ᠲᠣᠬᠤᠨᠲᠡᠮᠦᠷ ᠤᠬᠠᠭᠠᠨᠲᠤ ᠬᠠᠭᠠᠨ (6) - ᠬᠦᠴᠢᠬᠡᠨ Тохонтөмөр ухаант хаан(6)- Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (6) - ᠬᠦᠴᠢᠬᠡᠨ Тохонтөмөр ухаант хаан(6)- Хүчхэн

ᠲᠣᠬᠤᠨᠲᠡᠮᠦᠷ ᠤᠬᠠᠭᠠᠨᠲᠤ ᠬᠠᠭᠠᠨ (6) - ᠬᠦᠴᠢᠬᠡᠨ Тохонтөмөр ухаант хаан(6)- Хүчхэн

ᠠᠩᠭᠢᠯᠠᠯ:ᠲᠡᠦᠬᠡ ᠰᠣᠶᠣᠯ
2023-03-28

261

ᠲᠣᠬᠤᠨᠲᠡᠮᠦᠷ ᠤᠬᠠᠭᠠᠨᠲᠤ ᠬᠠᠭᠠᠨ - 6


                          ᠵᠢᠷᠭᠤᠳᠤᠭᠠᠷ ᠪᠦᠯᠦᠭ

               ᠭᠠᠪᠢᠶᠠᠲᠠᠨ ᠰᠠᠶ᠋ᠢᠳ ᠤ᠋ᠨ ᠦᠷᠡᠰ ᠊ᠢ ᠬᠡᠷᠡᠭᠯᠡᠵᠦ ᠰᠢᠨ᠎ᠡ ᠵᠠᠰᠠᠭ ᠊ᠢ ᠳᠡᠯᠭᠡᠷᠡᠭᠦᠯᠪᠡᠢ
               ᠭᠤᠷᠪᠠᠨ ᠲᠥᠷᠥ ᠶ᠋ᠢᠨ ᠲᠡᠦᠬᠡ ᠶ᠋ᠢ ᠲᠤᠭᠤᠷᠪᠢᠭᠤᠯᠵᠤ ᠤᠨᠤᠵᠤ ᠠᠯᠳᠠᠭᠰᠠᠨ ᠊ᠢ ᠲᠤᠩᠭᠠᠪᠠᠢ  

    ᠥᠭᠦᠯᠡᠬᠦ ᠢᠨᠤ ᠂  ᡁᠢ ᠱᠦᠨ ᠦ᠌ ᠳᠥᠷᠪᠡᠳᠦᠭᠡᠷ ᠣᠨ (1333 ᠣᠨ ) ᠳ᠋ᠤ᠌ ᠲᠣᠬᠣᠨᠲᠡᠮᠤᠷ ᠂ ᠲᠠᠶ᠋ᠢᠶᠤᠸᠠᠨ ᠤᠯᠤᠰ ᠤ᠋ᠨ  ᠤᠯᠤᠰ ᠲᠥᠷᠥ ᠶ᠋ᠢᠨ ᠭᠣᠯᠣᠮᠲᠠ ᠣᠷᠣᠨ ᠠᠯᠤᠰ ᠬᠣᠯᠠ ᠪᠠᠶ᠋ᠢᠭ᠎ᠠ ᠭᠤᠸᠠᠩᠰᠢ ᠶ᠋ᠢᠨ ᠵᠢᠩ ᠵᠢᠶᠠᠩ ᠠ᠋ᠴᠠ  ᠪᠤᠴᠠᠵᠤ ᠢᠷᠡᠭᠡᠳ ᠶᠡᠬᠡ ᠬᠠᠭᠠᠨ ᠤ᠋ ᠰᠠᠭᠤᠷᠢᠨ ᠊ᠢ ᠵᠠᠯᠭᠠᠮᠵᠢᠯᠠᠭᠰᠠᠨ ᠦᠶ᠎ᠡ ᠳ᠋ᠦ᠍ ᠠᠷᠪᠠᠨ ᠭᠤᠷᠪᠠ ᠳᠥᠷᠪᠡᠲᠡᠢ ᠪᠢᠴᠢᠬᠠᠨ ᠬᠡᠦᠬᠡᠳ ᠪᠠᠶ᠋ᠢᠭᠰᠠᠨ ᠲᠤᠯᠠ ᠮᠤᠨᠳᠠᠭ ᠶᠡᠬᠡ ᠲᠥᠷᠥ ᠵᠠᠰᠠᠭ ᠤ᠋ᠨ ᠡᠷᠬᠡ ᠶ᠋ᠢ ᠡᠵᠡᠮᠳᠡᠬᠦ ᠴᠢᠳᠠᠯ ᠦᠭᠡᠢ ᠪᠠᠶ᠋ᠢᠵᠠᠢ᠃ ᠡᠶ᠋ᠢᠨ ‍ᠬᠦ ᠲᠡᠭᠦᠨ ᠦ᠌ ᠨᠣᠶᠠᠷᠬᠠᠯ ᠤ᠋ᠨ ᠡᠬᠢᠨ ᠦ᠌ ᠦᠶ᠎ᠡ ᠳ᠋ᠦ᠍ ᠵᠠᠰᠠᠭ ᠲᠥᠷᠥ ᠶ᠋ᠢᠨ ᠪᠣᠳᠠᠲᠠᠢ ᠡᠷᠬᠡ  ᠪᠠᠶᠠᠨ ᠪᠣᠯᠤᠨ ᠪᠣᠲᠠᠰᠢᠷᠢ ᠶ᠋ᠢᠨ ᠭᠠᠷ ᠲᠤ᠌ ᠡᠵᠡᠮᠰᠢᠭᠳᠡᠭᠡᠳ ᠲᠡᠭᠦᠨ ᠦ᠌ ᠬᠠᠭᠠᠨ ᠣᠷᠣ ᠮᠠᠰᠢ ᠲᠣᠭᠲᠠᠪᠤᠷᠢ ᠦᠭᠡᠢ  ᠪᠠᠶ᠋ᠢᠪᠠ᠃ ᠭᠡᠪᠡᠴᠦ ᠬᠠᠭᠠᠨ ᠣᠷᠳᠣᠨ ᠤ᠋ ᠳᠣᠲᠣᠭᠠᠳᠤ ᠳ᠋ᠤ᠌ ᠲᠡᠭᠦᠨ ᠊ᠢ ᠬᠦᠷᠢᠶᠡᠯᠡᠨ ᠰᠢᠳᠤᠷᠭᠤ ᠪᠠᠷ ᠲᠤᠰᠠᠯᠠᠨ ᠳᠡᠮᠵᠢᠭᠰᠡᠨ ᠭᠠᠪᠢᠶᠠᠲᠠᠨ ᠰᠠᠶ᠋ᠢᠳ ᠰᠤᠷᠪᠤᠯᠵᠢᠲᠤ ᠤᠭᠰᠠᠭᠠᠨ ᠤ᠋ ᠦᠷ᠎ᠡ ᠬᠣᠶ᠋ᠢᠴᠢᠰ ᠡᠳᠦᠢ ᠲᠡᠳᠦᠢ ᠪᠠᠶ᠋ᠢᠭᠰᠠᠨ ᠠᠵᠤᠭᠤ ᠃ ᠡᠭᠦᠨ ᠳ᠋ᠦ᠍ ᠴᠢᠩᠭᠢᠰ ᠬᠠᠭᠠᠨ ᠤ᠋ ᠳᠥᠷᠪᠡᠨ ᠬᠦᠯᠦᠭ ᠪᠣᠭᠣᠷᠴᠤ ᠨᠣᠶᠠᠨ ᠤ᠋ ᠬᠣᠶ᠋ᠢᠴᠢᠰ ᠠᠷᠤᠭᠲᠤ ᠂ ᠮᠤᠬᠤᠯᠠᠢ ᠭᠤᠸ᠎ᠠ ᠸᠠᠩ ᠤ᠋ᠨ ᠬᠣᠶ᠋ᠢᠴᠢᠰ ᠲᠣᠷᠵᠢᠪᠠᠯ ᠵᠡᠷᠭᠡ ᠬᠥᠮᠦᠰ ᠊ᠢ ᠳᠤᠷᠠᠳᠴᠤ ᠪᠣᠯᠤᠮᠤᠢ᠃  ᠲᠣᠷᠵᠢᠪᠠᠯ ᠪᠣᠯ ᠮᠤᠬᠤᠯᠠᠢ ᠶ᠋ᠢᠨ ᠳᠣᠯᠣᠳᠤᠭᠠᠷ ᠦᠶ᠎ᠡ ᠶ᠋ᠢᠨ ᠬᠣᠶ᠋ᠢᠴᠢᠰ ᠠᠵᠤᠭᠤ᠃ ᠲᠡᠷᠡ ᠪᠠᠭ᠎ᠠ ᠠ᠋ᠴᠠ ᠪᠠᠨ ᠰᠡᠴᠡᠨ ᠰᠡᠷᠭᠦᠯᠡᠩ ᠂ ᠰᠤᠷᠬᠤᠢ ᠳ᠋ᠤᠷ ᠪᠠᠬᠠᠲᠠᠢ ᠂ ᠮᠣᠩᠭᠣᠯ ᠬᠢᠲᠠᠳ ᠪᠢᠴᠢᠭ ᠲᠦ᠍  ᠨᠡᠪᠲᠡᠷᠡᠵᠦ ᠂ ᠵᠠᠶᠠᠭᠠᠲᠤ ᠬᠠᠭᠠᠨ ᠤ᠋ ᠦᠶ᠎ᠡ  ᠳ᠋ᠦ᠍ ᠦᠢᠯᠡᠳᠬᠦ ᠶᠠᠪᠤᠳᠠᠯ ᠤ᠋ᠨ ᠶᠠᠮᠤᠨ ᠤ᠋ ᠢᠯᠭᠠᠭᠴᠢ ᠲᠦᠰᠢᠮᠡᠯ ᠪᠠᠶ᠋ᠢᠵᠠᠢ᠃ ᠶᠤᠸᠠᠨ ᠲᠦᠩ ᠦ᠋ᠨ ᠲᠡᠷᠢᠭᠦᠨ ᠣᠨ (1333 ᠣᠨ ) ᠳ᠋ᠤ᠌ ᠪᠠᠶ᠋ᠢᠴᠠᠭᠠᠨ ᠦᠵᠡᠭᠴᠢ  ᠲᠦᠰᠢᠮᠡᠯ ᠪᠣᠯᠪᠠ᠃ ᡁᠢ ᠵᠧᠩ ᠦ᠋ᠨ ᠲᠡᠷᠢᠭᠦᠨ ᠣᠨ  (1341 ᠣᠨ ) ᠳ᠋ᠤ᠌ ᠪᠢᠴᠢᠭ ᠦ᠋ᠨ ᠤᠳᠬᠠᠴᠢ ᠶ᠋ᠢᠨ ᠬᠦᠷᠢᠶᠡᠯᠡᠩ ᠦ᠋ᠨ ᠳᠡᠳ᠋ ᠰᠠᠶ᠋ᠢᠳ ᠢ᠋ᠶ᠋ᠠᠷ ᠲᠣᠮᠢᠯᠠᠭᠳᠠᠨ ᠬᠠᠭᠠᠨ ᠤ᠋ ᠰᠤᠳᠤᠷ ᠲᠡᠦᠬᠡ ᠲᠠᠶ᠋ᠢᠯᠪᠤᠷᠢᠯᠠᠭᠴᠢ ᠶ᠋ᠢᠨ ᠲᠤᠰᠢᠶᠠᠯ ᠬᠠᠷᠢᠭᠤᠴᠠᠪᠠ ᠃ ᠤᠳᠠᠯ ᠦᠭᠡᠢ ᠲᠥᠷᠥᠯ ᠦ᠋ᠨ ᠨᠣᠶᠠᠳ ᠤ᠋ᠨ ᠬᠡᠷᠡᠭ ᠊ᠢ ᠬᠠᠮᠢᠶᠠᠷᠬᠤ ᠶᠠᠮᠤᠨ ᠤ᠋ ᠶᠡᠬᠡ ᠵᠠᠷᠭᠤᠴᠢ ᠶ᠋ᠢᠨ ᠲᠤᠰᠢᠶᠠᠯ ᠊ᠢ ᠬᠠᠪᠰᠤᠷᠭᠠᠵᠤ ᠂ ᠠᠷᠪᠠᠨ ᠨᠢᠭᠡᠳᠦᠭᠡᠷ ᠣᠨ ᠳ᠋ᠤ᠌ ᠲᠥᠪ ᠪᠢᠴᠢᠭ ᠦ᠋ᠨ ᠮᠣᠵᠢ ᠶ᠋ᠢᠨ ᠫᠢᠩ ᠵᠠᠩ ᠵᠧᠩᠱᠶ᠋ ᠲᠦᠰᠢᠮᠡᠯ ᠪᠣᠯᠵᠠᠢ ᠃  ᠲᠡᠷᠡ ᠥᠪᠡᠷ ᠦ᠋ᠨ ᠲᠤᠰᠢᠶᠠᠯ ᠳ᠋ᠤ᠌ ᠪᠠᠨ ᠦᠨᠡᠨᠴᠢ ᠪᠡᠷ ᠵᠢᠳᠬᠦᠵᠦ ᠂ ᠤᠯᠤᠰ ᠲᠥᠷᠥ ᠶ᠋ᠢᠨ ᠲᠥᠯᠥᠭᠡ ᠨᠢᠭᠡᠨ ᠰᠡᠳᠬᠢᠯ ᠢ᠋ᠶ᠋ᠡᠷ ᠴᠢᠷᠮᠠᠶ᠋ᠢᠨ ᠨᠠᠰᠤᠨ ᠪᠠᠭ᠎ᠠ ᠲᠣᠬᠤᠨᠲᠡᠮᠦᠷ ᠬᠠᠭᠠᠨ ᠊ᠢ ᠰᠠᠢᠨ ᠳ᠋ᠤᠷ ᠳᠠᠭᠠᠭᠤᠯᠤᠨ ᠢᠳᠬᠠᠨ ᠬᠥᠮᠦᠵᠢᠭᠦᠯᠵᠦ ᠂ ᠲᠥᠷᠥ ᠤᠯᠤᠰ ᠊ᠢ ᠵᠠᠰᠠᠬᠤ ᠶᠣᠰᠣ ᠤᠴᠢᠷ ᠊ᠢ ᠵᠢᠭᠠᠨ ᠰᠤᠷᠭᠠᠪᠠ ᠃ ᠳᠣᠷᠵᠢᠪᠠᠯ ᠢ᠋ᠶ᠋ᠠᠷ ᠲᠣᠬᠤᠨᠲᠡᠮᠦᠷ ᠬᠠᠭᠠᠨ ᠳ᠋ᠤ᠌ ᠴᠠᠭ ᠤ᠋ᠨ ᠭᠡᠮ ᠊ᠢ ᠠᠷᠢᠯᠭᠠᠬᠤ ᠲᠠᠪᠤᠨ ᠵᠦᠢᠯ ᠦ᠋ᠨ ᠰᠠᠨᠠᠯ ᠳᠤᠷᠠᠳᠤᠯᠭ᠎ᠠ ᠶ᠋ᠢ ᠠᠶ᠋ᠢᠯᠠᠤᠠᠬᠠᠭᠰᠠᠨ ᠠᠨᠤ ᠄ 
     ᠨᠢᠭᠡ ᠂ ᠵᠠᠰᠠᠭ ᠲᠥᠷᠥ ᠶ᠋ᠢᠨ ᠶᠡᠬᠡ ᠦᠢᠯᠡ  ᠳ᠋ᠤᠷ ᠰᠡᠳᠬᠢᠯ ᠲᠠᠯᠪᠢᠨ ᠂ ᠡᠷᠡᠭᠦᠦ ᠴᠠᠭᠠᠵᠠ ᠶ᠋ᠢ ᠬᠤᠷᠴᠠ ᠪᠣᠯᠭᠠᠨ ᠰᠢᠳᠤᠷᠭᠤ ᠵᠢᠷᠤᠮ ᠊ᠢ ᠡᠷᠬᠢᠮᠯᠡᠨ ᠵᠢᠰᠤᠷ ᠵᠠᠯᠢᠬᠠᠢ  ᠶ᠋ᠢ ᠠᠯᠠᠭ᠎ᠠ ᠪᠣᠯᠭᠠᠬᠤ ᠃ 
     ᠬᠣᠶᠠᠷ ᠂ ᠪᠤᠷᠬᠠᠨ ᠲᠩᠷᠢ ᠳᠡᠭᠡᠳᠦ ᠶ᠋ᠢᠨ ᠰᠢᠲᠦᠭᠡᠨ ᠊ᠢ ᠴᠠᠭ ᠬᠤᠭᠤᠴᠠᠭ᠎ᠠ ᠲᠠᠢ ᠪᠠᠷ ᠳᠠᠬᠢᠵᠤ ᠲᠠᠪᠢᠭᠯᠠᠬᠤ ᠃
     ᠭᠤᠷᠪᠠ ᠂ ᠭᠠᠪᠢᠶᠠᠲᠠᠨ ᠰᠠᠶ᠋ᠢᠳ ᠰᠤᠷᠪᠤᠯᠵᠢᠲᠤ ᠤᠭᠰᠠᠭᠠᠨ ᠤ᠋ ᠦᠷ᠎ᠡ ᠠᠴᠢ ᠨᠠᠷ ᠠ᠋ᠴᠠ ᠲᠥᠪ ᠭᠣᠣᠯᠴᠢ ᠶ᠋ᠢ ᠰᠣᠩᠭᠣᠨ ᠡᠯᠰᠡᠵᠦ ᠴᠢᠬᠤᠯᠠ ᠲᠤᠰᠢᠶᠠᠯ ᠳ᠋ᠤ᠌ ᠡᠷᠭᠦᠨ ᠬᠡᠷᠡᠭᠯᠡᠬᠦ ᠃ 
     ᠳᠥᠷᠪᠡ ᠂ ᠲᠡᠷᠢᠭᠦᠯᠡᠭᠰᠡᠨ ᠰᠠᠶ᠋ᠢᠳ ᠊ᠢ ᠬᠦᠨᠳᠦᠳᠬᠡᠨ ᠬᠠᠶ᠋ᠢᠷᠠᠯᠠᠪᠠᠴᠤ ᠱᠠᠩᠨᠠᠯ ᠲᠣᠷᠭᠠᠭᠤᠯᠢ ᠶ᠋ᠢ ᠬᠤᠷᠴᠠ ᠴᠢᠩᠭ᠎ᠠ ᠪᠠᠶ᠋ᠢᠯᠭᠠᠬᠤ ᠬᠡᠷᠡᠭᠲᠡᠢ ᠂ ᠢᠩᠭᠢᠪᠡᠯ ᠢᠷᠭᠡᠨ ᠦ᠌ ᠰᠡᠳᠬᠢᠯ ᠳᠠᠭᠠᠮᠤᠢ ᠃ 
     ᠲᠠᠪᠤ ᠂ ᠬᠤᠯᠠᠭᠠᠢ ᠳᠡᠭᠡᠷᠡᠮ  ᠊ᠢ ᠠᠷᠢᠯᠭᠠᠵᠤ ᠂ ᠭᠠᠴᠢᠭᠳᠠᠵᠤ ᠲᠤᠯᠤᠭᠳᠠᠭᠰᠠᠳ  ᠊ᠢ ᠲᠤᠰᠠᠯᠠᠨ ᠲᠡᠳᠬᠦᠬᠦ ᠵᠡᠷᠭᠡ ᠪᠣᠯᠤᠨ᠎ᠠ ᠃ 
     ᠳᠣᠷᠵᠢᠪᠠᠯ ᠪᠠᠶ᠋ᠢᠴᠠᠭᠠᠨ ᠦᠵᠡᠭᠴᠢ ᠲᠦᠰᠢᠮᠡᠯ ᠪᠠᠶ᠋ᠢᠬᠰᠠᠨ ᠬᠤᠭᠤᠴᠠᠭᠠᠨ ᠳ᠋ᠤ᠌ ᠪᠠᠨ ᠲᠣᠬᠤᠨᠲᠡᠮᠦᠷ ᠬᠠᠭᠠᠨ ᠳ᠋ᠤ᠌ ᠪᠣᠳᠣᠷᠣᠣᠯ ᠪᠢᠴᠢᠭ ᠡᠷᠭᠦᠵᠦ ᠂ ᠾᠧᠪᠧᠢ ᠂ ᠱᠠᠨᠳᠦ᠋ᠩ ᠵᠡᠷᠭᠡ ᠭᠠᠵᠠᠷ ᠲᠤ᠌ ᠦᠶᠡᠷ ᠤᠰᠤᠨ ᠤ᠋ ᠭᠠᠮᠰᠢᠭ ᠪᠣᠯᠵᠤ ᠠᠷᠠᠳ ᠣᠯᠠᠨ ᠥᠯᠥᠰᠬᠦᠯᠡᠩ ᠭᠠᠴᠢᠭ ᠲᠤ᠌ ᠲᠤᠯᠭᠠᠷᠠᠭᠰᠠᠨ ᠊ᠢ ᠠᠪᠤᠷᠠᠨ ᠲᠡᠳᠬᠦᠬᠦ  ᠶ᠋ᠢ ᠠᠶ᠋ᠢᠯᠠᠤᠠᠬᠠᠪᠠ᠃ ᠲᠡᠷᠡ ᠪᠠᠰᠠ ᠣᠶ᠋ᠢᠷ᠎ᠠ ᠶ᠋ᠢᠨ ᠵᠢᠯ ᠳ᠋ᠦ᠍ ᠬᠠᠤᠯᠢ ᠴᠠᠭᠠᠵᠠ ᠴᠢᠩᠭ᠎ᠠ ᠪᠤᠰᠤ ᠂ ᠱᠠᠩᠨᠠᠯ ᠲᠣᠷᠭᠠᠭᠤᠯᠢ ᠲᠣᠳᠣᠷᠬᠠᠢ ᠦᠭᠡᠢ ᠂  ᠰᠠᠢᠨ ᠮᠠᠭᠤ ᠢᠯᠭᠠᠭᠳᠠᠬᠤ ᠦᠭᠡᠢ ᠪᠠᠶ᠋ᠢᠬ᠋᠎ᠠ ᠪᠠᠶ᠋ᠢᠲᠠᠯ ᠊ᠢ ᠬᠠᠭᠠᠨ ᠳ᠋ᠤ᠌ ᠠᠶ᠋ᠢᠯᠠᠤᠠᠬᠠᠬᠤ ᠶ᠋ᠢᠨ ᠬᠠᠮᠲᠤ ᠤᠯᠤᠰ ᠦ᠋ᠨ ᠡᠳ᠋ ᠠᠭᠤᠷᠠᠰᠤᠨ ᠠᠷᠠᠳ ᠣᠯᠠᠨ ᠤ᠋ ᠬᠠᠲᠠᠭᠤᠵᠢᠯᠲᠠᠢ ᠬᠥᠳᠡᠯᠮᠦᠷᠢᠯᠡᠨ ᠵᠣᠪᠠᠭᠤᠷᠢ ᠵᠦᠳᠡᠭᠦᠷᠢ ᠪᠡᠷ ᠰᠣᠯᠢᠵᠤ  ᠢᠷᠡᠭᠰᠡᠨ ᠲᠤᠯᠠ ᠢᠵᠠᠭᠤᠷᠲᠠᠨ ᠨᠣᠶᠠᠳ ᠂ ᠰᠠᠶ᠋ᠢᠳ ᠲᠦᠰᠢᠮᠡᠳ ᠠᠷᠪᠢᠯᠠᠨ ᠭᠠᠮᠨᠠᠬᠤ ᠪᠠ ᠭᠠᠴᠢᠭᠳᠠᠵᠤ ᠲᠤᠯᠤᠭᠳᠠᠭᠰᠠᠳ ᠊ᠢ ᠲᠤᠰᠠᠯᠠᠨ ᠲᠡᠳᠬᠦᠬᠦ ᠶ᠋ᠢ ᠰᠠᠨᠠᠭᠤᠯᠪᠠ ᠃ ᠡᠭᠦᠨ ᠳ᠋ᠦ᠍ ᠄ 
     ᠨᠢᠭᠡᠳᠦᠭᠡᠷ ᠲᠦ᠍ ᠂ ᠬᠠᠭᠠᠨ ᠵᠠᠷᠯᠢᠭ ᠪᠠᠭᠤᠯᠭᠠᠵᠤ ᠲᠥᠪ ᠪᠢᠴᠢᠭ ᠦ᠋ᠨ ᠮᠣᠵᠢ ᠠ᠋ᠴᠠ ᠬᠣᠶᠠᠷ ᠲᠦᠰᠢᠮᠡᠯ ᠲᠣᠮᠢᠯᠠᠨ ᠦᠢᠯᠡᠳᠬᠦ ᠶᠠᠪᠤᠳᠠᠯ ᠤ᠋ᠨ ᠶᠠᠮᠤᠨ ᠳ᠋ᠤ᠌ ᠬᠢᠨᠠᠯᠲᠠ ᠲᠠᠯᠪᠢᠨ ᠠᠯᠢᠪᠠ ᠴᠢᠬᠤᠯᠠ ᠪᠤᠰᠤ ᠪᠠᠷᠢᠯᠭ᠎ᠠ ᠶ᠋ᠢᠨ ᠠᠵᠢᠯ ᠊ᠢ ᠵᠣᠭᠰᠣᠭᠠᠬᠤ ᠃ 
     ᠬᠣᠶᠠᠳᠤᠭᠠᠷ ᠲᠤ᠌ ᠂ ᠵᠦᠢᠯ ᠪᠦᠷᠢ ᠶ᠋ᠢᠨ ᠨᠡᠷ᠎ᠡ ᠨᠡᠷᠡᠮᠵᠢ ᠪᠡᠷ ᠱᠠᠩ ᠬᠡᠰᠢᠭ ᠥᠭᠬᠦ ᠶ᠋ᠢ ᠪᠠᠶ᠋ᠢᠯᠭᠠᠵᠤ ᠂ ᠪᠤᠷᠬᠠᠨ ᠱᠠᠰᠢᠨ ᠤ᠋ ᠬᠤᠷᠠᠯ ᠨᠣᠮ ᠳ᠋ᠤ᠌ ᠬᠡᠷᠡᠭᠯᠡᠬᠦ ᠵᠠᠷᠤᠳᠠᠯ ᠊ᠢ ᠠᠷᠪᠢᠯᠠᠬᠤ ᠃  
     ᠭᠤᠷᠪᠠᠳᠤᠭᠠᠷ ᠲᠤ᠌ ᠂ ᠠᠯᠪᠠᠨ ᠶᠠᠮᠤᠨ ᠤ᠋ ᠨᠣᠶᠠᠳ ᠲᠦᠰᠢᠮᠡᠳ ᠊ᠢ ᠴᠣᠮᠬᠠᠳᠬᠠᠨ ᠴᠡᠭᠴᠡᠯᠡᠬᠦ᠃     
     ᠳᠥᠷᠪᠡᠳᠦᠭᠡᠷ ᠲᠦ᠍ ᠂ ᠠᠯᠪᠠᠨ ᠤ᠋ ᠭᠠᠵᠠᠷ ᠲᠠᠷᠢᠶ᠎ᠠ ᠶ᠋ᠢ ᠲᠡᠭᠰᠢᠯᠡᠬᠦ ᠳᠦᠷᠢᠮ ᠊ᠢ ᠬᠡᠷᠡᠭᠵᠢᠭᠦᠯᠬᠦ ᠃   
     ᠲᠠᠪᠤᠳᠤᠭᠠᠷ ᠲᠤ᠌ ᠂ ᠲᠡᠮᠦᠷᠯᠢᠭ ᠵᠣᠭᠣᠰ ᠴᠢᠳᠬᠤᠵᠤ ᠲᠠᠷᠬᠠᠭᠠᠬᠤ ᠃  
     ᠵᠢᠷᠭᠤᠳᠤᠭᠠᠷ ᠲᠤ᠌ ᠂ ᠱᠠᠨᠳᠦ᠋ᠩ ᠦ᠋ᠨ ᠲᠠᠷᠢᠶᠠᠨ ᠲᠦᠷᠢᠶᠡᠰᠦ ᠬᠤᠷᠢᠶᠠᠬᠤ ᠶᠠᠮᠤᠨ ᠊ᠢ ᠬᠠᠰᠤᠵᠤ ᠂ ᠾᠧᠨᠠᠨ ᠤ᠋ ᠥᠪᠡᠷ ᠢ᠋ᠶ᠋ᠡᠨ ᠮᠡᠳᠡᠭᠦᠯᠦᠭᠰᠡᠨ ᠲᠠᠷᠢᠶᠠᠨ ᠲᠦᠷᠢᠶᠡᠰᠦ ᠶ᠋ᠢ ᠬᠡᠯᠲᠦᠷᠢᠭᠦᠯᠬᠦ ᠃ 
     ᠳᠣᠯᠣᠳᠤᠭᠠᠷ ᠲᠤ᠌ ᠂ ᠲᠥᠷᠥᠯ ᠦ᠋ᠨ ᠨᠣᠶᠠᠳ ᠰᠠᠶ᠋ᠢᠳ ᠲᠦᠰᠢᠮᠡᠳ ᠤᠯᠤᠰ ᠤ᠋ᠨ ᠭᠠᠳᠠᠨ᠎ᠠ ᠠ᠋ᠴᠠ ᠬᠠᠲᠤᠨ ᠲᠠᠲᠠᠪᠤᠷᠢ ᠠᠪᠬᠤ ᠶ᠋ᠢ ᠴᠠᠭᠠᠵᠠᠯᠠᠬᠤ ᠵᠡᠷᠭᠡ ᠪᠣᠯᠤᠨ᠎ᠠ ᠃ 
     ᠲᠣᠬᠣᠨᠲᠡᠮᠤᠷ ᠬᠠᠭᠠᠨ ᠢ᠋ᠶ᠋ᠠᠷ ᠳᠤᠷᠵᠢᠪᠠᠯ ᠤ᠋ᠨ ᠭᠠᠷᠭᠠᠭᠰᠠᠨ ᠡᠳᠡᠭᠡᠷ ᠰᠠᠨᠠᠯ ᠵᠥᠪᠯᠡᠯᠭᠡ ᠡᠴᠡ ᠠᠯᠪᠠᠨ ᠶᠠᠮᠤᠨ ᠤ᠋ ᠨᠣᠶᠠᠳ ᠲᠦᠰᠢᠮᠡᠳ ᠊ᠢ ᠴᠣᠮᠬᠠᠳᠬᠠᠨ ᠴᠡᠭᠴᠡᠯᠡᠬᠦ ᠂ ᠲᠠᠷᠢᠶᠠᠨ ᠲᠦᠷᠢᠶᠡᠰᠦ ᠭᠠᠶ᠋ᠢᠯᠢ ᠭᠤᠪᠴᠢᠭᠤᠷ ᠊ᠢ ᠬᠥᠩᠭᠡᠯᠡᠵᠦ ᠬᠡᠯᠲᠦᠷᠢᠭᠦᠯᠬᠦ ᠵᠡᠷᠭᠡ ᠰᠠᠨᠠᠭᠤᠯᠭ᠎ᠠ ᠶ᠋ᠢ ᠠᠪᠴᠤ ᠠᠷᠠᠳ ᠣᠯᠠᠨ ᠤ᠋ ᠠᠵᠤ ᠠᠬᠤᠢ ᠶ᠋ᠢᠨ ᠡᠭᠦᠷᠭᠡ ᠳᠠᠷᠤᠭᠠᠰᠤ ᠶ᠋ᠢ ᠵᠣᠬᠢᠬᠤ ᠬᠡᠮᠵᠢᠶ᠎ᠡ ᠪᠡᠷ  ᠬᠥᠩᠭᠡᠷᠡᠭᠦᠯᠦᠭᠰᠡᠨ ᠪᠠᠶ᠋ᠢᠪᠠ ᠃  
     ᠨᠢᠭᠡᠨ ᠤᠳᠠᠭ᠎ᠠ ᠲᠣᠬᠤᠨᠲᠡᠮᠦᠷ ᠬᠠᠭᠠᠨ ᠯᠢᠤᠯᠢᠨ ᠤ᠋ ᠭᠠᠵᠠᠷ ᠠᠪᠠᠯᠠᠷ᠎ᠠ ᠣᠳᠬᠤ ᠬᠡᠮᠡᠭᠰᠡᠨ᠎ᠡ ᠳᠣᠷᠵᠢᠪᠠᠯ ᠢᠳᠬᠠᠵᠤ ᠠᠶ᠋ᠢᠯᠠᠤᠠᠬᠠᠷᠤᠨ ᠄ 《 ᠡᠵᠡᠨ ᠡᠳᠦᠭᠡ ᠬᠠᠷᠠᠬᠠᠨ ᠨᠠᠰᠤᠨ ᠵᠠᠯᠠᠭᠤ ᠴᠠᠭ ᠪᠦᠬᠦᠢ ᠶ᠋ᠢᠨ ᠲᠤᠯᠠ ᠳᠡᠭᠡᠳᠦ ᠶ᠋ᠢᠨ ᠲᠤᠰᠢᠶᠠᠭᠰᠠᠨ ᠬᠦᠨᠳᠦ ᠦᠢᠯᠡ ᠶ᠋ᠢ ᠰᠠᠨᠠᠵᠤ ᠳᠡᠯᠡᠬᠡᠢ ᠳ᠋ᠠᠬᠢᠨ ᠊ᠢ ᠮᠠᠰᠢᠳᠠ ᠡᠩᠬᠡᠵᠢᠭᠦᠯᠪᠡᠰᠦ   ᠵᠣᠬᠢᠮᠤᠢ ᠃ ᠣᠶ᠋ᠢᠷᠠᠬᠢ ᠭᠠᠵᠠᠷ ᠤ᠋ᠨ ᠢᠷᠭᠡᠳ ᠠᠯᠪᠠᠨ ᠳ᠋ᠤᠷ ᠵᠣᠪᠠᠬᠤ ᠪᠥᠭᠡᠳ ᠪᠠᠰᠠ ᠲᠠᠷᠢᠶᠠᠯᠠᠩ ᠦᠢᠯᠡᠳᠬᠦ ᠴᠠᠭ ᠲᠤᠯᠠ ᠢᠷᠭᠡᠨ ᠊ᠢ ᠦᠢᠮᠡᠭᠦᠯᠵᠦ ᠲᠠᠷᠢᠶᠠᠨ ᠊ᠢ ᠰᠦᠢᠳᠬᠡᠬᠦ ᠪᠣᠯᠤᠭᠤᠵᠠᠢ ᠃ ᠨᠥᠬᠥᠭᠡ ᠳ᠋ᠦ᠍ᠷ ᠬᠠᠭᠠᠨ ᠤ᠋ ᠪᠡᠶ᠎ᠡ ᠮᠦᠯᠰᠦᠨ  ᠴᠠᠰᠤᠨ ᠭᠠᠵᠠᠷ᠎ᠠ  ᠠᠪᠠᠯᠠᠵᠤ ᠳᠣᠪᠲᠣᠯᠤᠨ ᠬᠡᠷᠪᠡ ᠪᠦᠳᠦᠷᠢᠵᠦ ᠬᠠᠯᠲᠤᠷᠢᠬᠤ ᠵᠡᠷᠭᠡ ᠶ᠋ᠢᠨ ᠤᠴᠢᠷ ᠭᠠᠷᠪᠠᠰᠤ ᠬᠡᠷᠬᠢᠮᠦᠢ 》 ᠬᠡᠮᠡᠭᠰᠡᠨ ᠳ᠋ᠦ᠍ᠷ ᠲᠣᠬᠤᠨᠲᠡᠮᠦᠷ ᠬᠠᠭᠠᠨ ᠵᠥᠪᠰᠢᠶᠡᠷᠡᠵᠦ ᠠᠪᠠᠯᠠᠬᠤᠢ ᠪᠠᠨ ᠵᠣᠭᠰᠣᠨ ᠲᠠᠷᠢᠶᠠᠨ ᠠᠵᠢᠯ ᠊ᠢ ᠰᠠᠭᠠᠳ ᠬᠢᠬᠦ ᠠᠯᠢᠪᠠ  ᠠᠵᠢᠯᠯᠠᠭ᠎ᠠ ᠶ᠋ᠢ ᠪᠦᠷ ᠬᠣᠷᠢᠭᠯᠠᠪᠠ ᠃ 
     ᠠᠷᠤᠭᠲᠤ ᠪᠣᠯ ᠪᠣᠭᠣᠷᠴᠤ ᠶ᠋ᠢᠨ ᠳᠥᠷᠪᠡᠳᠦᠭᠡᠷ ᠦᠶ᠎ᠡ ᠶ᠋ᠢᠨ ᠣᠮᠪᠣᠯᠣ ᠠᠵᠤᠭᠤ ᠃ ᠬᠡᠰᠢᠭ ᠦ᠋ᠨ ᠨᠣᠶᠠᠨ ᠪᠠᠶ᠋ᠢᠬᠰᠠᠨ ᠠ᠋ᠴᠠ ᠪᠠᠨ ᠪᠢᠴᠢᠭ ᠦ᠋ᠨ ᠤᠳᠬᠠᠴᠢ ᠶ᠋ᠢᠨ ᠡᠷᠭᠢᠨ ᠰᠠᠶ᠋ᠢᠳ ᠂ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠮᠡᠳᠡᠭᠴᠢ ᠪᠣᠯᠪᠠ ᠃ ᡁᠢ ᠶᠤᠸᠠᠨ ᠤ᠋ ᠭᠤᠷᠪᠠᠳᠤᠭᠠᠷ ᠣᠨ (1337 ᠣᠨ ) ᠳ᠋ᠤ᠌ ᠭᠤᠸᠠᠩ ᠫᠢᠩ ᠸᠠᠩ ᠤ᠋ᠨ ᠬᠡᠷᠬᠡᠮ ᠊ᠢ ᠵᠠᠯᠭᠠᠮᠵᠢᠯᠠᠪᠠ ᠃ ᠳᠠᠷᠠᠭ᠎ᠠ ᠵᠢᠯ ᠦ᠋ᠨ ᠲᠠᠪᠤᠳᠤᠭᠠᠷ ᠰᠠᠷ᠎ᠠ ᠳ᠋ᠤ᠌ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠪᠥᠭᠡᠳ ᠤᠯᠤᠰ ᠤ᠋ᠨ ᠰᠤᠳᠤᠷ ᠲᠡᠦᠬᠡ ᠶ᠋ᠢ ᠦᠵᠡᠵᠦ ᠦᠢᠯᠡᠳᠦᠭᠦᠯᠬᠦ ᠪᠦᠭᠦᠳᠡ ᠶ᠋ᠢ ᠵᠠᠬᠢᠷᠬᠤ ᠲᠦᠰᠢᠮᠡᠯ ᠪᠣᠯᠵᠤ ᠲᠣᠭᠲᠤᠬ᠋᠎ᠠ ᠶ᠋ᠢ ᠣᠷᠣᠯᠠᠨ ᠰᠥᠩ ᠤᠯᠤᠰ ᠂ ᠯᠢᠶᠣᠤ ᠤᠯᠤᠰ ᠂ ᠠᠯᠲᠠᠨ ᠤᠯᠤᠰ ᠤ᠋ᠨ ᠲᠡᠦᠬᠡ ᠶ᠋ᠢ ᠲᠤᠭᠤᠷᠪᠢᠨ ᠪᠢᠴᠢᠬᠦ ᠠᠵᠢᠯ ᠊ᠢ ᠡᠷᠬᠢᠯᠡᠭᠰᠡᠨ ᠪᠠᠶ᠋ᠢᠪᠠ ᠃ 
     ᠠᠷᠤᠭᠲᠤ ᠶ᠋ᠢᠨ ᠵᠠᠩ ᠠᠷᠠᠨᠰᠢᠨ ᠠᠨᠤ ᠡᠶᠡᠯᠳᠡᠭ ᠵᠥᠭᠡᠯᠡᠨ ᠂ ᠠᠰᠪᠤᠷ ᠴᠠᠭᠠᠪᠤᠷ ᠂ ᠲᠥᠪ ᠭᠣᠣᠯᠴᠢ ᠂ ᠣᠯᠠᠨ ᠲᠠᠢ ᠬᠠᠮᠵᠢᠯᠴᠠᠨ ᠠᠵᠢᠯᠯᠠᠬᠤ ᠳ᠋ᠤ᠌ ᠴᠢᠳᠠᠮᠠᠭᠠᠢ ᠂ ᠡᠭᠦᠷᠭᠡ ᠲᠤᠰᠢᠶᠠᠯ ᠳ᠋ᠤ᠌ ᠪᠠᠨ ᠬᠠᠷᠢᠭᠤᠴᠠᠯᠭ᠎ᠠ ᠲᠠᠢ ᠂ ᠬᠠᠤᠯᠢ ᠶᠣᠰᠣ ᠪᠠᠷ ᠠᠵᠢᠯᠯᠠᠳᠠᠭ ᠬᠥᠮᠦᠨ ᠊ᠢ ᠡᠷᠭᠦᠨ ᠬᠡᠷᠡᠭᠯᠡᠬᠦ ᠶ᠋ᠢ ᠴᠢᠬᠤᠯᠠᠴᠢᠯᠠᠳᠠᠭ ᠠᠵᠤᠭᠤ ᠃ 
     ᠨᠢᠭᠡ ᠤᠳᠠᠭ᠎ᠠ ᠂ ᠠᠷᠤᠭᠲᠤ ᠰᠢᠭᠦᠬᠦ ᠶᠠᠪᠤᠳᠠᠯ ᠤ᠋ᠨ ᠶᠠᠮᠤᠨ ᠤ᠋ ᠱᠠᠩᠱᠦ ᠲᠦᠰᠢᠮᠡᠯ ᠊ᠢ ᠪᠡᠶ᠎ᠡ ᠢᠨᠦ ᠰᠤᠯᠠ ᠵᠥᠭᠡᠯᠡᠨ ᠨᠢᠭᠡᠨ ᠬᠥᠮᠦᠨ ᠊ᠢ  ᠰᠣᠩᠭᠣᠨ ᠬᠡᠷᠡᠭᠯᠡᠬᠦ ᠲᠤᠬᠠᠢ ᠬᠠᠮᠲᠤ ᠠᠵᠢᠯᠯᠠᠬᠤ ᠲᠦᠰᠢᠮᠡᠳ ᠯᠤᠭᠡ ᠪᠡᠨ ᠵᠥᠪᠳᠡᠪᠡᠰᠦ ᠵᠠᠷᠢᠮ ᠠᠨᠤ ᠥᠭᠦᠯᠡᠷᠦᠨ ᠄ 《 ᠡᠨᠡ ᠬᠥᠮᠦᠨ ᠦ᠌ ᠪᠡᠶ᠎ᠡ ᠬᠠᠲᠠᠩᠭᠢᠷ ᠪᠠᠭ᠎ᠠ ᠲᠤᠯᠠ ᠰᠢᠭᠦᠬᠦ ᠶᠠᠪᠤᠳᠠᠯ ᠤ᠋ᠨ ᠶᠠᠮᠤᠨ ᠳ᠋ᠤᠷ ᠬᠡᠷᠡᠭᠯᠡᠵᠦ ᠦᠯᠦ ᠵᠣᠬᠢᠮᠤᠢ 》 ᠬᠡᠮᠡᠭᠰᠡᠨ᠎ᠡ ᠠᠷᠤᠭᠲᠤ ᠥᠭᠦᠯᠡᠷᠦᠨ ᠄ 《 ᠲᠡᠶ᠋ᠢᠨ ᠪᠥᠭᠡᠰᠦ ᠬᠥᠮᠦᠨ ᠠᠯᠠᠬᠤ ᠬᠥᠮᠦᠨ ᠊ᠢ ᠰᠣᠩᠭᠣᠮᠤ ! ᠬᠡᠷᠪᠡ ᠡᠶ᠋ᠢᠮᠦ ᠬᠥᠮᠦᠨ ᠊ᠢ ᠰᠣᠩᠭᠣᠬᠤ ᠪᠣᠯᠪᠠᠰᠤ ᠰᠠᠶᠢ ᠬᠤᠷᠴᠠ ᠲᠦᠷᠢᠮᠡᠬᠡᠢ ᠬᠥᠮᠦᠨ ᠊ᠢ ᠬᠡᠷᠡᠭᠯᠡᠮᠦᠢ ᠃ ᠱᠠᠩᠱᠦ ᠲᠦᠰᠢᠮᠡᠯ ᠬᠡᠮᠡᠭᠴᠢ ᠰᠢᠭᠦᠬᠦ ᠬᠡᠷᠡᠭ ᠊ᠢ ᠨᠠᠷᠢᠪᠴᠢᠯᠠᠨ ᠬᠢᠨᠠᠵᠤ ᠂ ᠬᠥᠮᠦᠨ ᠊ᠢ ᠦᠯᠦ ᠮᠤᠰᠭᠢᠬᠲᠠᠭᠤᠯᠣᠨ ᠂ ᠬᠠᠤᠯᠢ ᠴᠠᠭᠠᠵᠠ ᠶ᠋ᠢ ᠡᠰᠡ ᠡᠪᠳᠡᠪᠡᠰᠦ ᠰᠢᠳᠤᠷᠭᠤ ᠰᠠᠢᠨ ᠲᠦᠰᠢᠮᠡᠯ ᠮᠥᠨ ᠪᠣᠯᠠᠢ ᠃ ᠡᠭᠦᠨ ᠳ᠋ᠦ᠍ᠷ ᠬᠤᠷᠴᠠ ᠲᠦᠷᠢᠮᠡᠬᠡᠢ ᠠᠷᠠᠳ ᠊ᠢ ᠰᠣᠩᠭᠣᠬᠤ ᠶᠠᠭᠤᠨ ᠬᠡᠷᠡᠭ 》 ᠬᠡᠮᠡᠪᠡ ᠃ ᠣᠯᠠᠨ ᠢ᠋ᠶ᠋ᠠᠷ ᠢ᠋ᠶ᠋ᠠᠨ ᠲᠡᠭᠦᠨ ᠦ᠌ ᠦᠭᠡ ᠶ᠋ᠢ ᠰᠣᠨᠣᠰᠤᠭᠠᠳ ᠵᠦᠢ ᠶᠣᠰᠣᠨ ᠳ᠋ᠤ᠌ ᠮᠠᠰᠢ ᠨᠡᠶ᠋ᠢᠴᠡᠬᠦ ᠲᠤᠯᠠ ᠦᠨᠡᠨ ᠰᠡᠳᠬᠢᠯ ᠡᠴᠡ ᠪᠡᠨ ᠪᠢᠰᠢᠷᠡᠨ ᠳᠠᠭᠠᠪᠠ ᠃  
     ᠲᠣᠬᠤᠨᠲᠡᠮᠦᠷ ᠬᠠᠭᠠᠨ ᠵᠠᠷᠯᠢᠭ ᠪᠠᠭᠤᠯᠭᠠᠵᠤ ᠳᠡᠯᠭᠡᠷᠡᠩᠭᠦᠢ ᠲᠣᠬᠣᠨᠢᠭᠤᠯᠬᠤ ᠬᠡᠯᠲᠡᠰ ᠦ᠋ᠨ ᠲᠦᠰᠢᠮᠡᠳ ᠊ᠢ ᠪᠦᠬᠦ ᠤᠯᠤᠰ ᠤ᠋ᠨ ᠡᠯ᠎ᠡ ᠭᠠᠵᠠᠷ ᠲᠤ᠌ ᠬᠤᠪᠢᠶᠠᠨ ᠢᠯᠡᠭᠡᠵᠦ ᠲᠤᠬᠠᠢ ᠶ᠋ᠢᠨ ᠭᠠᠵᠠᠷ ᠤ᠋ᠨ ᠪᠠᠶ᠋ᠢᠲᠠᠯ ᠊ᠢ ᠪᠠᠶ᠋ᠢᠴᠠᠭᠠᠵᠤ ᠠᠷᠠᠳ ᠢᠷᠭᠡᠳ ᠦ᠋ᠨ ᠬᠦᠴᠢᠷ ᠵᠣᠪᠠᠯᠠᠩ ᠊ᠢ ᠰᠤᠷᠪᠤᠯᠵᠢᠯᠠᠭᠤᠯᠤᠨ ᠲᠣᠬᠣᠨᠢᠭᠤᠯᠪᠠ ᠃ ᠪᠠᠰᠠ ᠴᠢᠳᠠᠪᠤᠷᠢᠲᠠᠨ ᠮᠡᠷᠭᠡᠳ ᠊ᠢ ᠡᠷᠢᠵᠦ ᠰᠤᠷᠪᠤᠯᠵᠢᠯᠠᠨ ᠡᠷᠭᠦᠨ ᠬᠡᠷᠡᠭᠯᠡᠬᠦ ᠶ᠋ᠢ ᠵᠠᠬᠢᠪᠠ ᠃ ᠠᠷᠤᠭᠲᠤ ᠂ ᠳᠣᠷᠣᠭᠰᠢ ᠢᠯᠡᠭᠡᠭᠰᠡᠨ ᠲᠦᠰᠢᠮᠡᠳ ᠲᠣᠷ ᠬᠠᠭᠠᠨ ᠤ᠋ ᠰᠠᠨᠠᠭ᠎ᠠ ᠵᠣᠷᠢᠯᠲᠠ ᠶ᠋ᠢ ᠤᠯᠠᠮᠵᠢᠯᠠᠨ ᠦᠭᠦᠯᠡᠭᠰᠡᠨ ᠢᠨᠦ ᠄ 《 ᠲᠠ ᠨᠠᠷ ᠲᠤᠰ ᠭᠠᠵᠠᠷ ᠤ᠋ᠨ ᠠᠷᠠᠳ ᠢᠷᠭᠡᠳ ᠯᠤᠭᠡ ᠶ᠋ᠢᠨ ᠬᠠᠷᠢᠴᠠᠭ᠎ᠠ ᠪᠣᠯᠪᠠᠰᠤ ᠬᠣᠨᠢᠴᠢᠨ ᠪᠣᠯᠤᠨ ᠬᠣᠨᠢᠨ ᠰᠦᠷᠦᠭ ᠯᠤᠭᠡ ᠶ᠋ᠢᠨ ᠬᠠᠷᠢᠴᠠᠭ᠎ᠠ ᠯᠤᠭ᠎ᠠ ᠠᠳᠠᠯᠢ ᠪᠤᠶᠤ ᠃ ᠬᠣᠨᠢᠴᠢᠨ ᠬᠥᠮᠦᠨ ᠦ᠌ ᠡᠭᠦᠷᠭᠡ ᠪᠣᠯᠪᠠᠰᠤ ᠬᠣᠨᠢᠳ ᠢ᠋ᠶ᠋ᠠᠨ ᠰᠠᠶ᠋ᠢᠲᠤᠷ ᠠᠷᠠᠴᠢᠯᠠᠨ ᠲᠠᠷᠭᠤ ᠬᠦᠴᠦᠲᠡᠢ ᠪᠣᠯᠭᠠᠬᠤ ᠳ᠋ᠤ᠌ ᠪᠣᠢ ᠃ ᠡᠯ᠎ᠡ ᠭᠠᠵᠠᠷ ᠤ᠋ᠨ ᠨᠣᠶᠠᠳ ᠲᠦᠰᠢᠮᠡᠳ ᠪᠣᠯᠪᠠᠰᠤ ᠬᠡᠷᠡᠭ ᠳᠡᠭᠡᠷ᠎ᠡ ᠪᠡᠨ ᠬᠠᠭᠠᠨ ᠊ᠢ ᠣᠷᠣᠯᠠᠨ ᠲᠤᠰ ᠭᠠᠵᠠᠷ ᠤ᠋ᠨ ᠠᠷᠠᠳ ᠢᠷᠭᠡᠳ ᠊ᠢ ᠵᠠᠬᠢᠷᠴᠤ ᠪᠠᠶ᠋ᠢᠬ᠋᠎ᠠ ᠠᠵᠤᠭᠤ ᠃ ᠲᠠ ᠨᠠᠷ ᠤ᠋ᠨ ᠡᠭᠦᠷᠭᠡ ᠲᠤᠰᠢᠶᠠᠯ ᠪᠣᠯᠪᠠᠰᠤ ᠠᠷᠠᠳ ᠢᠷᠭᠡᠳ ᠊ᠢ ᠥᠯᠦᠰᠬᠡᠵᠦ ᠲᠠᠭᠠᠷᠠᠭᠤᠯᠬᠤ ᠦᠭᠡᠢ ᠠᠮᠤᠷ ᠵᠢᠮᠤᠷ ᠠᠮᠢᠳᠤᠷᠠᠭᠤᠯᠬᠤ ᠳ᠋ᠤ᠌ ᠣᠷᠣᠰᠢᠮᠤᠢ ᠃ ᠲᠠ ᠨᠠᠷ ᠡᠶ᠋ᠢᠮᠦ ᠪᠣᠯᠪᠠᠰᠤ ᠪᠦᠷ ᠲᠤᠰᠢᠶᠠᠯ ᠵᠡᠷᠭᠡ ᠳ᠋ᠦ᠍ ᠪᠡᠨ ᠲᠡᠩᠴᠡᠭᠰᠡᠨ ᠰᠠᠢᠨ ᠨᠣᠶᠠᠳ ᠲᠦᠰᠢᠮᠡᠳ ᠪᠣᠯᠤᠮᠤᠢ 》 ᠬᠡᠮᠡᠪᠡ ᠃ 

     ᠪᠡᠷᠬᠡᠪᠤᠬ᠎ᠠ ᠪᠣᠯᠪᠠᠰᠤ ᠡᠯᠵᠢᠭᠡᠨ ᠣᠪᠣᠭᠲᠤ ᠴᠢᠩᠰᠠᠩ ᠠᠬᠤᠲᠠᠢ ᠶ᠋ᠢᠨ ᠬᠥᠪᠡᠭᠦᠨ ᠪᠣᠯᠤᠮᠤᠢ ᠃ ᠵᠠᠯᠠᠭᠤ ᠪᠠᠭ᠎ᠠ  ᠨᠠᠰᠤᠨ᠎ᠠ ᠲᠣᠬᠣᠨᠲᠡᠮᠦᠷ ᠦ᠋ᠨ ᠡᠴᠢᠭᠡ  ᠬᠣᠱ᠌ᠢᠯᠨ ( ᠬᠤᠲᠤᠭᠲᠤ ᠬᠠᠭᠠᠨ ) ᠤ᠋ ᠣᠷᠳᠣᠨ ᠳ᠋ᠤ᠌ ᠦᠢᠯᠡᠴᠢᠯᠡᠵᠦ ᠪᠠᠶ᠋ᠢᠵᠠᠢ ᠃ ᠰᠡᠭᠦᠯᠡᠷ ᠨᠢ ᠤᠯᠤᠰ ᠤ᠋ᠨ ᠬᠥᠪᠡᠭᠦᠳ ᠊ᠢ ᠬᠥᠮᠦᠵᠢᠭᠦᠯᠬᠦ ᠶᠠᠮᠤᠨ ᠳ᠋ᠤ᠌ ᠣᠷᠣᠵᠤ ᠰᠤᠷᠤᠭᠠᠳ ᠰᠣᠲᠢᠪᠠᠯᠠ ᠭᠡᠭᠡᠨ ᠬᠠᠭᠠᠨ ᠤ᠋ ᠦᠶ᠎ᠡ ᠳ᠋ᠦ᠍ ᠬᠣᠯᠠᠳᠠᠬᠢᠨ ᠊ᠢ ᠢᠯᠪᠢᠨ ᠳᠠᠭᠠᠭᠤᠯᠬᠤ ᠶᠡᠬᠡ ᠵᠠᠩᠵᠤᠨ ᠪᠣᠯᠵᠠᠢ ᠃ ᡁᠢ ᠵᠧᠩ ᠦ᠋ᠨ ᠳᠥᠷᠪᠡᠳᠦᠭᠡᠷ ᠣᠨ (1334 ᠣᠨ ) ᠳ᠋ᠤ᠌ ᠲᠥᠪ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠤ᠋ᠨ ᠲᠤᠰᠢᠶᠠᠯ ᠳ᠋ᠤ᠌ ᠳᠠᠪᠰᠢᠪᠠ ᠃ ᠲᠣᠬᠤᠨᠲᠡᠮᠦᠷ ᠬᠠᠭᠠᠨ ᠲᠡᠭᠦᠨ ᠊ᠢ ᠳᠠᠪᠠᠭᠠᠨ ᠠᠷᠤ ᠶ᠋ᠢᠨ ᠬᠤᠪᠢᠶᠠᠷᠢ ᠮᠣᠵᠢ ᠳ᠋ᠤ᠌ ᠪᠠᠶ᠋ᠢᠴᠠᠭᠠᠨ ᠦᠵᠡᠭᠴᠢ ᠪᠡᠷ ᠢᠯᠡᠭᠡᠵᠦ ᠂ ᠠᠷᠠᠳ ᠣᠯᠠᠨ ᠤ᠋ ᠬᠦᠴᠢᠷ ᠵᠣᠪᠠᠯᠠᠩ ᠊ᠢ ᠠᠰᠠᠭᠤᠨ ᠲᠣᠬᠣᠨᠢᠭᠤᠯᠵᠤ ᠭᠠᠴᠢᠭᠳᠠᠭᠰᠠᠨ ᠢᠷᠭᠡᠳ ᠊ᠢ ᠲᠡᠳᠬᠦᠨ ᠲᠤᠰᠠᠯᠠ ᠬᠡᠮᠡᠪᠡ ᠃ ᠪᠠᠰᠠ ᠤᠯᠤᠰ ᠲᠥᠷᠥ ᠶ᠋ᠢᠨ ᠬᠡᠷᠡᠭ ᠲᠦ᠍ ᠮᠤᠰᠬᠢᠭᠳᠠᠭᠰᠠᠨ ᠳᠠᠪᠠᠭᠠᠨ ᠠᠷᠤ ᠶ᠋ᠢᠨ ᠬᠤᠪᠢᠶᠠᠷᠢ ᠮᠣᠵᠢ ᠶ᠋ᠢᠨ ᠲᠥᠷᠥᠯ ᠦ᠋ᠨ ᠨᠣᠶᠠᠳ ᠪᠣᠯᠤᠨ ᠰᠠᠶ᠋ᠢᠳ ᠲᠦᠰᠢᠮᠡᠳ ᠦ᠋ᠨ ᠬᠢᠯᠢᠰ ᠊ᠢ ᠴᠠᠭᠠᠳᠬᠠᠨ ᠬᠡᠷᠡᠭ ᠊ᠢ ᠢᠯᠭᠠᠷᠠᠭᠤᠯᠵᠤ ᠲᠡᠳᠡ ᠨᠠᠷ ᠲᠤ᠌ ᠬᠦᠨᠳᠦ ᠶᠡᠬᠡ ᠪᠡᠯᠡᠭ ᠰᠡᠯᠲᠡ ᠬᠦᠷᠭᠡᠯᠭᠡᠪᠡ ᠃ 
     ᠲᠣᠭᠲᠤᠬ᠋᠎ᠠ ᠪᠣᠯ ᠮᠡᠷᠭᠢᠳ ᠣᠪᠣᠭᠲᠠᠢ ᠂ ᠥᠪᠡᠷ ᠦ᠋ᠨ ᠲᠥᠷᠥᠭᠰᠡᠨ ᠶᠡᠬᠡ ᠠᠪᠠᠭ᠎ᠠ ᠪᠠᠨ ᠬᠠᠭᠠᠨ ᠤ᠋ ᠵᠠᠷᠯᠢᠭ ᠶᠣᠰᠣᠭᠠᠷ ᠬᠥᠭᠡᠭᠡᠵᠦ ᠶᠠᠪᠤᠭᠤᠯᠤᠭᠠᠳ ᠲᠣᠬᠤᠨᠲᠡᠮᠦᠷ ᠬᠠᠭᠠᠨ ᠤ᠋ ᠢᠲᠡᠭᠡᠯ ᠊ᠢ ᠣᠯᠵᠠᠢ ᠃ ᠲᠡᠷᠡ ᡁᠢ ᠵᠧᠩ ᠦ᠋ᠨ ᠲᠡᠷᠢᠭᠦᠨ ᠣᠨ (1341 ᠣᠨ ) ᠳ᠋ᠤ᠌ ᠪᠠᠷᠠᠭᠤᠨ ᠭᠠᠷᠤᠨ ᠴᠢᠩᠰᠠᠩ ᠡᠷᠭᠦᠮᠵᠢᠯᠡᠭᠳᠡᠭᠡᠳ ᠪᠠᠶᠠᠨ ᠤ᠋ ᠬᠠᠭᠤᠴᠢᠨ ᠵᠠᠰᠠᠭ ᠊ᠢ ᠬᠦᠴᠦᠨ ᠦᠭᠡᠢ ᠪᠣᠯᠭᠠᠵᠤ ᠂ ᠳ᠋ᠠᠨ ᠸᠠᠩ ᠴᠡᠴᠡᠨᠲᠤ ᠳ᠋ᠤ᠌ ᠬᠢᠯᠢᠰ ᠊ᠢ ᠴᠠᠭᠠᠳᠬᠠᠨ ᠂ ᠰᠢᠦᠸᠠᠨ ᠷᠠᠨ ᠸᠠᠩ ᠲᠡᠮᠦᠷᠪᠣᠬ᠎ᠠ ᠂ ᠸᠧᠢ ᠱᠦᠨ ᠸᠠᠩ ᠭᠤᠨᠵᠢᠨ ᠪᠤᠬ᠎ᠠ ᠲᠠᠨ ᠊ᠢ ᠪᠤᠴᠠᠭᠠᠵᠤ ᠠᠪᠴᠢᠷᠠᠭᠠᠳ ᠤᠭ ᠣᠷᠣ ᠪᠠᠷ ᠨᠢ ᠲᠥᠪᠬᠢᠨᠡᠭᠦᠯᠦᠨ ᠰᠠᠭᠤᠯᠭᠠᠭᠰᠠᠨ ᠪᠥᠭᠡᠳ ᠮᠥᠴᠡᠯᠭᠡ ᠶ᠋ᠢᠨ ᠳᠦᠷᠢᠮ ᠊ᠢ ᠰᠡᠷᠭᠦᠭᠡᠵᠦ ᠂ ᠤᠯᠤᠰ ᠤ᠋ᠨ ᠬᠥᠪᠡᠭᠦᠳ ᠊ᠢ ᠬᠥᠮᠦᠵᠢᠭᠦᠯᠬᠦ ᠰᠤᠷᠭᠠᠭᠤᠯᠢ ᠶ᠋ᠢ ᠶᠡᠬᠡ ᠪᠡᠷ ᠡᠷᠬᠢᠯᠡᠨ ᠂ ᠬᠠᠭᠠᠨ ᠳ᠋ᠤ᠌ 《 ᠰᠤᠳᠤᠷ ᠲᠡᠦᠬᠡ 》 ᠲᠠᠶ᠋ᠢᠯᠪᠤᠷᠢᠯᠠᠬᠤ ᠪᠢᠴᠢᠭ ᠦ᠋ᠨ ᠬᠥᠮᠦᠰ ᠊ᠢ ᠰᠢᠯᠢᠵᠦ ᠰᠣᠩᠭᠣᠬᠤ ᠠᠵᠢᠯ ᠊ᠢ ᠪᠡᠶ᠎ᠡ ᠪᠡᠷ ᠬᠠᠷᠢᠭᠤᠴᠠᠨ ᠭᠦᠢᠴᠡᠳᠬᠡᠪᠡ ᠃ ᠡᠭᠦᠨ ᠡᠴᠡ ᠭᠠᠳᠠᠨ᠎ᠠ ᠪᠠᠰᠠ ᠮᠣᠷᠢᠨ ᠤ᠋ ᠴᠠᠭᠠᠵᠠ ᠶ᠋ᠢ ᠪᠠᠶ᠋ᠢᠯᠭᠠᠵᠤ ᠂ ᠳᠠᠪᠤᠰᠤᠨ ᠭᠠᠶ᠋ᠢᠯᠢ ᠶ᠋ᠢ ᠬᠠᠰᠤᠵᠤ ᠂ ᠤᠷᠭᠤᠵᠤ ᠳᠤᠲᠠᠭᠠᠭᠰᠠᠳ ᠊ᠢ ᠲᠥᠪᠬᠢᠨᠡᠭᠦᠯᠦᠨ ᠂ ᠥᠷᠲᠡᠭᠡ ᠤᠯᠠᠭ᠎ᠠ ᠶ᠋ᠢᠨ ᠠᠵᠢᠯ ᠊ᠢ  ᠴᠡᠬ᠋ᠴᠡᠯᠡᠬ᠋ᠰᠡᠨ᠎ᠠ ᠳᠣᠲᠣᠷ᠎ᠠ ᠭᠠᠳᠠᠨᠠᠬᠢ  ᠪᠦᠭᠦᠳᠡᠭᠡᠷ 《 ᠮᠡᠷᠭᠡᠨ ᠴᠢᠩᠰᠠᠩ 》 ᠭᠡᠮᠡᠨ ᠳᠦᠷᠭᠢᠲᠡᠯ᠎ᠡ ᠮᠠᠭᠲᠠᠯᠴᠠᠪᠠᠢ ᠃  
      ᠲᠣᠬᠤᠨᠲᠡᠮᠦᠷ ᠬᠠᠭᠠᠨ ᠥᠩᠭᠡᠷᠡᠭᠰᠡᠨ ᠦᠶ᠎ᠡ ᠶ᠋ᠢᠨ ᠲᠡᠦᠬᠡ ᠶ᠋ᠢ ᠲᠤᠭᠤᠷᠪᠢᠬᠤ ᠠᠵᠢᠯ ᠊ᠢ ᠮᠠᠰᠢ ᠴᠢᠬᠤᠯᠠᠴᠢᠯᠠᠳᠠᠭ ᠪᠥᠯᠥᠭᠡ ᠃ ᠲᠡᠷᠡ ᠪᠡᠷ ᡁᠢ ᠵᠧᠩ ᠦ᠋ᠨ ᠭᠤᠷᠪᠠᠳᠤᠭᠠᠷ ᠣᠨ ᠳ᠋ᠤ᠌ ᠲᠣᠭᠲᠤᠬ᠋᠎ᠠ ᠶ᠋ᠢ ᠰᠥᠩ ᠤᠯᠤᠰ ᠂ ᠯᠢᠶᠣᠤ ᠤᠯᠤᠰ ᠂ ᠠᠯᠲᠠᠨ ᠤᠯᠤᠰ ᠤ᠋ᠨ ᠲᠡᠦᠬᠡ ᠶ᠋ᠢ ᠲᠤᠭᠤᠷᠪᠢᠨ ᠪᠢᠴᠢᠭᠦᠯᠬᠦ ᠪᠦᠭᠦᠳᠡ ᠶ᠋ᠢ ᠵᠠᠬᠢᠷᠬᠤ ᠲᠦᠰᠢᠮᠡᠯ ᠪᠣᠯᠭᠠᠵᠤ ᠂ ᠧᠦ ᠶᠠᠩ ᠰᠢᠦᠸᠠᠨ ᠂ ᠵᠢᠶᠧ ᠰᠢ ᠰᠧ ᠂ ᠲᠡᠮᠦᠷᠳᠡᠰᠢ ᠵᠡᠷᠭᠡ ᠬᠥᠮᠦᠨ ᠢ᠋ᠶ᠋ᠡᠷ ᠭᠤᠷᠪᠠᠨ ᠲᠥᠷᠥ ᠶ᠋ᠢᠨ ᠲᠡᠦᠬᠡ ᠶ᠋ᠢ ᠨᠠᠶ᠋ᠢᠷᠠᠭᠤᠯᠤᠨ ᠪᠢᠴᠢᠭᠦᠯᠪᠡ ᠃ 
     ᠨᠠᠶ᠋ᠢᠷᠠᠭᠤᠯᠬᠤ ᠶᠠᠪᠤᠴᠠ ᠳ᠋ᠤ᠌ ᠰᠥᠩ ᠤᠯᠤᠰ ᠂ ᠯᠢᠶᠣᠤ ᠤᠯᠤᠰ ᠂ ᠠᠯᠲᠠᠨ ᠤᠯᠤᠰ ᠤ᠋ᠨ ᠠᠯᠢᠨ ᠊ᠢ ᠨᠢ ᠲᠥᠪ ᠤᠳᠤᠮᠰᠢᠯ ᠪᠣᠯᠭᠠᠨ ᠪᠢᠴᠢᠬᠦ ᠲᠤᠬᠠᠢ ᠰᠢᠢᠳᠪᠦᠷᠢᠯᠡᠵᠦ ᠲᠡᠶ᠋ᠢᠯᠬᠦ ᠦᠭᠡᠢ ᠮᠠᠷᠭᠤᠯᠳᠤᠭᠠᠨ ᠪᠣᠯᠤᠭᠰᠠᠨ ᠳ᠋ᠤᠷ ᠲᠣᠬᠤᠨᠲᠡᠮᠦᠷ ᠬᠠᠭᠠᠨ ᠢ᠋ᠶ᠋ᠠᠷ ᠭᠤᠷᠪᠠᠨ ᠲᠥᠷᠥ ᠶ᠋ᠢᠨ ᠲᠡᠦᠬᠡ ᠶ᠋ᠢ ᠲᠤᠰ ᠪᠦᠷᠢ ᠳ᠋ᠦ᠍ᠨᠢ ᠲᠥᠪ ᠤᠳᠤᠮᠰᠢᠯ ᠤ᠋ᠨ ᠪᠠᠶ᠋ᠢᠷᠢᠨ ᠳ᠋ᠤ᠌ ᠲᠠᠯᠪᠢᠵᠤ ᠂ ᠬᠤᠪᠢ ᠬᠣᠪᠢᠨ ᠤ᠋ ᠣᠨ ᠤ᠋ ᠨᠡᠷᠡᠶ᠋ᠢᠲᠦᠯ ᠊ᠢ ᠬᠡᠷᠡᠭᠯᠡᠨ ᠪᠢᠴᠢᠲᠦᠭᠡᠢ ᠬᠡᠮᠡᠭᠡᠳ ᠧᠦ ᠶᠠᠩ ᠰᠢᠦᠸᠠᠨ ᠨᠠᠷ ᠮᠠᠷᠭᠤᠯᠳᠤᠭᠠᠳ ᠰᠢᠢᠳᠪᠦᠷᠢᠯᠡᠵᠦ ᠲᠡᠶ᠋ᠢᠯᠬᠦ ᠦᠭᠡᠢ ᠪᠠᠶ᠋ᠢᠬᠰᠠᠨ ᠠᠰᠠᠭᠤᠳᠠᠯ ᠊ᠢ ᠠᠰᠢᠲᠠᠢ ᠰᠠᠢᠬᠠᠨ ᠰᠢᠢᠳᠪᠦᠷᠢᠯᠡᠪᠡ ᠃ ᠳᠠᠷᠠᠭ᠎ᠠ ᠵᠢᠯ ᠨᠢ ᠲᠣᠭᠲᠤᠬ᠋᠎ᠠ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠢ᠋ᠶ᠋ᠠᠨ ᠣᠭᠴᠣᠷᠠᠬᠤᠢ ᠪᠠᠷ ᠬᠦᠴᠦᠯᠡᠨ ᠴᠠᠷᠭᠤᠯᠠᠵᠤ ᠭᠤᠶᠤᠨ ᠠᠶ᠋ᠢᠯᠠᠤᠠᠬᠠᠭᠰᠠᠨ ᠳ᠋ᠤᠷ ᠲᠣᠬᠤᠨᠲᠡᠮᠦᠷ ᠬᠠᠭᠠᠨ ᠢ᠋ᠶ᠋ᠠᠷ ᠴᠢᠨᠦ ᠣᠷᠣᠨ ᠳ᠋ᠤ᠌ ᠬᠡᠨ ᠪᠣᠯᠤᠮᠤᠢ ᠭᠡᠮᠡᠨ ᠠᠰᠠᠭᠤᠪᠠᠰᠤ ᠲᠣᠭᠲᠤᠬ᠋᠎ᠠ ᠪᠠᠷ ᠠᠷᠤᠭᠲᠦ ᠶ᠋ᠢ ᠭᠠᠷᠭᠠᠵᠤ ᠠᠶ᠋ᠢᠯᠠᠤᠠᠬᠠᠭᠰᠠᠨ᠎ᠠ ᠂ ᠬᠠᠭᠠᠨ ᠵᠠᠷᠯᠢᠭ ᠪᠠᠭᠤᠯᠭᠠᠵᠤ ᠠᠷᠤᠭᠲᠦ ᠶ᠋ᠢ ᠪᠠᠷᠠᠭᠤᠨ ᠭᠠᠷᠤᠨ ᠴᠢᠩᠰᠠᠩ ᠪᠣᠯᠭᠠᠵᠤ ᠭᠤᠷᠪᠠᠨ ᠲᠥᠷᠥ ᠶ᠋ᠢᠨ ᠲᠡᠦᠬᠡ ᠶ᠋ᠢ ᠲᠤᠭᠤᠷᠪᠢᠨ ᠪᠢᠴᠢᠬᠦ ᠪᠦᠭᠦᠳᠡ ᠶ᠋ᠢ ᠵᠠᠬᠢᠷᠬᠤ ᠦᠵᠡᠭᠴᠢ ᠲᠦᠰᠢᠮᠡᠯ ᠦ᠋ᠨ ᠲᠤᠰᠢᠶᠠᠯ ᠳ᠋ᠤ᠌ ᠲᠣᠮᠢᠯᠠᠪᠠ ᠃ ᠡᠶ᠋ᠢᠨ ‍ᠬᠦ ᠠᠷᠤᠭᠲᠦ ᠨᠠᠷ ᠤ᠋ᠨ ᠴᠢᠷᠮᠠᠶ᠋ᠢᠯᠬ᠋᠎ᠠ ᠳᠣᠣᠷ᠎ᠠ ᡁᠢ ᠵᠧᠩ ᠦ᠋ᠨ ᠲᠠᠪᠤᠳᠤᠭᠠᠷ ᠣᠨ ᠳ᠋ᠤ᠌ ᠭᠤᠷᠪᠠᠨ ᠲᠥᠷᠥ ᠶ᠋ᠢᠨ ᠲᠡᠦᠬᠡ ᠶ᠋ᠢ ᠨᠠᠶ᠋ᠢᠷᠠᠭᠤᠯᠤᠨ ᠳᠠᠭᠤᠰᠬᠠᠵᠤ ᠠᠷᠤᠭᠲᠦ ᠠᠶ᠋ᠢᠯᠠᠤᠠᠬᠠᠷᠤᠨ ᠄ 《 ᠥᠩᠭᠡᠷᠡᠭᠰᠡᠨ ᠦᠶ᠎ᠡ ᠳ᠋ᠦ᠍ ᠪᠣᠭᠳᠠ ᠴᠢᠩᠭᠢᠰ ᠬᠠᠭᠠᠨ ᠢ᠋ᠶ᠋ᠠᠷ ᠠᠯᠲᠠᠨ ᠤᠯᠤᠰ ᠊ᠢ ᠮᠥᠬᠥᠭᠡᠵᠦ ᠂ ᠬᠤᠪᠢᠯᠠᠢ ᠰᠡᠴᠡᠨ ᠬᠠᠭᠠᠨ ᠢ᠋ᠶ᠋ᠠᠷ ᠰᠥᠩ ᠤᠯᠤᠰ ᠊ᠢ ᠮᠥᠬᠥᠭᠡᠵᠦ ᠪᠦᠬᠦ ᠤᠯᠤᠰ ᠊ᠢ ᠨᠢᠭᠡᠳᠬᠡᠵᠦᠬᠦᠢ ᠃ ᠬᠣᠯᠪᠣᠭᠳᠠᠯ ᠪᠦᠬᠦᠢ ᠪᠢᠴᠢᠭ ᠰᠤᠳᠤᠷ ᠊ᠢ ᠴᠥᠮ ᠣᠷᠳᠣᠨ ᠤ᠋ ᠬᠥᠮᠥᠷᠭᠡ ᠳ᠋ᠦ᠍ᠷ ᠬᠠᠳᠠᠭᠠᠯᠠᠵᠤ ᠠᠮᠤᠢ ᠃ ᠡᠵᠡᠨ ᠢ᠋ᠶ᠋ᠡᠷ ᠭᠤᠷᠪᠠᠨ ᠲᠥᠷᠥ ᠶ᠋ᠢᠨ ᠲᠡᠦᠬᠡ ᠶ᠋ᠢ ᠦᠢᠯᠡᠳᠦᠭᠦᠯᠬᠦ ᠪᠦᠭᠦᠳᠡ ᠶ᠋ᠢ ᠵᠠᠬᠢᠷᠬᠤ ᠦᠵᠡᠭᠴᠢ ᠲᠦᠰᠢᠮᠡᠯ ᠦ᠋ᠨ ᠬᠦᠨᠳᠦ ᠡᠭᠦᠷᠭᠡ ᠶ᠋ᠢ ᠨᠠᠳᠠ ᠳ᠋ᠤᠷ ᠲᠤᠰᠢᠶᠠᠵᠤᠬᠤᠢ ᠃ ᠰᠠᠶ᠋ᠢᠳ ᠪᠢ ᠶᠡᠷᠦ ᠡᠴᠡ ᠬᠢᠲᠠᠳ ᠪᠢᠴᠢᠭ ᠰᠤᠷᠤᠭᠰᠠᠨ ᠦᠭᠡᠢ ᠣᠴᠢᠷ᠎ᠠ ᠂ ᠬᠢᠲᠠᠳ ᠰᠤᠳᠤᠷ ᠪᠢᠴᠢᠭ ᠊ᠢ ᠦᠯᠦ ᠤᠩᠰᠢᠭᠰᠠᠨ ᠪᠣᠯᠠᠢ ᠃ ᠡᠳᠦᠭᠡ ᠭᠤᠷᠪᠠᠨ ᠲᠥᠷᠥ ᠶ᠋ᠢᠨ ᠲᠡᠦᠬᠡ ᠶ᠋ᠢ ᠡᠷᠭᠦᠨ ᠪᠠᠷᠢᠵᠤ ᠡᠵᠡᠨ ᠲᠠᠨ ᠤ᠋ ᠴᠢᠯᠥᠭᠡ ᠵᠠᠪ ᠢ᠋ᠶ᠋ᠠᠷ ᠤᠩᠰᠢᠨ ᠦᠵᠡᠬᠦ ᠳ᠋ᠦ᠍ ᠳᠥᠭᠥᠮ ᠪᠣᠯᠭᠠᠪᠠᠢ 》 ᠬᠡᠮᠡᠭᠰᠡᠨ᠎ᠡ ᠲᠣᠬᠤᠨᠲᠡᠮᠦᠷ ᠵᠠᠷᠯᠢᠭ ᠪᠣᠯᠤᠷᠤᠨ ᠄ 《 ᠲᠡᠦᠬᠡ ᠰᠤᠳᠤᠷ ᠲᠤᠷ ᠲᠡᠮᠳᠡᠭᠯᠡᠭᠰᠡᠨ ᠢᠨᠦ ᠴᠥᠮ ᠤᠷᠢᠳᠤᠬᠢ ᠬᠥᠮᠦᠨ ᠦ᠌ ᠴᠢᠬᠤᠯᠠ ᠦᠢᠯᠡ ᠠᠵᠢᠯᠯᠠᠭ᠎ᠠ  ᠪᠣᠢ ‍ᠶ᠎ᠠ᠃ ᠲᠡᠭᠦᠨ ᠊ᠢ ᠡᠩ ᠦ᠋ᠨ ᠪᠢᠴᠢᠭ ᠦ᠋ᠨ ᠬᠥᠮᠦᠨ ᠦ᠌ ᠵᠣᠬᠢᠶᠠᠯ ᠯᠤᠭ᠎ᠠ ᠬᠡᠷᠬᠢᠨ ᠠᠳᠠᠯᠢᠳᠬᠠᠵᠤ ᠪᠣᠯᠤᠮᠤᠢ ! ᠨᠢᠭᠡ ᠤᠯᠤᠰ ᠤ᠋ᠨ ᠡᠵᠡᠨ ᠪᠣᠯᠣᠭᠰᠠᠳ  ᠰᠠᠢᠨ ᠵᠠᠰᠠᠭ ᠊ᠢ ᠶᠠᠪᠤᠭᠤᠯᠪᠠᠰᠤ ᠤᠯᠤᠰ ᠠᠨᠤ ᠮᠠᠨᠳᠤᠮᠤᠢ ; ᠬᠠᠷᠭᠢᠰ ᠵᠠᠰᠠᠭ ᠊ᠢ ᠶᠠᠪᠤᠭᠤᠯᠪᠠᠰᠤ ᠤᠯᠤᠰ ᠠᠨᠤ ᠮᠥᠬᠥᠮᠦᠢ ᠃ ᠮᠡᠬᠦᠰ ᠪᠢ ᠨᠢᠭᠡ ᠤᠯᠤᠰ ᠤ᠋ᠨ ᠡᠵᠡᠨ ᠪᠣᠯᠤᠭᠰᠠᠨ ᠤ᠋ ᠲᠤᠯᠠᠳᠠ ᠤᠷᠢᠳᠤᠬᠢ ᠲᠥᠷᠥ ᠶ᠋ᠢᠨ ᠡᠵᠡᠨ ᠬᠠᠭᠠᠳ ᠤ᠋ᠨ ᠤᠨᠤᠵᠤ ᠠᠯᠳᠠᠭᠰᠠᠨ ᠊ᠢ ᠲᠣᠯᠢ ᠪᠣᠯᠭᠠᠵᠤ ᠂  ᠰᠠᠢᠨ ᠨᠤᠭᠤᠳ ᠊ᠢ ᠳᠠᠭᠤᠷᠢᠶᠠᠵᠤ ᠂ ᠮᠠᠭᠤ ᠨᠤᠭᠤᠳ ᠊ᠢ ᠲᠡᠪᠴᠢᠬᠦ ᠪᠣᠯᠭᠠᠰᠤᠭᠠᠢ ᠃ ᠲᠡᠶ᠋ᠢᠨ ᠠᠲᠠᠯ᠎ᠠ ᠡᠵᠡᠨ ᠪᠣᠯᠤᠭᠰᠠᠨ ᠬᠥᠮᠦᠨ ᠳ᠋ᠦ᠍ᠷ  ᠬᠡᠷᠡᠭᠲᠡᠢ ᠬᠡᠮᠡᠬᠦ ᠪᠠᠶ᠋ᠢᠲᠤᠭᠠᠢ ᠂ ᠰᠠᠶ᠋ᠢᠳ ᠪᠣᠯᠣᠭᠰᠠᠳ ᠲᠤᠷ ᠪᠠᠰᠠᠬᠦ ᠶᠡᠬᠡ  ᠬᠡᠷᠡᠭᠲᠡᠢ ᠶ᠋ᠢᠨ ᠲᠤᠯᠠ ᠲᠠ ᠨᠠᠷ ᠮᠢᠨᠦ ᠰᠡᠳᠬᠢᠯ ᠯᠤᠭᠡ ᠨᠡᠶ᠋ᠢᠯᠡᠭᠦᠯᠦᠨ ᠤᠷᠢᠳᠤᠬᠢ ᠦᠶ᠎ᠡ ᠶ᠋ᠢᠨ ᠰᠠᠢᠨ ᠮᠠᠭᠤ ᠶ᠋ᠢ ᠦᠵᠡᠵᠦ ᠬᠢᠴᠢᠶᠡᠪᠡᠰᠦ ᠵᠣᠬᠢᠰᠲᠠᠢ 》 ᠭᠡᠪᠡ ᠃ 
     ᠠᠷᠤᠭᠲᠦ ᠡᠳᠡᠭᠡᠷ ᠦᠭᠡ ᠶ᠋ᠢ ᠰᠣᠨᠣᠰᠤᠭᠠᠳ ᠬᠥᠯ ᠭᠠᠵᠠᠷ ᠲᠤᠯᠬᠤ ᠦᠭᠡᠢ ᠪᠣᠯᠲᠠᠯ᠎ᠠ ᠪᠠᠶᠠᠷᠯᠠᠨ ᠰᠢᠦᠸᠠᠨ ᠸᠸᠨ ᠭᠧ ᠲᠠᠭᠲᠤ ᠠ᠋ᠴᠠ ᠭᠠᠷᠴᠤ ᠬᠠᠭᠠᠨ ᠤ᠋ ᠬᠡᠯᠡᠭᠰᠡᠨ ᠵᠠᠷᠯᠢᠭ ᠦᠭᠡᠰ ᠊ᠢ ᠣᠯᠠᠨ ᠲᠦᠰᠢᠮᠡᠯ ᠳ᠋ᠦ᠍ᠷ ᠤᠯᠠᠮᠵᠢᠯᠠᠪᠠ ᠃ 
     ᠰᠥᠩ ᠤᠯᠤᠰ ᠂ ᠯᠢᠶᠣᠤ ᠤᠯᠤᠰ ᠂ ᠠᠯᠲᠠᠨ ᠤᠯᠤᠰ ᠤ᠋ᠨ ᠲᠡᠦᠬᠡ ᠶ᠋ᠢ ᠲᠣᠬᠤᠨᠲᠡᠮᠦᠷ ᠬᠠᠭᠠᠨ ᠤ᠋ ᠰᠢᠭᠤᠳ ᠰᠠᠨᠠᠭᠤᠯᠭ᠎ᠠ ᠳᠣᠣᠷ᠎ᠠ ᠲᠣᠭᠲᠤᠬ᠋᠎ᠠ ᠂ ᠠᠷᠤᠭᠲᠦ ᠨᠠᠷ ᠤᠷᠢᠳ ᠬᠣᠵᠢᠳ ᠬᠠᠷᠢᠭᠤᠴᠠᠨ ᠵᠣᠬᠢᠶᠠᠨ ᠨᠠᠶ᠋ᠢᠷᠠᠭᠤᠯᠤᠭᠰᠠᠨ ᠶᠤᠮ ᠃ ᠲᠡᠷᠡ ᠨᠢ ᠮᠠᠨ ᠤ᠋ ᠤᠯᠤᠰ ᠤ᠋ᠨ ᠬᠣᠷᠢᠨ ᠳᠥᠷᠪᠡᠨ ᠲᠡᠦᠬᠡ ᠶ᠋ᠢᠨ ᠪᠦᠷᠢᠯᠳᠦᠬᠦᠨ ᠬᠡᠰᠡᠭ ᠪᠣᠯᠤᠭᠰᠠᠨ ᠪᠠᠶ᠋ᠢᠪᠠ ᠃  ᠲᠣᠬᠣᠨᠲᠡᠮᠤᠷ ᠬᠠᠭᠠᠨ ᠪᠠᠰᠠ ᠵᠠᠷᠯᠢᠭ ᠪᠠᠭᠤᠯᠭᠠᠵᠤ ᠳᠠᠩ ᠤᠯᠤᠰ ᠤ᠋ᠨ 《 ᠵᠸᠨ ᠭᠤᠸᠠᠨ ᠤ᠋ ᠵᠠᠰᠠᠭ ᠤ᠋ᠨ ᠲᠣᠪᠴᠢᠶ᠎ᠠ 》 ᠶ᠋ᠢ ᠮᠣᠩᠭᠣᠯᠴᠢᠯᠠᠨ ᠲᠦᠰᠢᠮᠡᠳ ᠦ᠋ᠨ ᠭᠠᠷ ᠤ᠋ᠨ ᠠᠪᠤᠯᠭ᠎ᠠ ᠪᠣᠯᠭᠠᠪᠠ ᠃   
      ᠬᠠᠭᠠᠨ ᠰᠤᠯᠠ ᠰᠡᠯᠡᠭᠦᠦ ᠴᠠᠭ ᠲᠤᠷ ᠦᠷᠭᠦᠯᠵᠢ ᠰᠢᠦᠸᠠᠨ ᠸᠸᠨ  ᠭᠧ ᠲᠠᠭᠲᠤ ᠳ᠋ᠤ᠌  ᠢᠷᠡᠵᠦ ᠡᠷᠲᠡᠨ ᠦ᠌ ᠪᠢᠴᠢᠭ  ᠵᠢᠷᠤᠭ ᠊ᠢ ᠰᠣᠨᠢᠷᠬᠠᠳᠠᠭ ᠪᠥᠯᠥᠭᠡ ᠃ ᠨᠢᠭᠡᠨ ᠡᠳᠦᠷ ᠬᠠᠭᠠᠨ ᠢ᠋ᠶ᠋ᠠᠷ ᠰᠢᠦᠸᠠᠨ ᠸᠸᠨ ᠭᠧ ᠲᠠᠭᠲᠤ ᠳ᠋ᠤ᠌ ᠢᠷᠡᠭᠡᠳ ᠡᠷᠲᠡᠨ ᠦ᠌  ᠰᠠᠢᠨ ᠵᠢᠷᠤᠭ ᠊ᠢ ᠦᠵᠡᠰᠦᠭᠡᠢ ᠬᠡᠮᠡᠬᠦᠢ ᠳ᠋ᠦ᠍ᠷ ᠪᠢᠴᠢᠭ ᠦ᠋ᠨ ᠳᠡᠳ᠋ ᠰᠠᠶ᠋ᠢᠳ ᠨᠣᠤ ᠨᠣᠤ ᠪᠠᠷ ᠭᠦᠸᠧ ᠵᠦᠩ ᠱᠤ᠌ ᠶ᠋ᠢᠨ ᠵᠢᠷᠤᠭᠰᠠᠨ ᠪᠢ ᠭᠠᠨ ᠵᠢᠷᠤᠭ ᠊ᠢ ᠭᠠᠷᠭᠠᠵᠤ ᠠᠶ᠋ᠢᠯᠠᠤᠠᠬᠠᠷᠤᠨ ᠄ 《 ᠵᠧᠦ ᠬᠠᠭᠠᠨ  ᠢᠳᠬᠠᠬᠤ ᠶ᠋ᠢ ᠦᠯᠦ ᠠᠪᠬᠤᠢ ᠶ᠋ᠢᠨ ᠲᠤᠯᠠ ᠲᠡᠶ᠋ᠢᠨ ‍ᠬᠦ ᠲᠥᠷᠥ ᠤᠯᠤᠰ ᠠᠨᠤ ᠰᠥᠨᠥᠯᠦᠭᠡ 》 ᠬᠡᠮᠡᠪᠡ ᠃ 
     ᠪᠠᠰᠠ ᠰᠥᠩ ᠤᠯᠤᠰ ᠤ᠋ᠨ ᠾᠦᠢᠽᠦᠶ᠋ᠩ ᠬᠠᠭᠠᠨ ᠤ᠋ ᠵᠢᠷᠤᠭ ᠊ᠢ ᠦᠵᠡᠭᠡᠳ 《 ᠬᠡᠴᠡᠭᠦᠦ 》 ᠭᠡᠮᠡᠨ ᠮᠠᠭᠲᠠᠬᠤᠢ ᠳ᠋ᠤᠷ ᠨᠣᠤ ᠨᠣᠤ ᠠᠶ᠋ᠢᠯᠠᠤᠠᠬᠠᠷᠤᠨ ᠄ 《 ᠾᠦᠢᠽᠦᠶ᠋ᠩ ᠬᠠᠭᠠᠨ ᠮᠠᠰᠢ ᠴᠢᠳᠠᠯᠲᠠᠢ ᠂ ᠲᠡᠶ᠋ᠢᠨ ᠠᠲᠠᠯ᠎ᠠ ᠭᠠᠭᠴᠠ ᠨᠢᠭᠡᠨ ᠬᠡᠷᠡᠭ ᠊ᠢ ᠡᠰᠡ ᠴᠢᠳᠠᠵᠤᠬᠤᠢ ᠃ 》
     ᠬᠠᠭᠠᠨ ᠄ 《 ᠠᠯᠢ ᠨᠢᠭᠡᠨ ᠬᠡᠷᠡᠭ ᠪᠣᠢ? 》 ᠬᠡᠮᠡᠵᠦ ᠠᠰᠠᠭᠤᠭᠰᠠᠨ᠎ᠠ ᠄ 
     ᠨᠣᠤ ᠨᠣᠤ ᠥᠴᠢᠷᠦᠨ ᠄ 《 ᠡᠵᠡᠨ ᠬᠠᠭᠠᠨ ᠪᠣᠯᠵᠤ ᠡᠰᠡ ᠴᠢᠳᠠᠪᠠᠢ ᠃ ᠲᠡᠷᠡ ᠪᠡᠶ᠎ᠡ ᠪᠡᠷ ᠢ᠋ᠶ᠋ᠡᠨ ᠤᠯᠤᠰ ᠭᠡᠷ ᠢ᠋ᠶ᠋ᠡᠨ ᠡᠪᠳᠡᠷᠡᠭᠦᠯᠦᠭᠰᠡᠨ ᠢᠨᠤ ᠡᠵᠡᠨ ᠬᠠᠭᠠᠨ ᠪᠣᠯᠵᠤ ᠡᠰᠡ ᠴᠢᠳᠠᠭᠰᠠᠨ ᠠ᠋ᠴᠠ ᠪᠣᠯᠪᠠᠢ ᠵ᠎ᠠ ᠃ ᠡᠵᠡᠨ ᠪᠣᠯᠵᠤ ᠡᠰᠡ ᠴᠢᠳᠠᠭᠰᠠᠨ ᠣᠴᠢᠷ᠎ᠠ ᠲᠡᠭᠦᠨ ᠦ᠌ ᠪᠤᠰᠤ ᠡᠷᠳᠡᠮ ᠊ᠢ ᠰᠠᠶ᠋ᠢᠰᠢᠶᠬᠠᠤ ᠬᠡᠷᠡᠭ ᠶᠠᠭᠤᠨ  》ᠬᠡᠮᠡᠪᠡ ᠃ 
     ᠨᠣᠤ ᠨᠣᠤ ᠶ᠋ᠢᠨ ᠬᠡᠯᠡᠭᠰᠡᠨ ᠡᠨᠡ ᠦᠭᠡ ᠮᠠᠰᠢ ᠭᠦᠨ ᠤᠳᠬ᠎ᠠ ᠲᠠᠢ ᠪᠠᠶ᠋ᠢᠨᠠᠮ ᠃ ᠨᠢᠭᠡᠨ ᠤᠯᠤᠰ ᠤ᠋ᠨ ᠬᠠᠭᠠᠨ ᠪᠣᠯᠣᠭᠰᠠᠳ ᠡᠷᠬᠡᠪᠰᠢ ᠤᠯᠤᠰ ᠢᠷᠭᠡᠨ ᠦ᠌ ᠡᠵᠡᠨ ᠪᠣᠯᠵᠤ ᠴᠢᠳᠠᠬᠤ  ᠬᠡᠷᠡᠭᠲᠡᠢ ᠃ ᠡᠵᠡᠨ ᠪᠣᠯᠵᠤ ᠡᠰᠡ ᠴᠢᠳᠠᠪᠠᠰᠤ ᠶᠠᠭᠠᠬᠢᠨ ᠬᠠᠭᠠᠨ ᠪᠣᠯᠵᠤ ᠴᠢᠳᠠᠮᠤᠢ? ᠲᠡᠶ᠋ᠢᠨ ‍ᠬᠦ ᠡᠷᠲᠡᠨ ᠦ᠌ ᠪᠢᠴᠢᠭ ᠲᠦ᠍ ᠦᠷᠭᠦᠯᠵᠢ ᠡᠵᠡᠨ ᠬᠠᠭᠠᠨ  (  君主   )ᠭᠡᠮᠡᠨ ᠬᠣᠯᠪᠣᠨ ᠬᠡᠯᠡᠳᠡᠭ ᠪᠤᠶᠤ ᠃ 
     ᠨᠣᠤ ᠨᠣᠤ ᠶ᠋ᠢᠨ ᠡᠷᠭᠦᠭᠰᠡᠨ ᠨᠡᠷ᠎ᠡ ᠢᠨᠤ ᠽᠢ ᠱᠠᠨ ᠬᠡᠮᠡᠮᠦᠢ ᠃ ᠲᠡᠭᠦᠨ ᠦ᠌ ᠡᠴᠢᠭᠡ ᠨᠢ ᠬᠤᠪᠢᠯᠠᠢ ᠰᠡᠴᠡᠨ ᠬᠠᠭᠠᠨ ᠤ᠋ ᠦᠶ᠎ᠡ ᠂ ᠲᠡᠮᠦᠷ ᠦᠯᠵᠡᠶ᠋ᠢᠲᠤ ᠬᠠᠭᠠᠨ ᠤ᠋ ᠦᠶ᠎ᠡ ᠳ᠋ᠦ᠍ ᠲᠥᠪ ᠪᠢᠴᠢᠭ ᠦ᠋ᠨ ᠮᠣᠵᠢ ᠶ᠋ᠢᠨ ᠫᠢᠩ ᠵᠠᠩ ᠵᠸᠩᠱᠢ ᠲᠦᠰᠢᠮᠡᠯ ᠂ ᠵᠣᠣ ᠸᠸᠨ ᠭᠤᠸᠠᠩ ᠪᠢᠴᠢᠭ ᠦ᠋ᠨ ᠤᠳᠬᠠᠴᠢ ᠶ᠋ᠢᠨ ᠬᠦᠷᠢᠶᠡᠯᠡᠩ ᠦ᠋ᠨ ᠡᠷᠭᠢᠨ ᠰᠠᠶ᠋ᠢᠳ ᠪᠠᠶ᠋ᠢᠬᠰᠠᠨ ᠪᠦᠬᠦᠮᠢ ᠪᠥᠯᠥᠭᠡ ᠃ ᠨᠣᠤ ᠨᠣᠤ ᠪᠠᠭ᠎ᠠ ᠳ᠋ᠤ᠌ ᠪᠠᠨ ᠤᠯᠤᠰ ᠤ᠋ᠨ ᠬᠥᠪᠡᠭᠦᠨ ᠊ᠢ ᠬᠥᠮᠦᠵᠢᠭᠦᠯᠬᠦ ᠰᠤᠷᠭᠠᠭᠤᠯᠢ ᠳ᠋ᠤ᠌ ᠪᠢᠴᠢᠭ ᠰᠤᠷᠴᠤ  ᠂ ᠡᠷᠳᠡᠮ ᠮᠡᠳᠡᠯᠭᠡ ᠭᠦᠨ ᠂ ᠰᠡᠳᠬᠢᠯ ᠊ᠢ ᠲᠦᠪᠰᠢᠳᠬᠡᠨ ᠪᠡᠶ᠎ᠡ ᠪᠡᠨ ᠵᠠᠰᠠᠬᠤ ᠴᠢᠬᠤᠯᠠ ᠣᠨᠣᠯ ᠂ ᠰᠢᠦᠢ ᠾᠧᠩ ᠦ᠋ᠨ ᠰᠤᠷᠲᠠᠯ ᠊ᠢ ᠡᠴᠢᠭᠡ ᠪᠣᠯᠤᠨ ᠠᠬ᠎ᠠ ᠠ᠋ᠴᠠ ᠪᠠᠨ ᠤᠯᠠᠮᠵᠢᠯᠠᠪᠠ ᠃ ᠲᠡᠭᠦᠨ ᠦ᠌ ᠪᠠᠶ᠋ᠢᠲᠠᠯ ᠳᠦᠷᠢ ᠢᠨᠤ ᠶᠡᠬᠡᠮᠰᠦᠭ ᠰᠦᠷᠲᠡᠢ ᠂ ᠰᠡᠳᠬᠢᠯ ᠶᠠᠪᠤᠳᠠᠯ ᠠᠨᠤ ᠠᠷᠢᠭᠤᠨ ᠴᠢᠬᠡᠴᠢ ᠂  ᠦᠵᠡᠭᠰᠡᠨ ᠬᠥᠮᠦᠰ ᠪᠦᠷ ᠲᠡᠭᠦᠨ ᠊ᠢ ᠰᠤᠷᠪᠤᠯᠵᠢᠲᠤ ᠤᠭᠰᠠᠭᠠᠨ ᠤ᠋ ᠬᠥᠮᠦᠨ ᠦ᠌ ᠬᠥᠪᠡᠭᠦᠨ ᠭᠡᠮᠡᠨ ᠮᠡᠳᠡᠮᠦᠢ ᠃ ᠬᠡᠷᠡᠭ ᠰᠢᠢᠳᠬᠡᠬᠦ ᠳ᠋ᠦ᠍ᠷ ᠬᠤᠷᠴᠠ ᠂ ᠡᠷᠡᠦ ᠶ᠋ᠢᠨ  ᠰᠠᠬᠠᠯ ᠢ᠋ᠶ᠋ᠠᠨ ᠢᠯᠪᠢᠵᠦ ᠲᠠᠶ᠋ᠢᠯᠤᠨ ᠰᠢᠭᠦᠮᠵᠢᠯᠡᠪᠡᠰᠦ ᠂ ᠬᠡᠳᠦᠢ ᠲᠥᠷᠥ ᠶᠣᠰᠤᠲᠠᠠ ᠡᠷᠳᠡᠮᠲᠡᠨ ᠮᠡᠷᠭᠡᠳ ᠪᠣᠯᠪᠠᠴᠤ ᠲᠡᠭᠦᠨᠴᠡ ᠬᠡᠲᠦᠷᠡᠵᠦ ᠴᠢᠳᠠᠬᠤ ᠦᠭᠡᠢ ᠃ ᠲᠩᠷᠢ ᠶ᠋ᠢᠨ ᠢᠷᠣ᠎ᠠ ᠭᠠᠮᠰᠢᠭ ᠪᠣᠯᠤᠭᠰᠠᠨ ᠪᠦᠷᠢ ᠳ᠋ᠦ᠍ ᠬᠠᠭᠠᠨ ᠊ᠢ ᠢᠳᠬᠠᠨ ᠪᠡᠶ᠎ᠡ ᠪᠡᠨ ᠬᠢᠴᠢᠶᠡᠵᠦ ᠶᠠᠪᠤᠳᠠᠯ ᠢ᠋ᠶ᠋ᠠᠨ ᠵᠠᠰᠠᠪᠠᠰᠤ ᠰᠠᠶᠢ ᠤᠰᠠᠳᠬᠠᠵᠤ ᠪᠣᠯᠤᠮᠤᠢ ᠭᠡᠮᠡᠨ ᠠᠶ᠋ᠢᠯᠠᠤᠠᠬᠠᠲᠠᠭ ᠠᠵᠤᠭᠤ ᠃ ᠲᠡᠷᠡ ᠪᠠᠰᠠ ᠲᠣᠬᠣᠨᠲᠡᠮᠤᠷ ᠬᠠᠭᠠᠨ ᠳ᠋ᠤ᠌ ᠮᠥᠴᠡᠯᠭᠡ ᠶ᠋ᠢᠨ ᠳᠦᠷᠢᠮ ᠊ᠢ ᠰᠡᠷᠭᠦᠭᠡᠬᠦ ᠶ᠋ᠢ ᠰᠠᠨᠠᠭᠤᠯᠤᠭᠰᠠᠨ ᠪᠥᠭᠡᠳ 《 ᠭᠤᠷᠪᠠᠨ ᠲᠥᠷᠥ ᠶ᠋ᠢᠨ ᠲᠡᠦᠬᠡ 》 ᠶ᠋ᠢ ᠰᠡᠯᠪᠢᠨ ᠵᠠᠰᠠᠬᠤ ᠶ᠋ᠢ ᠠᠶ᠋ᠢᠯᠠᠤᠠᠬᠠᠪᠠ ᠃         
      ᠨᠣᠤ ᠨᠣᠤ ᠨᠠᠰᠤ ᠪᠠᠷᠠᠭᠰᠠᠨ ᠤ᠋ ᠬᠣᠶ᠋ᠢᠨ᠎ᠠ ᠲᠣᠬᠣᠨᠲᠡᠮᠤᠷ ᠬᠠᠭᠠᠨ ᠮᠠᠰᠢ ᠶᠡᠬᠡ ᠪᠡᠷ ᠡᠮᠭᠡᠨᠢᠨ ᠭᠠᠰᠢᠭᠤᠳᠠᠵᠤ ᠂ ᠭᠡᠷ ᠢᠨᠤ ᠦᠭᠡᠶ᠋ᠢᠭᠦᠦ ᠶᠠᠳᠠᠭᠤ ᠲᠤᠯᠠ ᠬᠡᠭᠦᠷ ᠊ᠢ ᠣᠷᠣᠰᠢᠭᠤᠯᠵᠤ ᠦᠯᠦ ᠴᠢᠳᠠᠬᠤ ᠶ᠋ᠢ ᠰᠣᠨᠣᠰᠤᠭᠠᠳ ᠲᠠᠪᠤᠨ ᠥᠯᠥᠭᠡᠢ ᠮᠥᠩᠭᠥ ᠰᠣᠶᠣᠷᠬᠠᠪᠠ ᠃ 
     ᠼᠦᠢ ᠵᠢᠩ ᠪᠣᠯ ᠳ᠋ᠠᠨᠢᠩ ᠤ᠋ᠨ ᠾᠦᠢᠵᠸᠤ ( ᠣᠳᠣ ᠶ᠋ᠢᠨ ᠾᠧᠪᠧᠢ ᠶ᠋ᠢᠨ ᠫᠢᠩᠴᠢᠤᠸᠠᠨ ) ᠤ᠋ ᠬᠥᠮᠦᠨ ᠂ ᠲᠣᠬᠣᠨᠲᠡᠮᠤᠷ ᠬᠠᠭᠠᠨ ᠤ᠋ ᠦᠶ᠎ᠡ ᠶ᠋ᠢᠨ ᠨᠡᠷᠡᠲᠦ ᠢᠳᠬᠠᠭᠴᠢ ᠲᠦᠰᠢᠮᠡᠯ  ᠠᠵᠤᠭᠤ ᠃ ᠲᠡᠷᠡ ᠪᠡᠷ ᠬᠠᠭᠠᠨ ᠤ᠋ ᠡᠨᠳᠡᠭᠦᠦ ᠴᠠᠯᠠᠭᠠᠢ ᠦᠭᠡ ᠦᠢᠯᠡ ᠶ᠋ᠢ ᠦᠷᠭᠦᠯᠵᠢ ᠢᠳᠬᠠᠨ ᠴᠡᠭᠡᠷᠯᠡᠭᠦᠯᠳᠡᠭ ᠪᠠᠶ᠋ᠢᠵᠤᠬᠤᠢ ᠃ ᠨᠢᠭᠡ ᠤᠳᠠᠭ᠎ᠠ ᠲᠣᠬᠣᠨᠲᠡᠮᠤᠷ ᠬᠠᠭᠠᠨ ᠱᠠᠩᠳᠤ ᠶ᠋ᠢᠨ ᠡᠷᠲᠡᠨ ᠦ᠌ ᠬᠣᠪᠣᠷ ᠨᠠᠨᠳᠢᠨ ᠡᠳ᠋ ᠡᠷᠳᠡᠨᠢᠰ ᠊ᠢ ᠰᠢᠳᠠᠷ ᠬᠥᠮᠦᠰ ᠲᠦ᠍ ᠰᠣᠶᠣᠷᠬᠠᠭᠰᠠᠨ ᠊ᠢ ᠦᠵᠡᠭᠡᠳ ᠢᠳᠬᠠᠨ ᠠᠶ᠋ᠢᠯᠠᠤᠠᠬᠠᠷᠤᠨ ᠄ 《 ᠰᠠᠶ᠋ᠢᠳ ᠪᠢ ᠰᠣᠨᠣᠰᠪᠠᠰᠤ ᠬᠤᠪᠢᠯᠠᠢ ᠰᠡᠴᠡᠨ ᠬᠠᠭᠠᠨ ᠢ᠋ᠶ᠋ᠠᠷ ᠰᠠᠶ᠋ᠢᠳ ᠲᠦᠰᠢᠮᠡᠳ ᠭᠠᠪᠢᠶ᠎ᠠ ᠪᠠᠶ᠋ᠢᠭᠤᠯᠪᠠᠰᠤ ᠰᠤᠷ ᠪᠦᠰᠡ ᠪᠡᠷ ᠱᠠᠩᠨᠠᠵᠤ ᠂ ᠡᠳ᠋ ᠪᠣᠳᠠᠰ ᠊ᠢ ᠬᠠᠶ᠋ᠢᠷᠠᠯᠠᠵᠤ ᠭᠠᠮᠨᠠᠨ ᠬᠡᠰᠢᠭ ᠱᠠᠩ ᠳ᠋ᠤ᠌ ᠴᠥᠭᠡᠬᠡᠨ ᠬᠡᠷᠡᠭᠯᠡᠬᠦ ᠬᠡᠮᠡᠮᠦᠢ ᠃ ᠡᠨᠡ ᠢᠨᠦ ᠬᠣᠵᠢᠮ ᠬᠣᠯᠠ ᠶ᠋ᠢ ᠪᠣᠳᠣᠯᠬᠢᠯᠠᠭᠰᠠᠨ ᠪᠣᠯᠠᠢ ᠃ ᠣᠷᠳᠣᠨ ᠤ᠋ ᠬᠥᠮᠥᠷᠭᠡ ᠳ᠋ᠦ᠍ ᠵᠠᠭᠤᠨ ᠵᠢᠯ ᠢ᠋ᠶ᠋ᠡᠷ ᠬᠠᠳᠠᠭᠠᠯᠠᠵᠤ ᠢᠷᠡᠭᠰᠡᠨ ᠬᠣᠪᠣᠷ ᠴᠤᠬᠠᠭ ᠡᠳ᠋ ᠡᠷᠳᠡᠨᠢᠰ ᠊ᠢ ᠰᠢᠳᠠᠷ ᠵᠠᠷᠤᠴᠠ ᠨᠠᠷ ᠲᠤ᠌ ᠳᠤᠷ᠎ᠠ ᠵᠣᠷᠢᠭ ᠢ᠋ᠶ᠋ᠠᠷ  ᠥᠭᠴᠦ ᠠᠯᠢ ᠨᠢᠭᠡᠨ ᠡᠳᠦᠷ ᠤᠯᠤᠰ ᠲᠤᠷ ᠶᠡᠬᠡ ᠶᠠᠪᠤᠳᠠᠯ ᠲᠠᠢ ᠪᠣᠯᠵᠤ ᠂ ᠬᠥᠮᠦᠨ ᠶᠡᠬᠡ ᠭᠠᠪᠢᠶ᠎ᠠ ᠪᠠᠶ᠋ᠢᠭᠤᠯᠪᠠᠰᠤ ᠲᠡᠷᠡ ᠦᠶ᠎ᠡ ᠳ᠋ᠦ᠍ ᠶᠠᠭᠤᠨ ᠢ᠋ᠶ᠋ᠠᠷ ᠱᠠᠩᠨᠠᠮᠤᠢ ? ᠲᠡᠶ᠋ᠢᠨ ‍ᠬᠦ ᠰᠣᠶᠣᠷᠬᠠᠭᠰᠠᠨ ᠡᠳ᠋ ᠡᠷᠳᠡᠨᠢᠰ ᠦ᠋ᠨ ᠵᠦᠢᠯ ᠊ᠢ ᠬᠣᠷᠢᠶᠠᠨ ᠠᠪᠴᠢᠷᠠᠪᠠᠰᠤ ᠵᠣᠬᠢᠯᠲᠠᠢ ᠃ ᠬᠡᠰᠢᠭ ᠰᠣᠶᠣᠷᠬᠠᠯ ᠊ᠢ ᠳᠤᠷ᠎ᠠ ᠪᠠᠷ ᠬᠡᠷᠡᠭᠯᠡᠵᠦ ᠦᠯᠦ ᠪᠣᠯᠤᠮᠤᠢ 》 ᠬᠡᠮᠡᠭᠰᠡᠨ ᠳ᠋ᠦ᠍ᠷ ᠲᠣᠬᠤᠨᠲᠡᠮᠦᠷ ᠬᠠᠭᠠᠨ ᠲᠡᠭᠦᠨ ᠦ᠌ ᠢᠳᠬᠠᠯ ᠊ᠢ ᠠᠪᠴᠤ ᠰᠣᠶᠣᠷᠬᠠᠭᠰᠠᠨ ᠬᠣᠪᠣᠷ ᠨᠠᠨᠳᠢᠨ ᠡᠳ᠋ ᠡᠷᠳᠡᠨᠢᠰ ᠊ᠢ ᠬᠣᠷᠢᠶᠠᠨ ᠠᠪᠴᠤ ᠣᠷᠳᠣᠨ ᠤ᠋ ᠬᠥᠮᠥᠷᠭᠡ ᠳ᠋ᠦ᠍ ᠬᠠᠳᠠᠭᠠᠯᠠᠭᠤᠯᠪᠠᠢ ᠃  
      ᠢᠤᠶ᠋ᠢᠱ᠌ᠢ ᠳ᠋ᠠᠶ᠋ᠢᠹᠦ᠋ ᠲᠦᠰᠢᠮᠡᠯ ᠲᠠᠰᠢᠲᠡᠮᠦᠷ ᠠᠶ᠋ᠢᠯᠠᠤᠠᠬᠠᠷᠤᠨ ᠄ 《 ᠣᠶ᠋ᠢᠷ᠎ᠠ ᠶ᠋ᠢᠨ ᠵᠢᠯ ᠳ᠋ᠦ᠍ ᠰᠠᠶ᠋ᠢᠳ ᠲᠦᠰᠢᠮᠡᠳ ᠶᠠᠯ᠎ᠠ ᠳ᠋ᠤ᠌ ᠤᠨᠠᠪᠠᠰᠤ ᠨᠢᠭᠡ ᠬᠥᠮᠦᠨ ᠦ᠌ ᠤᠴᠢᠷ ᠢ᠋ᠶ᠋ᠠᠷ ᠪᠦᠬᠦ ᠭᠡᠷ ᠊ᠢ ᠴᠢᠷᠦᠭᠳᠡᠭᠦᠯᠬᠦ ᠂ ᠡᠰᠡᠬᠦᠯ᠎ᠡ ᠡᠬᠡᠨᠡᠷ ᠬᠡᠦᠬᠡᠳ ᠊ᠢ ᠬᠣᠯᠪᠣᠭᠳᠠᠭᠤᠯᠬᠤ ᠠᠨᠤ ᠡᠪᠦᠭᠡᠳ ᠦ᠋ᠨ ᠭᠡᠭᠡᠨ ᠰᠤᠷᠭᠠᠯ ᠤᠵᠠᠭᠤᠷ ᠤ᠋ᠨ ᠵᠠᠰᠠᠭ ᠬᠠᠤᠯᠢ ᠯᠤᠭ᠎ᠠ ᠨᠡᠶ᠋ᠢᠴᠡᠬᠦ ᠦᠭᠡᠢ ᠲᠤᠯᠠ ᠵᠠᠯᠠᠷᠠᠭᠤᠯᠪᠠᠰᠤ ᠰᠠᠢᠨ 》 ᠬᠡᠮᠡᠭᠰᠡᠨ ᠳ᠋ᠦ᠍ᠷ ᠲᠣᠬᠤᠨᠲᠡᠮᠦᠷ ᠬᠠᠭᠠᠨ ᠢ᠋ᠶ᠋ᠠᠷ ᠪᠠᠶᠠᠨ ᠤ᠋ ᠡᠷᠬᠡ ᠶ᠋ᠢ ᠡᠵᠡᠷᠬᠡᠭᠯᠡᠵᠦ ᠪᠠᠶ᠋ᠢᠬᠰᠠᠨ ᠦᠶ᠎ᠡ ᠳ᠋ᠦ᠍ ᠳ᠋ᠠᠨ ᠸᠠᠩ ᠴᠡᠴᠡᠨᠲᠦ ᠶ᠋ᠢᠨ ᠤᠴᠢᠷ ᠲᠤ᠌ ᠲᠡᠭᠦᠨ ᠦ᠌ ᠡᠬᠡᠨᠡᠷ ᠬᠡᠦᠬᠡᠳ ᠊ᠢ ᠬᠣᠯᠪᠣᠭᠳᠠᠭᠤᠯᠤᠭᠰᠠᠨ ᠶᠠᠪᠤᠳᠠᠯ ᠊ᠢ ᠰᠠᠨᠠᠵᠤ ᠣᠯᠤᠭᠠᠳ 《 ᠡᠭᠦᠨ ᠡᠴᠡ ᠬᠣᠶ᠋ᠢᠰᠢᠲᠠ ᠡᠴᠢᠭᠡ ᠶ᠋ᠢᠨ ᠶᠠᠯ᠎ᠠ ᠶ᠋ᠢ ᠬᠥᠪᠡᠭᠦᠨ ᠳ᠋ᠦ᠍ ᠨᠢ ᠬᠣᠯᠪᠣᠭᠳᠠᠭᠤᠯᠵᠤ ᠦᠯᠦ ᠪᠣᠯᠤᠮᠤᠢ 》 ᠭᠡᠮᠡᠨ ᠵᠠᠷᠯᠠᠭᠠᠳ 《 ᡁᠢ ᠶᠤᠸᠠᠨ ᠤ᠋ ᠬᠠᠤᠯᠢ ᠶ᠋ᠢᠨ ᠪᠢᠴᠢᠭ 》 ᠲᠦ᠍ ᠡᠮᠬᠢᠳᠬᠡᠨ ᠤᠷᠤᠭᠤᠯ ᠭᠡᠮᠡᠨ ᠰᠢᠭᠦᠬᠦ ᠶᠠᠪᠤᠳᠠᠯ ᠤ᠋ᠨ ᠶᠠᠮᠤᠨ ᠤ᠋ ᠰᠠᠶ᠋ᠢᠳ ᠲᠤ᠌  ᠣᠨᠴᠠᠭᠠᠶ᠋ᠢᠯᠠᠨ ᠲᠤᠰᠢᠶᠠᠪᠠ ᠃  
     ᠶᠡᠬᠡ ᠮᠣᠩᠭᠣᠯ ᠤᠯᠤᠰ ᠠᠩᠬ᠎ᠠ ᠪᠠᠶ᠋ᠢᠭᠤᠯᠤᠭᠲᠠᠭᠰᠠᠨ ᠦᠶ᠎ᠡ ᠳ᠋ᠦ᠍ ᠬᠠᠭᠠᠨᠲᠤ ᠲᠥᠷᠥ ᠡᠴᠡ ᠨᠡᠶ᠋ᠢᠲᠡᠯᠡᠬᠦ ᠪᠡᠷ ᠪᠠᠶ᠋ᠢᠬ᠋᠎ᠠ ᠪᠣᠳᠣᠯᠭ᠎ᠠ ᠴᠢᠭᠯᠡᠯᠲᠡ ᠶ᠋ᠢ ᠤᠷᠢᠳᠠ ᠪᠠᠷ ᠭᠠᠪᠢᠶᠠᠲᠠᠨ ᠰᠠᠶ᠋ᠢᠳ ᠠᠬᠠᠮᠠᠳ ᠵᠢᠳᠬᠦᠯᠲᠡᠨ ᠨᠠᠷ ᠲᠤ᠌ ᠰᠣᠨᠣᠰᠬᠠᠨ ᠶᠠᠷᠢᠯᠴᠠᠭᠤᠯᠤᠭᠰᠠᠨ ᠤ᠋ ᠬᠣᠶ᠋ᠢᠨ᠎ᠠ ᠰᠠᠶᠢ ᠵᠢᠩᠬᠢᠨᠢ ᠪᠠᠷ ᠵᠠᠷᠯᠠᠨ ᠬᠡᠷᠡᠭᠵᠢᠭᠦᠯᠳᠡᠭ ᠪᠠᠶ᠋ᠢᠵᠠᠢ ᠃ ᠰᠡᠭᠦᠯᠡᠷ ᠨᠢ ᠡᠨᠡ ‍ᠬᠦ ᠳᠦᠷᠢᠮ ᠨᠢ ᠤᠯᠠᠮ ᠢ᠋ᠶ᠋ᠠᠷ ᠬᠡᠷᠡᠭᠯᠡᠭᠳᠡᠬᠦ ᠦᠭᠡᠢ ᠪᠣᠯᠵᠤ ᠬᠠᠶᠠᠭᠳᠠᠭᠰᠠᠨ ᠪᠠᠶ᠋ᠢᠪᠠ ᠃ ᠲᠣᠬᠣᠨᠲᠡᠮᠤᠷ ᠬᠠᠭᠠᠨ ᠵᠠᠷᠯᠢᠭ ᠪᠠᠭᠤᠯᠭᠠᠵᠤ ᠲᠤᠰ ᠳᠦᠷᠢᠮ ᠶᠣᠰᠣ ᠶ᠋ᠢ ᠰᠡᠷᠭᠦᠭᠡᠨ ᠶᠠᠪᠤᠭᠤᠯᠤᠭᠠᠳ ᠢᠵᠠᠭᠤᠷᠲᠠᠨ ᠨᠣᠶᠠᠳ ᠤ᠋ᠨ ᠬᠠᠯᠠᠭᠤᠨ ᠬᠦᠷᠢᠶᠡᠯᠡᠯ ᠊ᠢ ᠣᠯᠤᠭᠰᠠᠨ ᠠᠵᠤᠭᠤ ᠃ ᠲᠡᠷᠡ ᠪᠠᠰᠠ ᠲᠥᠪ ᠦ᠋ᠨ ᠨᠣᠶᠠᠳ ᠊ᠢ ᠳᠣᠷᠣᠭᠰᠢ ᠡᠯ᠎ᠡ ᠮᠣᠵᠢ ᠳ᠋ᠤ᠌ ᠰᠢᠯᠵᠢᠭᠦᠯᠦᠨ ᠬᠡᠷᠡᠭᠯᠡᠬᠦ ᠳ᠋ᠦ᠍ ᠡᠷᠬᠡᠪᠰᠢ ᠬᠠᠭᠠᠨ ᠤ᠋ ᠪᠡᠶ᠎ᠡ ᠪᠡᠷ ᠰᠢᠭᠤᠳ ᠰᠤᠷᠭᠠᠨ ᠵᠠᠬᠢᠬᠤ ᠶ᠋ᠢ ᠬᠦᠯᠢᠶᠡᠬᠦ  ᠬᠡᠷᠡᠭᠲᠡᠢ᠃ ᠬᠠᠭᠠᠨ ᠣᠷᠳᠣᠨ ᠤ᠋ ᠲᠦᠰᠢᠮᠡᠳ ᠬᠦᠷᠦᠯᠴᠡᠬᠦ ᠦᠭᠡᠢ ᠪᠠᠶ᠋ᠢᠪᠠᠯ ᠡᠷᠳᠡᠮ ᠴᠢᠳᠠᠪᠤᠷᠢ ᠲᠠᠢ ᠲᠥᠪ ᠭᠣᠣᠯᠴᠢ ᠬᠥᠮᠦᠨ ᠊ᠢ ᠣᠷᠣᠨ ᠨᠤᠲᠤᠭ ᠤ᠋ᠨ ᠲᠦᠰᠢᠮᠡᠳ ᠦ᠋ᠨ ᠳᠣᠲᠣᠷ᠎ᠠ ᠠ᠋ᠴᠠ ᠰᠣᠩᠭᠣᠨ ᠳᠡᠪᠰᠢᠭᠦᠯᠦᠨ ᠬᠡᠷᠡᠭᠯᠡᠬᠦ  ᠬᠡᠷᠡᠭᠲᠡᠢ ᠭᠡᠵᠦ ᠴᠢᠩᠭ᠎ᠠ ᠲᠣᠭᠲᠠᠭᠠᠭᠰᠠᠨ ᠤ᠋ ᠬᠠᠮᠲᠤ ᠣᠷᠣᠨ ᠨᠤᠲᠤᠭ ᠤ᠋ᠨ ᠲᠦᠰᠢᠮᠡᠳ ᠊ᠢ ᠳᠡᠪᠰᠢᠭᠦᠯᠬᠦ ᠪᠠᠭᠤᠷᠠᠭᠤᠯᠬᠤ ᠲᠤᠬᠠᠢ ᠪᠣᠳᠠᠲᠠᠢ ᠵᠢᠷᠭᠤᠭᠠᠨ ᠵᠦᠢᠯ ᠦ᠋ᠨ ᠲᠣᠭᠲᠠᠭᠠᠯ ᠨᠡᠶ᠋ᠢᠲᠡᠯᠡᠪᠡ ᠃ ᠲᠡᠭᠦᠨ ᠳ᠋ᠦ᠍ᠷ ᠬᠠᠷᠢᠶᠠᠲᠤ ᠭᠠᠵᠠᠷ ᠳᠠᠬᠢ ᠡᠷᠦᠬᠡ ᠠᠮᠠ  ᠨᠡᠮᠡᠭᠳᠡᠭᠰᠡᠨ ; ᠲᠠᠷᠢᠶᠠᠨ ᠭᠠᠵᠠᠷ ᠊ᠢ ᠥᠷᠭᠡᠳᠬᠡᠨ ᠬᠠᠭᠠᠯᠪᠤᠷᠢᠯᠠᠭᠰᠠᠨ ; ᠵᠠᠭᠠᠯᠳᠤᠬᠤ ᠭᠡᠷᠡᠴᠢᠯᠡᠬᠦ ᠬᠡᠷᠡᠭ ᠴᠥᠭᠡᠬᠡᠨ ; ᠬᠤᠯᠠᠭᠠᠢ ᠬᠤᠳᠠᠯ ᠊ᠢ ᠳᠠᠷᠤᠭᠰᠠᠨ ; ᠠᠯᠢᠪᠠ ᠵᠠᠷᠤᠯᠭ᠎ᠠ ᠶ᠋ᠢ  ᠨᠡᠢᠴᠡᠯᠡᠭᠰᠡᠨ ; ᠴᠠᠩ ᠫᠢᠩ ᠰᠠᠩ ᠬᠥᠮᠥᠷᠭᠡ ᠶ᠋ᠢ ᠤᠷᠠᠴᠢᠬᠠᠨ ᠢ᠋ᠶ᠋ᠠᠷ ᠶᠠᠪᠤᠭᠤᠯᠤᠭᠰᠠᠨ ᠵᠡᠷᠭᠡ ᠪᠣᠯᠤᠨ᠎ᠠ ᠃ ᠡᠨᠡ ᠵᠢᠷᠭᠤᠭᠠᠨ ᠵᠦᠢᠯ ᠊ᠢ ᠪᠦᠷᠢᠨ ᠢ᠋ᠶ᠋ᠡᠷ ᠪᠦᠲᠦᠭᠡᠨ ᠴᠢᠲᠡᠠᠭᠰᠡᠳ ᠊ᠢ ᠨᠢᠭᠡ ᠵᠡᠷᠭᠡ ᠳᠡᠪᠰᠢᠭᠦᠯᠵᠦ ᠲᠡᠷᠢᠭᠦᠨ ᠪᠣᠯᠭᠠᠬᠤ ; ᠭᠤᠷᠪᠠᠨ ᠵᠦᠢᠯ ᠊ᠢ  ᠪᠦᠲᠦᠭᠡᠭᠰᠡᠳ ᠊ᠢ ᠶᠡᠷᠦ ᠶ᠋ᠢᠨ ᠬᠢ ᠪᠡᠷ ᠤᠯᠠᠷᠢᠭᠤᠯᠵᠤ ᠳᠡᠳ᠋ ᠪᠠᠶ᠋ᠢᠷᠢᠨ ᠳ᠋ᠤᠷ ᠪᠣᠯᠭᠠᠬᠤ ;  ᠵᠢᠷᠭᠤᠭᠠᠨ ᠵᠦᠢᠯ ᠊ᠢ ᠴᠥᠮ ᠡᠰᠡ  ᠪᠦᠲᠦᠭᠡᠭᠰᠡᠳ ᠊ᠢ ᠨᠢᠭᠡ ᠵᠡᠷᠭᠡ ᠪᠠᠭᠤᠷᠠᠭᠤᠯᠵᠤ ᠠᠳᠠᠭ ᠲᠤᠷ ᠪᠣᠯᠭ᠎ᠠ ᠭᠡᠮᠡᠨ ᠵᠠᠷᠯᠠᠪᠠ ᠃ 
     ᠠᠵᠤ ᠠᠬᠤᠢ ᠶ᠋ᠢᠨ ᠲᠠᠯ᠎ᠠ ᠪᠠᠷ ᠵᠠᠷᠤᠯᠭ᠎ᠠ ᠪᠠᠨ ᠭᠠᠮᠨᠠᠬᠤ ᠶ᠋ᠢᠨ ᠲᠥᠯᠥᠭᠡ ᠳᠥᠷᠪᠡᠨ ᠵᠢᠯ ᠦ᠋ᠨ ᠳᠣᠲᠣᠷ᠎ᠠ ᠴᠢᠬᠤᠯᠠ ᠦᠭᠡᠢ ᠠᠯᠢᠪᠠ ᠪᠠᠷᠢᠯᠭ᠎ᠠ ᠶ᠋ᠢᠨ ᠠᠵᠢᠯ ᠊ᠢ ᠴᠥᠮ ᠵᠣᠭᠰᠣᠭᠠᠭᠰᠠᠨ ᠪᠥᠭᠡᠳ ᠬᠠᠭᠠᠨ ᠤ᠋ ᠢᠳᠡᠰᠢᠨ ᠦ᠌ ᠬᠣᠨᠢ ᠠ᠋ᠴᠠ ᠡᠳᠦᠷ ᠲᠦ᠍ ᠨᠢᠭᠡ ᠠᠷᠪᠢᠯᠠᠬᠤ ᠬᠡᠷᠡᠭᠲᠡᠢ ᠬᠡᠮᠡᠪᠡ ᠃ 
     ᠳᠠᠪᠠᠭᠠᠨ ᠠᠷᠤ ᠶ᠋ᠢᠨ ᠠᠭᠤᠷ ᠠᠮᠢᠰᠬᠤᠯ ᠬᠠᠬᠢᠷ ᠬᠦᠢᠲᠡᠨ ᠲᠤᠯᠠ ᠲᠠᠷᠢᠶ᠎ᠠ ᠤᠷᠭᠤᠬᠤ ᠦᠭᠡᠢ ᠂ ᠵᠢᠯ ᠪᠦᠷᠢ ᠳᠠᠶ᠋ᠢᠳᠤ ᠬᠣᠲᠠ ᠠ᠋ᠴᠠ ᠵᠠᠭᠤᠨ ᠲᠦᠮᠡᠨ ᠲᠠᠭᠠᠷ ᠠᠮᠤ ᠬᠦᠨᠡᠰᠦᠨ ᠊ᠢ ᠬᠠᠷᠠᠬᠣᠷᠢᠨ ᠳ᠋ᠤ᠌ ᠵᠥᠭᠡᠭᠡᠪᠦᠷᠢᠯᠡᠨ ᠨᠥᠭᠡᠴᠡᠯᠡᠵᠦ ᠥᠯᠥᠰᠬᠦᠯᠡᠩ ᠭᠠᠴᠢᠭ ᠪᠣᠯᠬᠤ ᠶ᠋ᠢ ᠰᠡᠷᠭᠡᠶ᠋ᠢᠯᠡᠪᠡ ᠃   

     ᠲᠣᠬᠣᠨᠲᠡᠮᠤᠷ ᠬᠠᠭᠠᠨ ᠢ᠋ᠶ᠋ᠠᠷ ᠲᠣᠭᠲᠠᠭ᠎ᠠ ᠶ᠋ᠢᠨ ᠲᠥᠷᠥ ᠶ᠋ᠢᠨ ᠲᠥᠯᠥᠭᠡ ᠲᠥᠷᠥᠯ ᠢ᠋ᠶ᠋ᠡᠨ ᠣᠭᠣᠷᠴᠤ ᠰᠢᠳᠤᠷᠭᠤ ᠵᠢᠷᠤᠮ ᠊ᠢ ᠪᠠᠷᠢᠵᠤ ᠨᠢᠭᠡᠨ ᠰᠡᠳᠬᠢᠯ ᠢ᠋ᠶ᠋ᠡᠷ ᠵᠢᠳᠬᠦᠭᠰᠡᠨ ᠪᠠ ᠲᠣᠷᠵᠢᠪᠠᠯ ᠂ ᠠᠷᠤᠭᠲᠦ ᠨᠠᠷ ᠤ᠋ᠨ ᠬᠦᠴᠦᠲᠡᠢ ᠳᠡᠮᠵᠢᠯᠭᠡ ᠳᠣᠣᠷ᠎ᠠ ᠬᠠᠷᠭᠢᠰ ᠲᠦᠷᠢᠮᠡᠬᠡᠢ ᠪᠠᠶᠠᠨ ᠴᠢᠩᠰᠠᠩ ᠊ᠢ ᠬᠥᠭᠡᠭᠡᠵᠦ ᠶᠠᠪᠤᠭᠤᠯᠤᠭᠰᠠᠨ ᠤ᠋ ᠬᠣᠶ᠋ᠢᠨ᠎ᠠ ᠂ ᠠᠩᠬᠠᠨ ᠤ᠋ ᠠᠷᠪᠠᠨ ᠬᠡᠳᠦᠨ ᠵᠢᠯ ᠦ᠋ᠨ ᠬᠣᠭᠣᠷᠣᠨᠳᠣ ᠪᠦᠬᠦ ᠰᠡᠳᠬᠢᠯ ᠪᠦᠬᠦ ᠵᠣᠷᠢᠭ ᠢ᠋ᠶ᠋ᠠᠷ ᠵᠠᠰᠠᠭ ᠲᠥᠷᠥ ᠶ᠋ᠢᠨ ᠤᠶ᠋ᠢᠯᠠ ᠳ᠋ᠤ᠌ ᠬᠦᠴᠦᠯᠡᠨ ᠴᠢᠷᠮᠠᠶ᠋ᠢᠵᠤ ᠴᠢᠩᠭᠢᠰ ᠬᠠᠭᠠᠨ ᠂ ᠬᠤᠪᠢᠯᠠᠢ ᠰᠡᠴᠡᠨ ᠬᠠᠭᠠᠨ ᠤ᠋ ᠵᠣᠪᠠᠵᠤ ᠵᠦᠳᠡᠵᠦ ᠪᠠᠶ᠋ᠢᠭᠤᠯᠤᠭᠰᠠᠨ ᠤᠯᠤᠰ ᠊ᠢ  ᠬᠥᠭᠵᠢᠭᠦᠯᠦᠨ ᠮᠠᠨᠳᠤᠭᠤᠯᠬᠤ ᠪᠠᠷ ᠰᠠᠨᠠᠭ᠎ᠠ ᠰᠡᠳᠬᠢᠯ ᠢ᠋ᠶ᠋ᠡᠨ ᠵᠣᠷᠢᠭᠤᠯᠤᠭᠰᠠᠨ ᠪᠥᠯᠥᠭᠡ ᠃ ᠲᠡᠷᠡ ᠠᠩᠬ᠎ᠠ ᠰᠠᠭᠤᠷᠢᠨ ᠳ᠋ᠤ᠌ ᠰᠠᠭᠤᠭᠰᠠᠨ ᠵᠣᠣ ᠪᠢᠴᠢᠭ ᠲᠦ᠍ ᠪᠡᠨ ᠄ 《 ᠲᠥᠷᠥᠯ ᠤᠷᠤᠭ ᠬᠢᠭᠡᠳ ᠲᠦᠰᠢᠮᠡᠳ ᠲᠠᠨ ᠳ᠋ᠤᠷ ᠢᠲᠡᠭᠡᠮᠦ ᠃ ᠦᠯᠦ ᠴᠢᠳᠠᠬᠤᠢ ᠶ᠋ᠢ ᠮᠢᠨᠦ ᠲᠤᠰᠠᠯᠠᠵᠤ ᠵᠠᠰᠠᠨ ᠥᠪᠡᠳᠡᠭᠰᠢ ᠡᠩᠬᠡᠵᠢᠭᠦᠯ 》  ᠬᠡᠮᠡᠭᠰᠡᠨ ᠶᠣᠰᠣᠭᠠᠷ ᠬᠢᠵᠦ  ᠬᠦᠢᠴᠡᠳᠬᠡᠭᠰᠡᠨ ᠪᠥᠯᠥᠭᠡ ᠃ ᠲᠡᠷᠡ ᠪᠠᠰᠠ ᠶᠤᠸᠠᠨ ᠲᠦᠩ ᠦ᠋ᠨ ᠭᠤᠷᠪᠠᠳᠤᠭᠠᠷ ᠣᠨ (1335 ᠣᠨ ) ᠊ᠢ ᠤᠯᠠᠷᠢᠵᠤ ᡁᠢ ᠶᠤᠸᠠᠨ ᠤ᠋ ᠲᠡᠷᠢᠭᠦᠨ ᠣᠨ ᠭᠡᠮᠡᠨ  ᠨᠡᠷᠡᠢᠳᠦᠭᠰᠡᠨ ᠵᠣᠣ ᠪᠢᠴᠢᠭ ᠲᠦ᠍ ᠪᠡᠨ ᠄ 《 ᠪᠢ ᠲᠩᠷᠢ ᠶ᠋ᠢᠨ ᠢᠪᠡᠭᠡᠯ ᠢ᠋ᠶ᠋ᠡᠷ ᠶᠡᠬᠡ ᠰᠠᠭᠤᠷᠢᠨ ᠳ᠋ᠤᠷ ᠰᠠᠭᠤᠵᠤ ᠡᠳᠦᠭᠡ ᠭᠤᠷᠪᠠᠨ ᠣᠨ ᠪᠣᠯᠪᠠᠢ ᠃ ᠡᠳᠦᠷ ᠰᠥᠨᠢ ᠦᠭᠡᠢ ᠠᠶᠤᠨ ᠡᠮᠢᠶᠡᠵᠦ  ᠬᠢᠴᠢᠶᠡᠭᠰᠡᠨ ᠦ᠌ ᠲᠤᠯᠠ ᠡᠨᠡ ᠬᠡᠳᠦᠨ ᠵᠢᠯ ᠲᠠᠷᠢᠶᠠᠨ ᠲᠥᠷᠥᠵᠦ ᠳᠥᠷᠪᠡᠨ ᠳᠠᠯᠠᠢ ᠳᠣᠲᠣᠷᠠᠬᠢᠨ ᠡᠩᠬᠡᠵᠢᠪᠡᠢ ᠃ ᠪᠢ ᠡᠷᠳᠡᠮ ᠊ᠢ ᠨᠡᠮᠡᠵᠦ ᠵᠠᠰᠠᠨ ᠡᠳᠦᠷ ᠪᠦᠷᠢ ᠲᠩᠷᠢ ᠶ᠋ᠢ ᠰᠢᠲᠦᠵᠦ ᠢᠷᠭᠡᠨ ᠊ᠢ ᠬᠠᠶ᠋ᠢᠷᠠᠯᠠᠬᠤᠢ ᠶ᠋ᠢ ᠡᠷᠭᠢᠨ ᠪᠣᠯᠭᠠᠮᠤ 》 ᠬᠡᠮᠡᠭᠰᠡᠨ ᠪᠠ ᡁᠢ ᠵᠧᠩ ᠦ᠋ᠨ ᠲᠠᠪᠤᠳᠤᠭᠠᠷ ᠣᠨ (1345 ᠣᠨ ) ᠤ᠋ ᠡᠪᠦᠯ ᠦ᠋ᠨ ᠲᠡᠷᠢᠭᠦᠨ ᠰᠠᠷ᠎ᠠ ᠳ᠋ᠤ᠌ ᠳᠡᠯᠭᠡᠷᠡᠩᠭᠦᠢ ᠲᠣᠬᠣᠨᠢᠭᠤᠯᠬᠤ ᠶᠠᠮᠤᠨ ᠤ᠋ ᠲᠦᠰᠢᠮᠡᠳ ᠊ᠢ ᠳᠣᠷᠣᠭᠰᠢ ᠪᠠᠶ᠋ᠢᠴᠡᠭᠠᠭᠤᠯᠤᠷ᠎ᠠ ᠢᠯᠡᠭᠡᠭᠰᠡᠨ ᠵᠣᠣ ᠪᠢᠴᠢᠭ ᠲᠦ᠍ ᠪᠡᠨ ᠄ 《 ᠪᠢ ᠰᠠᠭᠤᠷᠢᠨ ᠳ᠋ᠤᠷ ᠰᠠᠭᠤᠭᠰᠠᠨ ᠠ᠋ᠴᠠ ᠢᠨᠠᠭᠰᠢ ᠠᠷᠪᠠᠨ ᠢᠯᠡᠭᠦᠦ ᠵᠢᠯ ᠪᠣᠯᠪᠠ ᠃ ᠮᠢᠨᠦ ᠪᠡᠶ᠎ᠡ ᠪᠦᠬᠦ ᠢᠷᠭᠡᠨ ᠦ᠌ ᠳᠡᠭᠡᠷ᠎ᠡ ᠠᠵᠤ ᠶᠢᠰᠦᠨ ᠳᠠᠪᠬᠤᠷ ᠤ᠋ᠨ ᠳᠣᠲᠣᠷ᠎ᠠ ᠰᠠᠭᠤᠭᠰᠠᠨ ᠢ᠋ᠶ᠋ᠠᠷ ᠦᠵᠡᠬᠦ ᠰᠣᠨᠣᠰᠬᠤ ᠶ᠋ᠢ ᠭᠦᠢᠴᠡᠳᠬᠡᠵᠦ ᠦᠯᠦ ᠴᠢᠳᠠᠬᠤ ᠶ᠋ᠢᠨ ᠲᠤᠯᠠ ᠬᠡᠳᠦᠢ ᠡᠳᠦᠷ ᠰᠥᠨᠢ ᠦᠭᠡᠢ ᠵᠣᠪᠠᠨ ᠵᠢᠳᠬᠦᠵᠦ ᠬᠣᠲᠠᠯᠠ ᠢᠷᠭᠡᠨ ᠊ᠢ ᠠᠮᠤᠷᠵᠢᠭᠤᠯᠤᠶ᠎ᠠ ᠭᠡᠪᠡᠴᠦ ᠨᠠᠶ᠋ᠢᠷᠲᠤ ᠠᠭᠤᠷ ᠦᠯᠦ ᠳᠣᠬᠢᠶᠠᠨ ᠬᠠᠷᠢᠨ ᠢᠷᠣ᠎ᠠ ᠭᠠᠮᠰᠢᠭ ᠦᠷᠭᠦᠯᠵᠢ ᠪᠣᠯᠤᠮᠤᠢ ᠃ ᠰᠤᠷᠭᠠᠯ ᠰᠣᠶᠣᠯ ᠠᠯᠳᠠᠷᠰᠢᠨ ᠶᠣᠰᠣ ᠬᠡᠮᠵᠢᠶ᠎ᠡ ᠦᠯᠦ ᠲᠣᠭᠲᠠᠨ ᠂ ᠲᠦᠰᠢᠮᠡᠳ ᠦ᠋ᠨ ᠭᠡᠮ ᠦᠯᠦ ᠠᠷᠢᠯᠤᠨ ᠪᠦᠬᠦ ᠢᠷᠭᠡᠨ ᠳ᠋ᠦ᠍ᠷ ᠵᠣᠪᠠᠯᠠᠩ  ᠭᠥᠷᠳᠡᠪᠡᠢ ‍ᠶ᠎ᠠ ᠃ ᠡᠰᠡᠪᠡᠰᠦ ᠵᠠᠷᠯᠢᠭ ᠊ᠢ ᠵᠠᠷᠯᠠᠬᠤ ᠪᠠ ᠲᠤᠰᠢᠶᠠᠯ ᠳ᠋ᠤᠷ ᠠᠭᠴᠢ ᠠᠷᠠᠳ ᠬᠢᠭᠡᠳ ᠬᠠᠷᠢᠭᠤ ᠪᠤᠷᠤᠭᠤᠰᠢᠶᠠᠭᠳᠠᠬᠤ ᠲᠦᠰᠢᠮᠡᠳ ᠥᠪᠡᠷ ᠥᠪᠡᠷ ᠦ᠋ᠨ ᠲᠤᠰᠢᠶᠠᠯ ᠢ᠋ᠶ᠋ᠠᠨ ᠣᠰᠣᠯᠳᠠᠬᠤ ᠪᠣᠯᠪᠠᠤ ᠃ ᠲᠡᠶ᠋ᠢᠮᠦ ᠶ᠋ᠢᠨ ᠲᠤᠯᠠ ᠲᠦᠰᠢᠮᠡᠳ ᠊ᠢ ᠲᠤᠰ ᠲᠤᠰ ᠢ᠋ᠶ᠋ᠠᠷ ᠭᠠᠷᠭᠠᠵᠤ ᠡᠪᠰᠡᠭᠦᠯᠦᠨ  ᠲᠣᠭᠲᠠᠭᠠᠷ᠎ᠠ ᠢᠯᠡᠭᠡᠪᠡᠢ ᠃ ᠢᠷᠭᠡᠨ ᠦ᠌ ᠵᠣᠪᠠᠬᠤ ᠪᠠ ᠮᠤᠰᠬᠢᠭᠳᠠᠭᠰᠠᠨ ᠊ᠢ ᠢᠯᠭ᠎ᠠ ; ᠬᠠᠷᠭᠢᠰ ᠮᠠᠭᠤ ᠬᠢᠭᠡᠳ  ᠰᠠᠢᠨ ᠰᠢᠳᠤᠷᠭᠤ ᠲᠦᠰᠢᠮᠡᠳ ᠦ᠋ᠨ ᠶᠠᠪᠤᠳᠠᠯ ᠊ᠢ ᠪᠠᠶ᠋ᠢᠴᠠᠭᠠᠬᠤ ᠂ ᠳᠡᠪᠰᠢᠭᠦᠯᠬᠦ ᠂ ᠪᠠᠭᠤᠷᠠᠭᠤᠯᠬᠤ ᠶ᠋ᠢ ᠲᠣᠳᠣᠷᠠᠭᠤᠯᠤᠨ ᠶᠠᠯᠠᠯᠠᠪᠠᠰᠤ ᠵᠣᠬᠢᠬᠤ ᠲᠦᠰᠢᠮᠡᠳ ᠊ᠢ ᠲᠠᠪᠤᠳᠤᠭᠠᠷ ᠵᠡᠷᠭᠡ ᠡᠴᠡ ᠳᠡᠭᠡᠭᠰᠢᠬᠢ ᠶ᠋ᠢ ᠲᠤᠰᠢᠶᠠᠯ ᠠ᠋ᠴᠠ ᠲᠦᠷ ᠵᠣᠭᠰᠣᠭᠠᠨ ᠰᠣᠨᠣᠰᠬᠠᠵᠤ ᠠᠶ᠋ᠢᠯᠠᠤᠠᠬ᠎ᠠ ; ᠵᠢᠷᠭᠤᠳᠤᠭᠠᠷ ᠵᠡᠷᠭᠡ ᠡᠴᠡ ᠳᠣᠭᠣᠭᠰᠢᠬᠢ ᠶ᠋ᠢ ᠲᠡᠨᠳᠡ ᠳᠠᠷᠤᠢ ᠳ᠋ᠤ᠌ ᠡᠪᠳᠡᠨ ᠢᠷᠭᠡᠨ ᠳ᠋ᠦ᠍ᠷ ᠲᠤᠰᠠᠲᠤ ᠠᠯᠢᠪᠠ ᠦᠢᠯᠡ ᠶ᠋ᠢ ᠪᠦᠲᠦᠭᠡᠨ ᠵᠣᠪᠠᠯᠠᠩ ᠪᠣᠯᠬᠤ ᠦᠢᠯᠡ ᠪᠦᠬᠦᠨ ᠊ᠢ ᠠᠷᠢᠯᠭᠠᠨ ᠶᠠᠪᠤᠭᠤᠯ 》 ᠬᠡᠮᠡᠪᠡ ᠃ 
     ᠡᠷᠲᠡᠨ ᠦ᠌ ᠦᠭᠡᠨ ᠳ᠋ᠦ᠍ ᠵᠣᠪᠠᠯᠠᠩ ᠲᠤᠯᠭᠠᠷᠠᠪᠠᠰᠤ ᠬᠠᠲᠠᠭᠤᠵᠢ ᠂ ᠵᠢᠷᠭᠠᠯ ᠡᠲᠯᠡᠪᠡᠰᠦ ᠰᠡᠷᠡᠮᠵᠢᠯᠡ ᠭᠡᠮᠡᠨ ᠪᠣᠢ ᠃ ᠲᠣᠬᠤᠨᠲᠡᠮᠦᠷ ᠬᠠᠭᠠᠨ ᠢ᠋ᠶ᠋ᠠᠷ ᠬᠠᠷᠠᠬᠠᠨ ᠪᠠᠭ᠎ᠠ ᠨᠠᠰᠤᠨ ᠳ᠋ᠤ᠌ ᠪᠠᠨ ᠬᠠᠯᠠ ᠵᠣᠪᠠᠯᠠᠩ ᠊ᠢ ᠬᠠᠨᠲᠠᠯ᠎ᠠ ᠠᠮᠰᠠᠵᠤ ᠪᠠᠶ᠋ᠢᠬᠰᠠᠨ ᠠ᠋ᠴᠠ ᠬᠠᠭᠠᠨ ᠤ᠋ ᠠᠮᠢᠳᠤᠷᠠᠯ ᠊ᠢ ᠭᠡᠨᠡᠳᠲᠡ ᠥᠩᠭᠡᠷᠡᠭᠦᠯᠵᠦ ᠬᠣᠷᠢᠭᠠᠳ ᠨᠠᠰᠤᠨ ᠠ᠋ᠴᠠ ᠡᠬᠢᠯᠡᠭᠡᠳ ᠬᠣᠷᠸ᠋᠎ᠠ ᠶᠢᠷᠲᠢᠨᠴᠦ ᠶ᠋ᠢᠨ ᠠᠯᠢᠪᠠ ᠵᠢᠷᠭᠠᠯ ᠴᠡᠩᠭᠡᠯ ᠊ᠢ ᠡᠲᠯᠡᠬᠦ ᠪᠣᠯᠪᠠ ᠃ ᠲᠡᠷᠡ ᠬᠡᠮᠵᠢᠶᠡᠯᠡᠰᠢ ᠦᠭᠡᠢ ᠬᠠᠭᠠᠨ ᠡᠷᠬᠡ ᠪᠡᠨ ᠰᠡᠷᠭᠦᠭᠡᠭᠰᠡᠨ ᠦ᠌ ᠬᠠᠮᠲᠤ  ᠨᠥᠭᠴᠢᠭᠰᠡᠨ ᠬᠠᠭᠠᠨ ᠡᠴᠢᠭᠡ ᠪᠣᠯᠤᠨ ᠡᠬᠡ ᠳ᠋ᠦ᠍ ᠪᠡᠨ ᠬᠢᠯᠢᠰ ᠊ᠢ ᠴᠠᠭᠠᠳᠬᠠᠵᠤ ᠥᠰᠢᠶ᠎ᠡ ᠬᠣᠷᠣᠰᠤᠯ ᠢ᠋ᠶ᠋ᠠᠨ ᠠᠪᠴᠤ ᠵᠠᠰᠠᠭ ᠲᠥᠷᠥ ᠶ᠋ᠢᠨ ᠶᠠᠪᠤᠳᠠᠯ ᠳ᠋ᠤ᠌ ᠨᠢᠭᠡᠨ ᠰᠡᠳᠬᠢᠯ ᠢ᠋ᠶ᠋ᠡᠷ ᠵᠢᠳᠬᠦᠵᠦ ᠲᠡᠦᠬᠡᠨ ᠳ᠋ᠦ᠍ ᠪᠣᠭᠳᠠ ᠴᠢᠩᠭᠢᠰ ᠬᠠᠭᠠᠨ ᠂ ᠬᠤᠪᠢᠯᠠᠢ ᠰᠡᠴᠡᠨ ᠬᠠᠭᠠᠨ ᠮᠡᠲᠦ ᠨᠡᠷ᠎ᠡ ᠠᠯᠳᠠᠷ ᠢ᠋ᠶ᠋ᠠᠨ ᠥᠨᠢᠳᠡ ᠠᠯᠳᠠᠷᠰᠢᠭᠤᠯᠬᠤ ᠶ᠋ᠢ ᠰᠡᠳᠬᠢᠪᠡ ᠃ ᠲᠡᠶ᠋ᠢᠨ ᠠᠲᠠᠯ᠎ᠠ ᠬᠡᠷᠡᠭ ᠶᠠᠪᠤᠳᠠᠯ ᠭᠡᠳᠡᠭ ᠴᠢᠨᠢ ᠬᠥᠮᠦᠨ ᠦ᠌ ᠰᠠᠨᠠᠭ᠎ᠠ ᠪᠠᠷ ᠪᠣᠯᠳᠠᠭ ᠦᠭᠡᠢ ᠠᠵᠤᠭᠤ ᠃  ᠥᠩᠭᠡᠷᠡᠭᠰᠡᠨ ᠬᠡᠳᠦᠨ  ᠬᠠᠭᠠᠨ ᠤ᠋ ᠦᠶ᠎ᠡ ᠳ᠋ᠦ᠍ ᠪᠦᠷᠢᠯᠳᠦᠨ ᠲᠣᠭᠲᠠᠭᠰᠠᠨ 《 ᠡᠷᠬᠡᠲᠦ ᠰᠠᠶ᠋ᠢᠳ ᠤ᠋ᠨ ᠤᠯᠤᠰ ᠲᠥᠷᠥ 》 ᠶ᠋ᠢᠨ ᠪᠠᠷᠠᠭᠠᠨ ᠰᠡᠭᠦᠳᠡᠷ ᠲᠡᠶ᠋ᠢᠮᠦ ᠠᠮᠠᠷᠬᠠᠨ ᠠᠷᠢᠯᠬᠤ ᠦᠭᠡᠢ ᠂ ᠶᠡᠷᠦ ᠨᠢ ᠲᠣᠬᠤᠨᠲᠡᠮᠦᠷ ᠬᠠᠭᠠᠨ ᠤ᠋ ᠪᠡᠶ᠎ᠡ ᠶ᠋ᠢᠨ ᠲᠣᠭᠣᠷᠢᠨ ᠳ᠋ᠤ᠌ ᠡᠷᠭᠢᠯᠳᠦᠨ ᠲᠣᠭᠣᠷᠢᠭᠠᠳ ᠰᠠᠯᠬᠤ ᠦᠭᠡᠢ ᠃ ᠶᠠᠮᠠᠷ ᠨᠢᠭᠡᠨ ᠵᠠᠪᠰᠢᠶᠠᠨ ᠲᠣᠬᠢᠶᠠᠯ ᠊ᠢ ᠣᠯᠵᠤ ᠳᠠᠬᠢᠨ ᠰᠡᠷᠭᠦᠬᠦ ᠪᠡᠷ ᠲᠡᠯᠴᠢᠯᠡᠨ ᠤᠷᠤᠯᠳᠤᠵᠤ ᠪᠠᠶ᠋ᠢᠪᠠ ᠃ ᠶᠠᠭ ᠡᠨᠡ ᠦᠶ᠎ᠡ ᠳ᠋ᠦ᠍ ᠲᠣᠬᠤᠨᠲᠡᠮᠦᠷ ᠬᠠᠭᠠᠨ ᠤ᠋ ᠡᠴᠢᠭᠡ  ᠬᠣᠱ᠌ᠢᠯᠨ ᠬᠤᠲᠤᠭᠲᠤ ᠬᠠᠭᠠᠨ ᠤ᠋ ᠰᠢᠳᠠᠷ ᠲᠦᠰᠢᠮᠡᠯ ᠪᠠᠶ᠋ᠢᠬᠰᠠᠨ ᠠᠷᠭᠤᠨᠲᠡᠮᠦᠷ ᠬᠡᠮᠡᠭᠴᠢ 《  ᠰᠠᠢᠨ ᠰᠡᠳᠬᠢᠯ 》 ᠦ᠋ᠨ ᠡᠭᠦᠳᠡᠨ ᠡᠴᠡ ᠶᠦ᠍ᠮ ‍ᠤᠤ ᠂ ᠡᠰᠡᠬᠦᠯ᠎ᠡ ᠣᠨᠳᠣᠣ ᠰᠠᠨᠠᠭᠠᠨ ᠤ᠋ ᠡᠭᠦᠳᠡᠨ ᠡᠴᠡ ᠶᠦ᠍ᠮ ‍ᠤᠤ ᠪᠤᠤ ᠮᠡᠳᠡ ᠂ ᠴᠣᠭ ᠵᠣᠯᠪᠣᠭ᠎ᠠ ᠬᠠᠷᠠᠬᠠᠨ ᠪᠠᠳᠠᠷᠠᠩᠭᠤᠢ ᠪᠠᠶ᠋ᠢᠬᠰᠠᠨ ᠵᠠᠯᠠᠭᠤ ᠬᠠᠭᠠᠨ ᠲᠣᠬᠤᠨᠲᠡᠮᠦᠷ ᠲᠦ᠍ ᠪᠤᠭᠤᠷᠤᠯᠴᠤᠳ ᠤ᠋ᠨ ᠪᠣᠳᠣᠯᠭ᠎ᠠ ᠪᠣᠯᠪᠠᠰᠤᠨᠴᠤᠳ ᠤ᠋ᠨ  ᠲᠤᠷᠰᠢᠯᠭ᠎ᠠ ᠪᠣᠯᠭᠠᠨ ᠠᠶ᠋ᠢᠯᠠᠤᠠᠬᠠᠭᠰᠠᠨ 《 ᠳᠡᠯᠡᠬᠡᠢ ᠳ᠋ᠠᠬᠢᠨ ᠤ᠋ ᠬᠡᠷᠡᠭ ᠬᠦᠨᠳᠦ ᠲᠤᠯᠠ ᠴᠢᠩᠰᠠᠩ ᠨᠠᠷ ᠲᠤᠷ ᠲᠤᠰᠢᠶᠠᠨ ᠰᠢᠢᠳᠬᠡᠭᠦᠯᠵᠦ ᠡᠵᠡᠨ ᠢ᠋ᠶ᠋ᠡᠷ ᠲᠡᠳᠡᠨ ᠊ᠢ ᠬᠢᠨᠠᠵᠤ ᠦᠵᠡᠪᠡᠰᠦ ᠪᠠᠷᠠᠪᠠᠢ ‍ᠶ᠎ᠠ ᠃ ᠬᠡᠷᠪᠡ ᠵᠠᠰᠠᠭ ᠤ᠋ᠨ ᠬᠡᠷᠡᠭ ᠊ᠢ ᠥᠪᠡᠷ ᠦ᠋ᠨ ᠪᠡᠶ᠎ᠡ ᠪᠡᠷ ᠲᠠᠰᠤᠯᠤᠨ ᠰᠢᠢᠳᠬᠡᠬᠦᠢ ᠳ᠋ᠦ᠍ᠷ ᠬᠦᠷᠪᠡᠰᠦ ᠡᠴᠦᠰ ᠲᠦ᠍ ᠮᠠᠭᠤ ᠨᠡᠷ᠎ᠡ ᠶ᠋ᠢ ᠬᠣᠴᠣᠷᠭᠠᠮᠤᠢ 》 ᠬᠡᠮᠡᠭᠰᠡᠨ ᠦᠭᠡ ᠨᠢ ᠲᠣᠬᠤᠨᠲᠡᠮᠦᠷ ᠲᠦ᠍ ᠭᠦᠨ ᠰᠠᠭᠤᠭᠳᠠᠯ  ᠥᠭᠴᠡᠢ᠃ ᠲᠡᠷᠡ ᠬᠠᠷᠭᠢᠰ ᠲᠦᠷᠢᠮᠡᠬᠡᠢ ᠪᠠᠶᠠᠨ ᠴᠢᠩᠰᠠᠩ ᠊ᠢ ᠬᠥᠭᠡᠭᠡᠵᠦ ᠶᠠᠪᠤᠭᠤᠯᠤᠭᠰᠠᠨ ᠤ᠋ ᠬᠣᠶ᠋ᠢᠨ᠎ᠠ ᠳᠣᠭᠲᠤᠬ᠋᠎ᠠ ᠶ᠋ᠢᠨ ᠡᠴᠢᠭᠡ ᠮᠠᠵᠠᠷᠲᠠᠢ ᠶ᠋ᠢ ᠪᠠᠷᠠᠭᠤᠨ ᠭᠠᠷᠤᠨ ᠴᠢᠩᠰᠠᠩ ᠡᠷᠭᠦᠮᠵᠢᠯᠡᠵᠦ ᠂ ᠳᠣᠭᠲᠤᠬ᠋᠎ᠠ ᠶ᠋ᠢᠨ ᠳᠡᠭᠦᠦ ᠡᠰᠡᠨᠲᠡᠮᠦᠷ ᠊ᠢ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠡᠷᠭᠢᠨ ᠰᠠᠶ᠋ᠢᠳ ᠪᠣᠯᠭᠠᠭᠰᠠᠨ ᠪᠠ ᠳᠣᠭᠲᠤᠬ᠋᠎ᠠ ᠶ᠋ᠢ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠵᠠᠬᠢᠷᠤᠭᠴᠢ ᠨᠣᠶᠠᠨ ᠪᠣᠯᠭᠠᠵᠤ ᠴᠡᠷᠢᠭ ᠵᠠᠰᠠᠭ ᠤ᠋ᠨ ᠪᠦᠬᠦ ᠡᠷᠬᠡ ᠳᠣᠭᠲᠤᠬ᠋᠎ᠠ ᠡᠴᠢᠭᠡ ᠬᠥᠪᠡᠭᠦᠨ ᠭᠤᠷᠪᠠᠭᠤᠯᠠ ᠶ᠋ᠢᠨ ᠭᠠᠷ ᠲᠤ᠌  ᠡᠵᠡᠮᠰᠢᠭᠳᠡᠪᠡ ᠃  
      ᠳᠣᠭᠲᠤᠬ᠋᠎ᠠ ᠶ᠋ᠢᠨ ᠡᠴᠢᠭᠡ ᠮᠠᠵᠠᠷᠲᠠᠢ ᠲᠥᠪ ᠪᠢᠴᠢᠭ ᠦ᠋ᠨ ᠮᠣᠵᠢ ᠶ᠋ᠢᠨ ᠶᠡᠬᠡ ᠡᠷᠬᠡ ᠶ᠋ᠢ ᠠᠳᠬᠤᠭᠰᠠᠨ ᠤ᠋ ᠬᠣᠶ᠋ᠢᠨ᠎ᠠ ᠡᠳ᠋ ᠠᠰᠢᠭ ᠊ᠢ ᠶᠡᠬᠡ ᠪᠡᠷ ᠴᠥᠯᠪᠡᠨ ᠬᠣᠪᠳᠣᠭᠯᠠᠨ ᠠᠪᠯᠢᠭᠠᠯᠠᠪᠠ ᠃ ᠲᠡᠷᠡ ᠲᠦᠩᠵᠸᠦ ᠳ᠋ᠦ᠍ ᠪᠠᠭᠤᠳᠠᠯ ᠨᠡᠭᠡᠭᠡᠵᠦ ᠂ ᠢᠷᠡᠵᠦ ᠣᠴᠢᠬᠤ ᠠᠷᠠᠯᠵᠢᠶᠠᠴᠢᠨ ᠤ᠋ ᠡᠳ᠋ ᠪᠠᠷᠠᠭ᠎ᠠ ᠂ ᠮᠠᠯ ᠤᠨᠤᠭ᠎ᠠ ᠶ᠋ᠢ ᠬᠣᠷᠢᠵᠤ ᠬᠠᠳᠠᠭᠠᠯᠠᠨ ᠳᠤᠮᠳᠠ ᠠ᠋ᠴᠠ ᠨᠢ ᠠᠰᠢᠭ ᠣᠯᠤᠭᠰᠠᠨ ᠪᠠ ᠠᠷᠢᠬᠢᠨ ᠤ᠋ ᠦᠢᠯᠡᠳᠬᠡᠯ ᠬᠡᠳᠦ ᠬᠡᠳᠦᠨ ᠭᠠᠵᠠᠷ ᠪᠠᠶ᠋ᠢᠭᠤᠯᠤᠨ ᠡᠳᠦᠷ ᠲᠦ᠍ ᠬᠡᠳᠦᠨ ᠲᠦᠮᠡᠨ ᠲᠠᠭᠠᠷ ᠠᠮᠤ ᠪᠤᠳᠠᠭ᠎ᠠ ᠵᠠᠷᠤᠴᠠᠭᠤᠯᠵᠤ ᠪᠠᠶ᠋ᠢᠵᠠᠢ ᠃ 
      ᠳᠣᠭᠲᠤᠬ᠋᠎ᠠ ᠡᠴᠢᠭᠡ ᠶ᠋ᠢᠨ ᠢ᠋ᠶ᠋ᠡᠨ ᠡᠳ᠋ ᠠᠰᠢᠭ ᠲᠤ᠌ ᠬᠣᠪᠳᠣᠭ ᠊ᠢ ᠦᠵᠡᠭᠡᠳ ᠮᠠᠰᠢ ᠶᠡᠬᠡ ᠳᠤᠷ᠎ᠠ ᠦᠭᠡᠶ᠋ᠢᠴᠡᠨ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠨᠢᠭᠡᠨ ᠵᠥᠪᠯᠡᠭᠴᠢ ᠲᠦᠰᠢᠮᠡᠯ ᠳ᠋ᠦ᠍ ᠥᠭᠦᠯᠡᠷᠦᠨ ᠄ 《 ᠡᠳᠦᠭᠡ ᠮᠢᠨᠦ ᠡᠴᠢᠭᠡ ᠡᠳ᠋ ᠠᠰᠢᠭ ᠲᠤ᠌ ᠬᠡᠲᠦᠷᠬᠡᠢ ᠰᠢᠨᠤᠵᠤ ᠪᠣᠢ ᠃ ᠡᠨᠡ ᠢᠨᠤ ᠵᠠᠰᠠᠭ ᠲᠤ᠌ ᠲᠤᠰᠠ ᠦᠭᠡᠢ ᠲᠤᠯᠠ ᠲᠠ ᠪᠠᠷ ᠬᠠᠭᠠᠨ ᠳ᠋ᠤᠷ ᠠᠶ᠋ᠢᠯᠠᠤᠠᠬᠠᠵᠤ ᠡᠴᠢᠭᠡ ᠶ᠋ᠢᠨ ᠮᠢᠨᠦ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠊ᠢ ᠣᠭᠴᠣᠷᠠᠭᠤᠯᠬᠤ  ᠪᠣᠯᠪᠠᠤ 》ᠬᠡᠮᠡᠭᠰᠡᠨ ᠳ᠋ᠦ᠍ᠷ ᠲᠡᠷᠡ ᠪᠡᠷ ᠦᠨᠡᠬᠡᠷ ᠲᠣᠭᠲᠤᠬ᠋᠎ᠠ ᠶ᠋ᠢᠨ ᠦᠭᠡ ᠪᠡᠷ ᠲᠤᠬᠤᠨᠲᠡᠮᠦᠷ ᠬᠠᠭᠠᠨ ᠳ᠋ᠤ᠌ ᠠᠶ᠋ᠢᠯᠠᠤᠠᠬᠠᠪᠠᠢ ᠃ 
      ᠲᠣᠬᠣᠨᠲᠡᠮᠤᠷ ᠬᠠᠭᠠᠨ ᠪᠠᠰᠠ ᠪᠤᠰᠤᠳ ᠤ᠋ᠨ ᠥᠭᠦᠯᠡᠯᠳᠦᠬᠦ ᠶ᠋ᠢ ᠠᠯᠢ ᠬᠡᠲᠦᠶ᠋ᠢᠨ ᠰᠣᠨᠣᠰᠤᠭᠰᠠᠨ ᠪᠣᠯᠬᠣᠷ ᠲᠡᠷᠡ ᠳᠠᠷᠤᠢ ᠵᠠᠷᠯᠢᠭ ᠪᠠᠭᠤᠯᠭᠠᠵᠤ ᠨᠠᠰᠤ ᠠᠬᠢᠮᠠᠭ ᠪᠣᠯᠤᠭᠰᠠᠨ ᠬᠡᠮᠡᠬᠦ ᠰᠢᠯᠲᠠᠭ ᠢ᠋ᠶ᠋ᠠᠷ ᠮᠠᠵᠠᠷᠲᠠᠢ ᠶ᠋ᠢᠨ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ  ᠊ᠢ ᠬᠠᠰᠤᠵᠤ  ᠲᠠᠢᠰᠢ ᠶ᠋ᠢᠨ ᠴᠣᠯᠠ ᠶ᠋ᠢ ᠦᠯᠡᠳᠡᠭᠡᠵᠦ ᠭᠡᠷ ᠣᠷᠣᠨ ᠳ᠋ᠤ᠌ ᠨᠢ ᠰᠤᠯᠠ ᠰᠠᠭᠤᠯᠭᠠᠪᠠ᠃ ᠲᠣᠭᠲᠣᠬ᠋᠎ᠠ ᠶ᠋ᠢ  ᠡᠴᠢᠭᠡ ᠶ᠋ᠢᠨ  ᠢᠨᠤ ᠲᠤᠰᠢᠶᠠᠯ ᠳ᠋ᠤ᠌ ᠲᠣᠮᠢᠯᠠᠵᠤ ᠂ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠪᠣᠯᠭᠠᠪᠠ᠃ 
      ᡁᠢ ᠵᠧᠩ ᠦ᠋ᠨ ᠳᠥᠷᠪᠡᠳᠦᠭᠡᠷ ᠣᠨ (1344 ᠣᠨ ) ᠳ᠋ᠤ᠌ ᠮᠠᠵᠠᠷᠲᠠᠢ ᠲᠥᠷᠥᠭᠰᠡᠨ ᠨᠤᠲᠤᠭ  ᠭᠠᠨᠵᠸᠤ ( ᠣᠳᠣ ᠶ᠋ᠢᠨ ᠭᠠᠨᠰᠦ ᠮᠣᠵᠢ ᠶ᠋ᠢᠨ ᠵᠠᠩ ᠶᠧ ) ᠳ᠋ᠦ᠍ ᠪᠡᠨ  ᠪᠤᠴᠠᠬᠤ ᠪᠠᠷ  ᠭᠤᠶᠤᠪᠠ ᠃ ᠲᠡᠳᠦᠢ ᠳ᠋ᠦ᠍ᠷ ᠲᠣᠭᠲᠤᠬ᠋᠎ᠠ ᠶ᠋ᠢ ᠶᠡᠬᠡ ᠠᠪᠠᠭ᠎ᠠ ᠪᠠᠨ ᠬᠥᠭᠡᠭᠡᠵᠦ ᠶᠠᠪᠤᠭᠤᠯᠤᠭᠰᠠᠨ ᠪᠠ ᠡᠴᠢᠭᠡ ᠪᠡᠨ  ᠬᠣᠪᠯᠠᠵᠤ ᠲᠤᠰᠢᠶᠠᠯ ᠊ᠢ ᠨᠢ ᠪᠤᠯᠢᠶᠠᠨ ᠠᠪᠤᠭᠰᠠᠨ ᠭᠡᠮᠡᠨ ᠬᠥᠮᠦᠰ ᠮᠠᠭᠤᠳᠬᠠᠨ ᠥᠭᠦᠯᠡᠯᠳᠦᠮᠦᠢ ᠃ ᠲᠣᠭᠲᠤᠬ᠋᠎ᠠ ᠶᠠᠷᠢᠶ᠎ᠠ ᠬᠡᠯᠡᠯᠴᠡᠭᠡᠨ ᠦ᠌ ᠬᠦᠨᠳᠦ ᠳᠠᠷᠤᠯᠲᠠ ᠳᠣᠣᠷ᠎ᠠ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠢ᠋ᠶ᠋ᠠᠨ ᠲᠦᠯᠬᠢᠵᠦ ᠡᠴᠢᠭᠡ ᠪᠡᠨ ᠳᠠᠭᠠᠭᠠᠳ ᠲᠥᠷᠥᠭᠰᠡᠨ ᠨᠤᠲᠤᠭ ᠭᠠᠨᠵᠸᠤ ᠳ᠋ᠤ᠌ ᠪᠤᠴᠠᠬᠤ ᠪᠠᠷ ᠳᠡᠭᠡᠭᠰᠢ ᠠᠶ᠋ᠢᠯᠠᠳᠬᠠᠪᠠ᠃ ᠲᠣᠬᠣᠨᠲᠡᠮᠤᠷ ᠬᠠᠭᠠᠨ ᠲᠣᠭᠲᠤᠬ᠋᠎ᠠ ᠶ᠋ᠢᠨ ᠠᠶ᠋ᠢᠯᠠᠳᠬᠠᠯ ᠤ᠋ᠨ ᠪᠢᠴᠢᠭ ᠊ᠢ ᠣᠯᠤᠭᠠᠳ ᠲᠡᠷᠡ ᠳᠠᠷᠤᠢ  ᠵᠥᠪᠰᠢᠶᠡᠷᠡᠪᠡ᠃ ᠲᠣᠬᠣᠨᠲᠡᠮᠤᠷ ᠬᠠᠭᠠᠨ ᠲᠣᠭᠲᠠᠭ᠎ᠠ ᠶ᠋ᠢᠨ ᠭᠤᠶᠤᠳᠠᠯ ᠊ᠢ ᠶᠠᠭᠤᠨ ᠳ᠋ᠤ᠌ ᠡᠶ᠋ᠢᠮᠦ ᠲᠦᠷᠭᠡᠨ ᠵᠥᠪᠰᠢᠶᠡᠷᠡᠭᠰᠡᠨ ᠪᠣᠢ ? ᠭᠡᠪᠡᠯ ᠴᠠᠭᠠᠨ᠎ᠠ ᠨᠢ ᠥᠭᠡᠷ᠎ᠡ ᠤᠴᠢᠷ ᠪᠣᠢ᠃ ᠳᠠᠷᠠᠭᠠᠬᠢ ᠪᠦᠯᠦᠭ ᠲᠦ᠍ ᠦᠵᠡᠲᠦᠭᠡᠢ ᠃ 

     ᠦᠰᠦᠭ ᠠᠮᠢᠯᠠᠭᠤᠯᠤᠭᠴᠢ ᠄ ᠪᠦᠷᠢᠨᠵᠢᠷᠭᠠᠯ ᠂  ᠮᠥᠩᠭᠦᠨᠴᠡᠴᠡᠭ ᠂ ᠪᠤᠤ ᠿᠦᠩ ᠬᠤᠸᠠ ᠂ ᠰᠠᠷᠠᠨ᠎ᠠ ᠂ ᠥᠷᠯᠥᠭ ᠂ ᠴᠸᠨ ᠬᠤᠪᠢᠰᠬᠠᠯ᠂ ᠡᠷᠳᠡᠨᠢ
      ᠬᠢᠨᠠᠭ᠌ᠴᠢ ᠄  ᠮᠥᠴᠢᠷ