠭᠠᠨ ᠠᠳᠤᠭᠤ ᠪᠠᠨ ᠬᠤᠷᠢᠶᠠᠵᠤ ᠶᠠᠪᠤᠬᠤ ᠳ᠋ᠠᠭᠠᠨ
ᠠᠮᠠᠷᠠᠭ ᠬᠣᠩᠭᠣᠷ ᠴᠢᠨᠦᠬᠢ ᠪᠡᠨ ᠳᠠᠭᠤᠤ ᠶ᠋ᠢ ᠰᠣᠨᠣᠰᠤᠭᠠᠳ
ᠠᠶᠤᠤᠯᠢᠬᠠᠢ ᠵᠢᠷᠦᠬᠡᠨ ᠦ᠌ ᠦᠭᠡ ᠪᠡᠨ ᠶᠠᠷᠢᠯᠴᠠᠬᠤ ᠪᠠᠷ ᠢᠷᠡᠯ᠎ᠡ ᠪᠢ
ᠤᠷᠠᠨ ᠵᠢᠭᠦᠷ ᠲᠡᠢ ᠡᠷᠪᠡᠬᠡᠢ ᠬᠣᠣᠰᠯᠠᠨ ᠨᠢᠰᠬᠦ ᠳ᠋ᠡᠭᠡᠨ
ᠤᠷᠭᠤᠮᠠᠯ ᠴᠡᠴᠡᠭ ᠦ᠋ᠨ ᠰᠠᠢᠬᠠᠨ ᠤ᠋ ᠳᠡᠭᠡᠷ᠎ᠡ ᠨᠢ ᠰᠠᠭᠤᠳᠠᠭ ᠰᠢᠭ᠋
ᠦᠨᠡᠨ ᠬᠠᠶ᠋ᠢᠷ᠎ᠠ ᠪᠠᠨ ᠬᠣᠯᠪᠣᠭᠰᠠᠨ ᠪᠢᠳᠡ ᠬᠣᠶᠠᠭᠤᠯᠠ ᠪᠠᠨ
ᠣᠨᠳᠣᠷᠴᠤ ᠪᠠᠶ᠋ᠢᠬ᠋᠎ᠠ ᠵᠢᠷᠭᠠᠯ ᠳ᠋ᠠᠭᠠᠨ ᠪᠠᠬᠠᠳᠤᠨ ᠳᠠᠭᠤᠯᠠᠶ᠎ᠠ
ᠣᠨᠳᠣᠷᠴᠤ ᠪᠠᠶ᠋ᠢᠬ᠋᠎ᠠ ᠵᠢᠷᠭᠠᠯ ᠳ᠋ᠠᠭᠠᠨ ᠪᠠᠬᠠᠳᠤᠨ ᠳᠠᠭᠤᠯᠠᠶ᠎ᠠ
