ᠰᠡᠤᠠᠬᠢᠯ ᠨᠢ ᠬᠤᠪᠢᠷᠠᠭᠰᠠᠨ ᠠᠮᠠᠷᠠᠭ ᠳᠠᠭᠠᠨ – ᠷ ᠂ ᠴᠣᠢᠨᠣᠮ Сэтгэл нь  хувирсан амрагтаа – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠤᠠᠬᠢᠯ ᠨᠢ ᠬᠤᠪᠢᠷᠠᠭᠰᠠᠨ ᠠᠮᠠᠷᠠᠭ ᠳᠠᠭᠠᠨ – ᠷ ᠂ ᠴᠣᠢᠨᠣᠮ Сэтгэл нь  хувирсан амрагтаа – Р ᠂ Чойном

ᠰᠡᠤᠠᠬᠢᠯ ᠨᠢ ᠬᠤᠪᠢᠷᠠᠭᠰᠠᠨ ᠠᠮᠠᠷᠠᠭ ᠳᠠᠭᠠᠨ – ᠷ ᠂ ᠴᠣᠢᠨᠣᠮ Сэтгэл нь  хувирсан амрагтаа – Р ᠂ Чойном

2023-03-27

289

ᠰᠡᠤᠠᠬᠢᠯ ᠨᠢ ᠬᠤᠪᠢᠷᠠᠭᠰᠠᠨ ᠠᠮᠠᠷᠠᠭ ᠳᠠᠭᠠᠨ


 ᠣᠷᠣᠭᠠᠳ ᠢᠷᠡᠬᠦ  ᠳ᠋ᠦ᠍ ᠴᠢᠨᠢ ᠪᠥᠭᠡᠮ ᠪᠠᠶᠠᠷ ᠪᠣᠯᠤᠯ᠎ᠠ
 ᠣᠷᠴᠢᠯᠠᠩ ᠲᠡᠪᠡᠷᠢᠭᠡᠳ ᠪᠠᠭᠲᠠᠷᠠᠵᠤ ᠤᠨᠠᠬᠤ ᠰᠢᠬᠠᠯ᠎ᠠ
 ᠲᠡᠭᠡᠲᠡᠯ᠎ᠡ ᠪᠢ ᠨᠢᠲᠦᠨ  ᠳ᠋ᠦ᠍ ᠴᠢᠨᠢ ᠥᠪᠡᠷ ᠦ᠋ᠨ ᠶ᠋ᠢᠡᠨ
 ᠲᠡᠨᠡᠭᠯᠡᠵᠦ ᠪᠠᠶ᠋ᠢᠬ᠋᠎ᠠ ᠶ᠋ᠢ ᠭᠡᠨᠡᠤᠠᠲᠡ ᠣᠯᠵᠤ ᠬᠠᠷᠠᠯ᠎ᠠ ᠃

 ᠠᠭᠤᠴᠢᠯᠠᠭᠠᠷᠠᠢ ᠨᠠᠮ᠎ᠠ ᠶ᠋ᠢ
 ᠤᠷᠢᠲᠤ ᠶ᠋ᠢᠨ ᠴᠢ ᠮᠢᠨᠢ ᠪᠢᠰᠢ ᠪᠠᠶ᠋ᠢᠨ᠎ᠠ
 ᠡᠮᠦᠰᠦᠭᠡᠳ ᠭᠠᠷᠤᠭᠰᠠᠨ ᠬᠤᠪᠴᠠᠰᠤ ᠴᠢᠨᠢ ᠮᠥᠨ ᠪᠠᠶ᠋ᠢᠨ᠎ᠠ
 ᠥᠪᠡᠷ ᠶ᠋ᠢᠡᠨ ᠴᠢ ᠪᠢᠰᠢ ᠪᠠᠶ᠋ᠢᠨ᠎ᠠ

 ᠨᠢᠲᠦ ᠴᠢᠨᠢ ᠨᠢᠭᠡ ᠯᠡ ᠪᠢᠰᠢ ᠪᠠᠶ᠋ᠢᠨ᠎ᠠ
 ᠨᠢᠭᠦᠯ ᠬᠢᠯᠢᠨᠴᠡ ᠪᠡᠨ ᠪᠢᠲᠡᠭᠡᠢ ᠲᠣᠭᠠᠴᠢᠭᠠᠷᠠᠢ
 ᠴᠢᠷᠠᠢ ᠴᠢᠨᠢ ᠨᠢᠭᠡ ᠯᠡ ᠪᠢᠰᠢ ᠪᠠᠶ᠋ᠢᠨ᠎ᠠ
 ᠴᠠᠭᠠᠨ᠎ᠠ ᠪᠠᠨ ᠬᠥᠮᠦᠨ ᠲᠡᠢ ᠪᠣᠯᠤᠭᠰᠠᠨ ᠭᠡᠵᠦ ᠪᠢᠲᠡᠭᠡᠢ ᠬᠡᠯᠡᠭᠡᠷᠡᠢ

 ᠪᠢ ᠮᠡᠲᠡᠵᠦ ᠪᠠᠶ᠋ᠢᠨ᠎ᠠ ᠁ ᠬᠠᠷᠠᠵᠤ ᠪᠠᠶ᠋ᠢᠨ᠎ᠠ
 ᠪᠢᠲᠡᠭᠡᠢ ᠨᠠᠮ᠎ᠠ ᠶ᠋ᠢ ᠮᠡᠬᠡᠯᠡ ! ᠪᠢᠲᠡᠭᠡᠢ ᠨᠠᠲᠠ ᠲᠠᠶ᠋ᠢᠯᠤᠨ ᠲᠠᠯᠪᠢ
 ᠢᠩᠭᠢᠵᠦ ᠤᠲᠠᠭᠠᠨ ᠬᠦᠯᠢᠶᠡᠯᠭᠡᠭᠡᠳ ᠡᠶ᠋ᠢᠮᠦ ᠢᠷᠡᠬᠦ ᠶ᠋ᠢᠨ ᠣᠷᠣᠨ ᠳ᠋ᠦ᠍
 ᠢᠷᠡᠬᠦ ᠦᠭᠡᠢ ᠪᠣᠯ ᠁ ᠳᠡᠭᠡᠷ᠎ᠡ ᠪᠠᠶ᠋ᠢᠵᠠᠢ ᠳ᠋ᠠ !

 ᠥᠭᠡᠷ᠎ᠡ ᠬᠥᠮᠦᠨ ᠊ᠢ ᠪᠢ ᠬᠦᠯᠢᠶᠡᠭᠰᠡᠨ ᠶᠤᠮ
 ᠥᠭᠡᠲᠡ ᠡᠴᠡ ᠮᠢᠨᠢ ᠡᠭᠴᠡ ᠰᠢᠷᠲᠡᠳᠡᠭ ᠨᠢᠭᠦᠯ ᠦᠭᠡᠶ᠋ᠢᠬᠡᠨ ᠬᠣᠩᠭᠣᠷ ᠬᠠᠷᠠᠴᠠ ᠲᠠᠢ
 ᠦᠬᠦᠭᠡᠷᠲᠡᠩᠬᠡᠨ ᠡᠩᠬᠦᠷᠡᠢᠯᠡᠳᠡᠭ ᠡᠭᠡᠯ ᠦᠭᠡᠶ᠋ᠢᠬᠡᠨ ᠬᠠᠯᠠᠭᠤᠨ ᠰᠡᠤᠠᠬᠢᠯ ᠲᠡᠢ
 ᠡᠪᠦᠷ ᠲᠤ ᠨᠢ ᠰᠠᠯᠬᠢ ᠣᠷᠣᠬ᠋᠎ᠠ ᠦᠭᠡᠢ ᠴᠢᠩ ᠬᠠᠶ᠋ᠢᠷ᠎ᠠ ᠶ᠋ᠢ ᠪᠡᠨ ᠪᠢ ᠬᠦᠯᠢᠶᠡᠭᠰᠡᠨ ᠶᠤᠮ ᠃

 ᠵᠥᠪᠬᠡᠨ ᠶᠣᠰᠣ ᠪᠣᠲᠣᠵᠤ ᠪᠤᠰᠤ ᠦᠨᠡᠨ ᠰᠡᠤᠠᠬᠢᠯ ᠡᠴᠡ ᠪᠡᠨ  ᠲᠡᠪᠡᠷᠢᠳᠡᠭ
 ᠵᠥᠭᠡᠯᠡᠨ ᠳᠤᠯᠠᠭᠠᠨ ᠢᠨᠢᠶᠡᠲᠦ ᠪᠡᠷ ᠶ᠋ᠢᠡᠨ ᠡᠷᠦᠬᠡ ᠭᠡᠷ ᠊ᠢ ᠳᠤᠯᠠᠭᠠᠴᠠᠭᠤᠯᠳᠠᠭ
 ᠵᠥᠷᠢᠭᠦᠤᠠᠬᠡᠨ ᠠᠭᠠᠳ ᠡᠷᠬᠡᠬᠡᠨ ᠬᠡᠦᠬᠡᠳ ᠮᠡᠲᠦ ᠴᠠᠭᠠᠬᠠᠨ
 ᠵᠥᠪ ᠦᠨᠡᠨᠴᠢ ᠠᠮᠠᠷᠠᠭ ᠶ᠋ᠢᠠᠨ ᠪᠢ  ᠬᠦᠯᠢᠶᠡᠭᠰᠡᠨ ᠶᠤᠮ ᠃

 ᠬᠦᠯᠢᠶᠡᠭᠰᠡᠨ ᠢᠨᠠᠭ ᠮᠢᠨᠢ ᠡᠷᠭᠢᠵᠦ  ᠢᠷᠡᠭᠰᠡᠨ ᠦᠭᠡᠢ
 ᠬᠥᠮᠦᠨ ᠪ ᠬᠠᠯᠠᠭᠤᠨ ᠰᠢᠪᠡᠨᠡᠭᠡ ᠶ᠋ᠢ ᠮᠢᠨᠦ ᠡᠰᠡᠷᠭᠦ ᠬᠤᠤᠪᠢᠯᠲᠤᠭᠠᠨ ᠊ᠢ
 ᠬᠦᠢᠲᠡᠨ ᠴᠡᠭᠡᠵᠢᠨ  ᠳ᠋ᠦ᠍ ᠪᠡᠨ ᠨᠢᠭᠤᠭᠰᠠᠨ ᠠᠶᠤᠮᠠᠬᠠᠢ ᠨᠢᠭᠡᠨ ᠤᠷᠪᠠᠭᠴᠢ
 ᠬᠦᠴᠦ ᠪᠡᠷ  ᠢᠨᠢᠶᠡᠮᠰᠦᠭᠯᠡᠬᠦᠢᠴᠡ ᠪᠡᠨ ᠪᠣᠯᠵᠤ ᠮᠢᠨᠦ ᠡᠮᠦᠨ᠎ᠡ ᠵᠣᠭᠰᠣᠵᠤ ᠪᠠᠶ᠋ᠢᠨ᠎ᠠ

 ᠥᠭᠭᠦᠭᠰᠡᠨ ᠪᠡᠯᠡᠭ ᠶ᠋ᠢᠡᠨ ᠡᠷᠭᠢᠭᠦᠯᠦᠭᠡᠳ ᠬᠤᠯᠠᠭᠠᠶ᠋ᠢᠯᠠᠭᠰᠠᠨ
 ᠥᠭᠡᠲᠡ ᠦᠭᠡᠢ ᠠᠮᠢᠲᠠᠨ ᠲᠠᠢ ᠶᠠᠭᠤ ᠪᠠᠨ ᠪᠢ ᠶᠠᠷᠢᠬᠤ ᠪᠢᠯᠡ
 ᠣᠲᠣ ᠶᠠᠪᠤ ᠳ᠋ᠠ
 ᠨᠠᠮ᠎ᠠ ᠶ᠋ᠢ ᠪᠡᠨ ᠥᠪᠡᠷ ᠊ᠢ ᠪᠡᠨ ᠪᠠᠭᠠᠬᠠᠨ ᠵᠣᠪᠠᠭᠠᠵᠤ ᠦᠵᠡ !
 ᠤᠭᠲᠤ ᠠᠭᠤᠯᠵᠠᠬ᠋᠎ᠠ ᠦᠭᠡᠢ ᠪᠣᠯ
 ᠶᠠᠲᠠᠬᠤ  ᠳ᠋ᠦ᠍ ᠪᠠᠨ ᠡᠨᠡ ᠠᠭᠤᠯᠵᠠᠯᠲᠠ ᠠ᠋ᠴᠠ ᠪᠠᠨ ᠤᠷᠢᠲᠤ ᠦᠬᠦᠭᠰᠡᠨ ᠰᠠᠨ ᠪᠣᠯ ᠳᠡᠭᠡᠷ᠎ᠡ ᠪᠠᠶ᠋ᠢᠵᠠᠢ !
                    1976.10.30

      《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ —  》
         — ᠤᠶᠠᠩᠭ᠎ᠠ ‍ᠶ᠋ᠢᠨ ᠰᠢᠯᠦᠭ  ᠠ᠋ᠴᠠ ᠬᠠᠭᠤᠯᠪᠠ ᠃
         ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
         ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ        

     ᠦᠰᠦᠭ᠋ ᠠᠮᠢᠯᠠᠭᠤᠯᠤᠭᠴᠢ ᠄  ᠰᠢᠷᠠᠨᠤᠳ ᠂ ᠰᠠᠮᠲᠠᠨᠭᠡᠷᠡᠯ
            ᠬᠢᠨᠠᠭᠴᠢ ᠄ ᠪᠤᠤ ᠡᠷᠴᠢᠨ