ᠬᠡᠷᠢᠶ᠎ᠡ ᠂ ᠭᠠᠯᠠᠭᠤ ᠶ᠋ᠢ ᠳᠠᠭᠤᠷᠢᠶᠠᠭᠰᠠᠨ ᠨᠢ Хэрээ ᠂ Галууг дуурайсан нь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠷᠢᠶ᠎ᠡ ᠂ ᠭᠠᠯᠠᠭᠤ ᠶ᠋ᠢ ᠳᠠᠭᠤᠷᠢᠶᠠᠭᠰᠠᠨ ᠨᠢ Хэрээ ᠂ Галууг дуурайсан нь

ᠬᠡᠷᠢᠶ᠎ᠡ ᠂ ᠭᠠᠯᠠᠭᠤ ᠶ᠋ᠢ ᠳᠠᠭᠤᠷᠢᠶᠠᠭᠰᠠᠨ ᠨᠢ Хэрээ ᠂ Галууг дуурайсан нь

ᠠᠩᠭᠢᠯᠠᠯ:ᠳᠣᠮᠣᠭ ᠦᠯᠢᠭᠡᠷ
2023-03-27

268

ᠬᠡᠷᠢᠶ᠎ᠡ ᠂ ᠭᠠᠯᠠᠭᠤ ᠶ᠋ᠢ ᠳᠠᠭᠤᠷᠢᠶᠠᠭᠰᠠᠨ ᠨᠢ


     ᠨᠢᠭᠡᠨ ᠬᠡᠷᠢᠶ᠎ᠡ ᠤᠯᠠᠢ ᠡᠷᠢᠬᠦ ᠪᠡᠷ ᠨᠢᠰᠦᠨ ᠶᠠᠪᠤᠵᠠᠢ ᠃ ᠬᠡᠷᠢᠶ᠎ᠡ ᠨᠠᠭᠤᠷ ᠦ᠋ᠨ ᠬᠤᠯᠤᠰᠤᠨ  ᠳ᠋ᠦ᠍ ᠬᠦᠷᠬᠦ  ᠳ᠋ᠦ᠍ ᠭᠠᠯᠠᠭᠤ ᠨᠤᠭᠤᠳ ᠥᠨᠲᠡᠭᠡ ᠳᠠᠷᠤᠵᠤ ᠦᠷ᠎ᠡ ᠵᠤᠯᠵᠠᠬ᠋᠎ᠠ ᠪᠠᠨ ᠥᠰᠬᠡᠨ ᠠᠮᠢᠲᠤᠷᠠᠵᠤ ᠪᠠᠶ᠋ᠢᠪᠠ ᠃ ᠬᠡᠷᠢᠶ᠎ᠡ ᠭᠠᠯᠠᠭᠤ ᠨᠤᠭᠤᠳ ᠊ᠢ ᠦᠵᠡᠭᠡᠳ ᠲᠣᠩ ᠪᠠᠬᠠᠷᠬᠠᠪᠠ ᠃
    ᠲᠡᠭᠡᠭᠡᠳ ᠬᠡᠷᠢᠶ᠎ᠡ ᠥᠪᠡᠷ ᠦ᠋ᠨ ᠲᠡᠷᠡ ‍ᠬᠦ ᠥᠨᠲᠥᠷ ᠮᠣᠲᠣᠨ ᠪ  ᠰᠠᠯᠠᠭᠠᠨ ᠳᠡᠭᠡᠷ᠎ᠡ ᠥᠨᠥᠴᠢᠨ ᠭᠠᠭᠴᠠᠭᠠᠷ ᠠᠮᠢᠲᠤᠷᠠᠲᠠᠭ ᠲᠡᠨᠦᠭᠦᠯ ᠠᠮᠢᠲᠤᠷᠠᠯ ᠶ᠋ᠢᠠᠨ ᠲᠡᠭᠦᠰᠬᠡᠵᠦ ᠂ ᠥᠤᠠᠬᠡᠨ ᠵᠤᠵᠠᠭᠠᠨ ᠬᠤᠯᠤᠰᠤ ᠲᠠᠢ ᠨᠠᠭᠤᠷ ᠲᠤ ᠢᠷᠡᠵᠦ ᠠᠮᠢᠲᠤᠷᠠᠬᠤ ᠪᠠᠷ ᠪᠣᠯᠪᠠ ᠃ ᠭᠡᠲᠡᠯ᠎ᠡ ᠬᠡᠷᠢᠶ᠎ᠡ ᠶᠡᠷᠦ ᠡᠴᠡ ᠨᠠᠭᠤᠷ ᠲᠤ ᠠᠮᠢᠲᠤᠷᠠᠵᠤ ᠦᠵᠡᠭᠡ ᠦᠭᠡᠢ ᠲᠤᠯᠠ ᠤᠷᠭᠤᠬ᠋᠎ᠠ  ᠬᠤᠯᠤᠰᠤᠨ ᠳᠡᠭᠡᠷ᠎ᠡ ᠲᠣᠭᠲᠠᠵᠤ ᠴᠢᠲᠠᠭᠰᠠᠨ ᠦᠭᠡᠢ ᠪᠡᠷ ᠨᠠᠭᠤᠷ ᠲᠤ ᠤᠨᠠᠵᠤ ᠂ ᠰᠠᠪᠠᠵᠤ ᠳᠡᠪᠢᠭᠰᠡᠭᠡᠷ ᠴᠠᠴᠠᠵᠤ ᠦᠬᠦᠭᠰᠡᠨ ᠭᠡᠨ᠎ᠡ ᠃

       
        ᠬᠡᠯᠡ  ᠪᠢᠴᠢᠭ ᠦ᠋ᠨ ᠬᠣᠶᠠᠲᠤᠭᠠᠷ ᠣᠨ   ( ᠳᠡᠭᠡᠳᠦ )   
          ( 2012 ᠣᠨ ᠪ 5 ᠰᠠᠷ᠎ᠠ  ᠳ᠋ᠦ᠍ ᠠᠩᠬᠠᠲᠤᠭᠠᠷ ᠬᠡᠪ ) ᠡᠴᠡ ᠬᠠᠭᠤᠯᠪᠠ ᠃

                   ᠦᠰᠦᠭ ᠠᠮᠢᠯᠠᠭᠤᠯᠤᠭᠴᠢ ᠄     ᠮᠢᠩᠭᠠᠳ ᠂  ᠴᠢᠮᠡᠭ
                     ᠬᠢᠨᠠᠭᠴᠢ ᠄ ᠲᠦᠮᠡᠳ · ᠠᠵᠠᠲᠦ