ᠪᠣᠷᠣᠬ᠋᠎ᠠ - ᠷ ᠂ ᠴᠣᠢᠨᠣᠮ Бороо – Р ᠂ Чойном
ᠪᠣᠷᠣᠬ᠋᠎ᠠ
ᠠᠮᠤᠭᠤᠯᠠᠩ ᠲᠩᠷᠢ ᠳ᠋ᠦ᠍
ᠵᠠᠩᠬᠢᠷᠠᠵᠤ ᠭᠠᠷᠤᠭᠰᠠᠨ ᠡᠭᠦᠯᠡᠰ ᠪᠣᠯᠵᠤ
ᠠᠤᠬ᠋ᠠ ᠶᠡᠬᠡ ᠪᠠᠶ᠋ᠢᠭᠠᠯᠢ ᠶ᠋ᠢᠨ ᠪᠣᠲᠣᠯ
ᠦᠢᠮᠡᠷᠡᠵᠦ ᠪᠠᠶ᠋ᠢᠬᠤ ᠰᠢᠭ᠋ ᠰᠠᠨᠠᠭᠲᠠᠪᠠ
ᠠᠰᠬᠠᠷᠠᠨ ᠣᠷᠣᠬᠤ ᠪᠣᠷᠣᠭᠠᠨ ᠪ
ᠵᠢᠭᠳᠡ ᠤᠰᠤᠨ ᠳᠤᠰᠤᠯ ᠦ᠋ᠳ
ᠠᠯᠲᠠᠨ ᠶᠠᠲᠤᠬ᠋ᠠ ᠬᠤᠭᠤᠷ ᠦ᠋ᠨ ᠬᠢᠨᠢ
ᠤᠲᠠᠰᠤ ᠨᠤᠭᠤᠳ ᠰᠢᠭ᠋ ᠬᠠᠷᠠᠭᠲᠠᠪᠠ
ᠨᠢᠲᠦ ᠰᠣᠬᠣᠯᠵᠤ ᠬᠢᠯᠠᠰᠬᠢᠬᠦ
ᠬᠦᠴᠦᠲᠦ ᠴᠠᠬᠢᠯᠭᠠᠨ ᠪᠣᠯ
ᠨᠦᠰᠡᠷ ᠶᠡᠬᠡ ᠪᠠᠶ᠋ᠢᠭᠠᠯᠢ ᠶ᠋ᠢᠨ ᠲᠠᠷᠢᠬᠢᠨᠡ
ᠵᠢᠷᠤᠰᠬᠢᠨ ᠡᠭᠦᠰᠬᠦ ᠤᠩᠭᠤᠳ ᠭᠡᠮᠡᠷ
ᠨᠦᠷᠭᠢᠯᠡᠨ ᠳᠠᠭᠤᠷᠢᠰᠬᠤ ᠠᠶᠤᠩᠬ᠋ᠠ ᠶ᠋ᠢᠨ
ᠡᠷᠡᠮᠡᠬᠡᠢ ᠳᠣᠭᠰᠢᠨ ᠴᠢᠮᠡᠭᠡ
ᠲᠦᠷᠭᠡᠯᠡᠨ ᠲᠣᠪᠰᠢᠬᠤ ᠬᠥᠭᠵᠢᠮ ᠦ᠋ᠨ
ᠨᠡᠢᠯᠡᠭᠰᠡᠨ ᠠᠶᠠᠯᠭᠤ ᠭᠡᠮᠡᠷ ( ᠨᠢᠭᠡᠨ )
ᠲᠩᠷᠢ ᠭᠠᠵᠠᠷ ᠊ᠢ ᠬᠣᠯᠪᠣᠭᠰᠠᠨ
ᠶᠠᠲᠤᠬ᠋ᠠ ᠶ᠋ᠢᠨ ᠲᠦᠮᠡᠨ ᠤᠲᠠᠰᠤᠨ ᠳ᠋ᠦ᠍ ᠪᠠᠨ
ᠲᠡᠩᠬᠡᠭᠡ ᠶᠡᠬᠡᠲᠡᠢ ᠪᠠᠶ᠋ᠢᠭᠠᠯᠢ
ᠢᠯᠠᠯᠲᠠ ᠶ᠋ᠢᠨ ᠮᠠᠷᠱ ᠲᠣᠭᠯᠠᠭᠠᠳ
ᠲᠡᠷᠭᠡᠯ ᠳᠤᠭᠤᠢ ᠰᠣᠯᠣᠩᠬ᠋᠎ᠠ ᠪᠠᠷ
ᠠᠭᠤᠯᠠ ᠡᠭᠦᠯᠡᠰ ᠊ᠢ ᠳᠠᠮᠵᠢᠭᠤᠯᠤᠨ
ᠲᠡᠷᠡ ᠬᠥᠭᠵᠢᠮ ᠦ᠋ᠨ ᠶ᠋ᠢᠡᠨ ᠨᠣᠲ᠋ ᠊ᠢ
ᠭᠡᠷᠡᠯ ᠦ᠋ᠨ ᠬᠠᠤᠯᠢ ᠪᠠᠷ ᠪᠢᠴᠢᠪᠡ ᠃
1976.5.31
《 ᠷ · ᠴᠣᠶ᠋ᠢᠨᠣᠮ ᠤᠨ ᠰᠢᠯᠦᠭ ᠵᠣᠬᠢᠶᠠᠯ ᠤᠨ ᠬᠤᠷᠢᠶᠠᠬᠤᠢ — 》
— ᠤᠶᠠᠩᠭ᠎ᠠ ᠶ᠋ᠢᠨ ᠰᠢᠯᠦᠭ ᠠ᠋ᠴᠠ ᠬᠠᠭᠤᠯᠪᠠ ᠃
ᠪᠢ᠊ · ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ
ᠦᠰᠦᠭ ᠠᠮᠢᠯᠠᠭᠤᠯᠤᠭᠴᠢ ᠄ ᠰᠢᠷᠠᠨᠤᠳ ᠂ ᠰᠠᠮᠲᠠᠨᠭᠡᠷᠡᠯ
ᠬᠢᠨᠠᠭᠴᠢ ᠄ ᠪᠤᠤ ᠡᠷᠴᠢᠨ
