ᠰᠠᠢᠪᠤᠷ ᠰᠢᠷᠭ᠎ᠠ- ᠣᠷᠳᠣᠰ ᠠᠷᠠᠳ ᠤ᠋ᠨ ᠳᠠᠭᠤᠤ- ᠣᠣᠬᠠᠨСайвар шарга-ордос ардын дуу-Уухан
ᠰᠠᠢᠪᠤᠷ ᠰᠢᠷᠭ᠎ᠠ
ᠣᠷᠳᠣᠰ ᠠᠷᠠᠳ ᠤ᠋ᠨ ᠳᠠᠭᠤᠤ
ᠬᠤᠭᠤᠷᠴᠢᠨ ᠄ ᠳᠦᠭᠦᠷᠡᠩ
ᠳᠠᠭᠤᠴᠢᠨ ᠄ ᠣᠣᠬᠠᠨ
ᠣᠣᠬᠠᠨ ᠡᠵᠢ ᠪᠣᠯ ᠣᠷᠳᠣᠰ ᠤ᠋ᠨ ᠤᠷᠲᠤ ᠶ᠋ᠢᠨ
ᠳᠠᠭᠤᠨ ᠤ᠋ ᠤᠯᠠᠮᠵᠢᠯᠠᠭᠴᠢ ᠂
ᠣᠷᠳᠣᠰ ᠠᠷᠠᠳ ᠤ᠋ᠨ ᠬᠠᠳᠬᠤᠮᠠᠯ ᠤ᠋ᠨ ᠤᠯᠠᠮᠵᠢᠯᠠᠭᠴᠢ
ᠰᠠᠶ᠋ᠢᠪᠤᠷ ᠰᠠᠶ᠋ᠢᠪᠤᠷ ᠯᠠ ᠰᠢᠷᠭ᠎ᠠ ᠶ᠋ᠢ ᠪᠡᠨ
ᠰᠠᠷ᠎ᠠ ᠵᠢᠯ ᠢ᠋ᠶ᠋ᠡᠷ ᠢ᠋ᠶ᠋ᠡᠨ ᠤᠨᠤᠶ᠎ᠠ ᠳ᠋ᠣᠣ
ᠰᠠᠨᠠᠭ᠎ᠠ ᠮᠠᠭᠤᠲᠠᠢ ᠯᠠ ᠥᠰᠢᠶᠡᠨ ᠳ᠋ᠦ᠍
ᠰᠠᠯᠤᠯ ᠦᠭᠡᠢ ᠯᠡ ᠰᠠᠭᠤᠴᠢᠬᠠᠶ᠎ᠠ ᠳ᠋ᠣᠣ
ᠠᠶᠠᠭ᠎ᠠ ᠠᠶᠠᠭ᠎ᠠ ᠪᠠᠷ ᠤᠤᠭᠤᠴᠢᠬᠠᠶ᠎ᠠ ᠳ᠋ᠣᠣ
ᠠᠮᠠᠭᠠᠢ ᠵᠢᠯᠣᠭᠣ ᠪᠠᠨ ᠰᠣᠢᠵᠠᠭᠠᠶᠠ ᠳ᠋ᠣᠣ
ᠴᠠᠶ᠋ᠢᠲᠠᠮ ᠳᠤᠮᠳᠠ ᠪᠠᠨ ᠱᠣᠭᠰᠢᠭᠤᠯᠵᠤ ᠪᠠᠶ᠋ᠢᠬᠰᠠᠨ
ᠵᠠᠩ ᠶᠣ ᠰᠠᠶ᠋ᠢᠲᠠᠢ ᠯᠠ ᠰᠢᠷᠭ᠎ᠠ ᠮᠢᠨᠢ
ᠬᠠᠪᠤᠷ ᠴᠠᠭ ᠣᠨ ᠢ᠋ᠶ᠋ᠠᠨ ᠰᠡᠩᠰᠡᠨ ᠳ᠋ᠦ᠍
ᠬᠠᠮᠤᠭ ᠴᠡᠴᠡᠭ ᠨᠢ ᠰᠣᠶᠣᠭᠠᠯᠠᠨ᠎ᠠ ᠳ᠋ᠣᠣ
ᠵᠤᠨ ᠤ᠋ ᠴᠠᠭ ᠤ᠋ᠨ ᠢ᠋ᠶ᠋ᠠᠨ ᠰᠡᠩᠰᠡᠨ ᠳ᠋ᠦ᠍
ᠨᠢ
ᠵᠦᠢᠯ ᠤᠨ ᠴᠡᠴᠡᠭ ᠨᠢ ᠨᠠᠶ᠋ᠢᠭᠤᠨ᠎ᠠ ᠳ᠋ᠣᠣ
ᠤᠬᠠᠭ᠎ᠠ ᠂ ᠤᠷ᠎ᠠ ᠪᠠᠨ ᠪᠢᠳᠡ ᠳ᠋ᠦ᠍
ᠤᠯᠠᠮᠵᠢᠯᠠᠨ ᠥᠪᠯᠡᠭᠦᠯᠵᠦ ᠥᠭᠭᠦᠭᠰᠡᠨ
ᠤᠳᠤᠮᠲᠤ ᠪᠤᠭᠤᠷᠤᠯ ᠨᠠᠰᠤᠲᠠᠳ ᠮᠢᠨᠢ
ᠤᠳᠠᠭᠠᠨ ᠵᠢᠷᠭᠠᠬᠤ ᠪᠣᠯᠲᠤᠭᠠᠢ ᠁
ᠦᠰᠦᠭ ᠠᠮᠢᠯᠠᠭᠤᠯᠤᠭᠴᠢ ᠄ ᠣᠨᠳᠣᠷᠮᠠ
ᠬᠢᠨᠠᠭᠴᠢ ᠪᠠᠭᠰᠢ ᠄ ᠲᠤᠲᠤᠭᠡᠷᠡᠯ᠂ ᠣᠳᠬᠠᠨᠰᠣ᠎ᠠ᠂ ᠭᠠᠷᠮ᠎ᠠ᠂ ᠢᠷᠡᠭᠡᠳᠦᠢ
