ᠰᠠᠨᠠᠬᠤ ᠶᠢᠨ ᠵᠠᠶᠠᠭ᠎ᠠ- ᠬᠠᠯᠵᠠᠨСанахын заяа-халзан
ᠰᠠᠨᠠᠬᠤ ᠶᠢᠨ ᠵᠠᠶᠠᠭ᠎ᠠ
ᠦᠭᠡ ᠄
ᠰᠡᠷᠡᠩᠶᠣᠩᠷᠣᠪ
ᠠᠶ᠎ᠠ ᠄
ᠬᠠᠯᠵᠠᠨ
ᠠᠷᠠᠳ ᠤᠨ ᠳᠠᠭᠤᠴᠢᠨ
ᠬᠠᠯᠵᠠᠨ ᠳᠠᠭᠤᠯᠠᠪᠠ ᠃
1.
ᠡᠵᠢ ᠶ᠋ᠢ ᠪᠡᠨ ᠪᠢ ᠰᠠᠨᠠᠵᠤ ᠶᠠᠪᠤᠯ᠎ᠠ
ᠡᠩᠭᠡᠷ ᠳᠡᠭᠡᠷ᠎ᠡ ᠪᠡᠨ ᠨᠢᠯᠪᠤᠰᠤ ᠲᠠᠢ ᠰᠠᠨᠠᠯ᠎ᠠ
ᠡᠨᠡ ᠬᠣᠷᠸ᠎ᠠ ᠳ᠋ᠤ᠌ ᠵᠠᠶᠠᠭᠠᠭᠰᠠᠨ
ᠠᠮᠢᠳᠤ ᠪᠤᠷᠬᠠᠨ ᠡᠵᠢ ᠰᠢᠦ
ᠪᠢ ᠬᠠᠮᠢᠭ᠎ᠠ ᠶᠠᠪᠤᠭᠰᠠᠨ ᠴᠤ᠌
ᠡᠵᠢ ᠶ᠋ᠢ ᠪᠡᠨ ᠰᠠᠨᠠᠨ᠎ᠠ
ᠪᠢ ᠬᠠᠮᠢᠭ᠎ᠠ ᠣᠴᠢᠭᠰᠠᠨ ᠴᠤ᠌ ᠨᠤᠲᠤᠭ ᠢᠶ᠋ᠠᠨ
ᠰᠠᠨᠠᠨ᠎ᠠ
2.
ᠠᠪᠤ ᠶ᠋ᠢ ᠪᠡᠨ ᠪᠢ ᠰᠠᠨᠠᠵᠤ ᠶᠠᠪᠤᠯ᠎ᠠ
ᠠᠭᠤᠤ ᠰᠤᠷᠭᠠᠯ ᠢ ᠨᠢ ᠴᠡᠭᠡᠵᠢᠯᠡᠨ ᠰᠠᠨᠠᠨ᠎ᠠ
ᠠᠯᠠᠭ ᠬᠣᠷᠸ᠎ᠠ ᠶ᠋ᠢ ᠲᠤᠭᠤᠯᠤᠭᠰᠠᠨ
ᠠᠮᠢᠳᠤ ᠪᠤᠷᠬᠠᠨ ᠠᠪᠤ ᠰᠢᠦ
ᠪᠢ ᠬᠠᠮᠢᠭ᠎ᠠ ᠶᠠᠪᠤᠭᠰᠠᠨ
ᠴᠤ᠌ ᠡᠵᠢ ᠶ᠋ᠢ ᠪᠡᠨ ᠰᠠᠨᠠᠨ᠎ᠠ
ᠪᠢ ᠬᠠᠮᠢᠭ᠎ᠠ ᠣᠴᠢᠭᠰᠠᠨ ᠴᠤ᠌ ᠨᠤᠲᠤᠭ ᠢᠶ᠋ᠠᠨ
ᠰᠠᠨᠠᠨ᠎ᠠ
3.
ᠲᠥᠷᠥᠭᠰᠡᠨ ᠨᠤᠲᠤᠭ ᠢᠶ᠋ᠠᠨ ᠪᠢ ᠰᠠᠨᠠᠵᠤ ᠶᠠᠪᠤᠯ᠎ᠠ
ᠲᠥᠷᠥᠯ ᠰᠠᠳᠤᠨ ᠢᠶ᠋ᠠᠨ ᠬᠦᠨᠳᠦᠳᠭᠡᠨ ᠰᠠᠨᠠᠨ᠎ᠠ
ᠲᠥᠷᠥᠯᠬᠢ ᠬᠡᠯᠡ ᠪᠡᠨ ᠬᠠᠮᠠᠭᠠᠯᠠᠭᠰᠠᠨ
ᠮᠣᠩᠭᠣᠯ ᠡᠵᠢ ᠶ᠋ᠢᠨ ᠵᠢᠷᠤᠮ ᠰᠢᠦ
ᠪᠢ ᠬᠠᠮᠢᠭ᠎ᠠ
ᠶᠠᠪᠤᠭᠰᠠᠨ ᠴᠤ᠌ ᠡᠵᠢ ᠶ᠋ᠢ ᠪᠡᠨ ᠰᠠᠨᠠᠨ᠎ᠠ
ᠪᠢ ᠬᠠᠮᠢᠭ᠎ᠠ ᠣᠴᠢᠭᠰᠠᠨ
ᠴᠤ᠌ ᠨᠤᠲᠤᠭ ᠢᠶ᠋ᠠᠨ ᠰᠠᠨᠠᠨ᠎ᠠ
4.
ᠮᠣᠩᠭᠣᠯ ᠲᠦᠮᠡᠨ ᠢᠶ᠋ᠠᠨ ᠪᠢ ᠰᠠᠨᠠᠵᠤ ᠶᠠᠪᠤᠯ᠎ᠠ
ᠮᠥᠩᠬᠡ ᠲᠡᠭᠷᠢ ᠶ᠋ᠢ ᠪᠢ ᠰᠢᠲᠦᠵᠦ ᠰᠠᠨᠠᠨ᠎ᠠ
ᠮᠣᠷᠢ ᠲᠠᠢ ᠰᠦᠯᠳᠡ ᠪᠡᠨ ᠮᠠᠨᠳᠤᠭᠤᠯᠤᠭᠰᠠᠨ
ᠮᠣᠩᠭᠣᠯ ᠠᠪᠤ ᠶ᠋ᠢᠨ ᠤᠯᠠᠮᠵᠢᠯᠠᠯ ᠰᠢᠦ
ᠪᠢ ᠬᠠᠮᠢᠭ᠎ᠠ
ᠶᠠᠪᠤᠭᠰᠠᠨ ᠴᠤ᠌ ᠡᠵᠢ ᠶ᠋ᠢ ᠪᠡᠨ ᠰᠠᠨᠠᠨ᠎ᠠ
ᠪᠢ ᠬᠠᠮᠢᠭ᠎ᠠ ᠣᠴᠢᠭᠰᠠᠨ
ᠴᠤ᠌ ᠨᠤᠲᠤᠭ ᠢᠶ᠋ᠠᠨ ᠰᠠᠨᠠᠨ᠎ᠠ ᠃
ᠦᠰᠦᠭ ᠠᠮᠢᠯᠠᠭᠤᠯᠤᠭᠴᠢ᠄ ᠣᠳᠬᠣᠨᠴᠡᠴᠡᠭ
