ᠣᠶ᠋ᠢᠵᠢᠭᠤᠯᠬᠤ ᠬᠦᠰᠡᠯ - ᠭᠦᠷᠵᠠᠪ Ойжуулах хүсэл      -  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠶ᠋ᠢᠵᠢᠭᠤᠯᠬᠤ ᠬᠦᠰᠡᠯ - ᠭᠦᠷᠵᠠᠪ Ойжуулах хүсэл      -  Гүржав

ᠣᠶ᠋ᠢᠵᠢᠭᠤᠯᠬᠤ ᠬᠦᠰᠡᠯ - ᠭᠦᠷᠵᠠᠪ Ойжуулах хүсэл      -  Гүржав

2023-03-27

254

ᠣᠶ᠋ᠢᠵᠢᠭᠤᠯᠬᠤ ᠬᠦᠰᠡᠯ


                  ᠭᠦᠷᠵᠠᠪ

 ᠤᠷᠲᠤ ᠮᠠᠩᠬᠠᠨ ᠪ ᠲᠡᠷᠡ ᠤᠷᠤᠢ
 ᠤᠤᠯ ᠠ᠋ᠴᠠ ᠠᠪᠤᠭᠠᠳ ᠬᠣᠵᠢᠭᠢᠷ ᠤᠷᠤᠢ
 ᠤᠰᠤ ᠴᠠᠰᠤ ᠶᠡᠷᠦ ᠲᠣᠭᠲᠠᠲᠠᠭ ᠦᠭᠡᠢ
 ᠤᠯᠠᠭᠠᠨ ᠨᠢᠴᠦᠭᠦᠨ ᠱᠠᠯᠲᠠᠩ ᠤᠷᠤᠢ
 ᠤᠬᠠᠭᠠᠨ ᠰᠡᠴᠡᠨ ᠂ ᠰᠠᠨᠠᠬ᠋᠎ᠠ ᠰᠠᠷᠠᠭᠤᠯ
 ᠤᠯᠢᠶᠠᠷᠬᠠᠭ  ᠳᠡᠭᠵᠢᠨ ᠪᠠᠭᠠᠴᠤᠳ ᠪᠢᠲᠡ
 ᠤᠨᠠᠭᠰᠠᠨ ᠨᠤᠲᠤᠭ ᠶ᠋ᠢᠠᠨ ᠨᠣᠭᠣᠭᠠᠷᠠᠭᠤᠯᠵᠤ ᠴᠡᠴᠡᠭᠯᠡᠭᠦᠯᠬᠦ
 ᠤᠬᠠᠮᠰᠠᠷᠲᠤ ᠰᠡᠤᠠᠬᠢᠯᠭᠡ ᠶ᠋ᠢ ᠳᠦᠭᠦᠷᠡᠩ ᠡᠪᠦᠷᠯᠡᠭᠡᠳ
 ᠤᠷᠲᠤ ᠮᠠᠩᠬᠠᠨ ᠪ ᠲᠡᠷᠡ ᠤᠷᠤᠢ  ᠳ᠋ᠦ᠍
 ᠤᠷᠭᠤᠴᠠ ᠰᠠᠶ᠋ᠢᠲᠠᠢ ᠮᠣᠲᠣ ᠲᠠᠷᠢᠶ᠎ᠠ !
 ᠤᠲᠠ ᠲᠠᠷᠢᠶ᠎ᠠ ᠁ ᠬᠠᠷᠭᠠᠨ᠎ᠠ ᠲᠠᠷᠢᠶ᠎ᠠ
 ᠤᠯᠢᠶᠠᠰᠤ ᠲᠠᠷᠢᠶ᠎ᠠ ᠁ ᠳᠣᠯᠣᠨᠣ ᠲᠠᠷᠢᠶ᠎ᠠ
 ᠤᠭ ᠳᠦᠷᠰᠦ ᠶ᠋ᠢ ᠨᠢ ᠪᠦᠷᠢᠨ ᠬᠤᠪᠢᠷᠠᠭᠤᠯᠵᠤ
 ᠤᠷᠭᠤᠮᠠᠯ  ᠴᠡᠴᠡᠭᠲᠦ ᠮᠠᠩᠬ᠎ᠠ ᠪᠣᠯᠭᠠᠶ᠎ᠠ
 ᠤᠶᠠᠬᠠᠨ ᠰᠠᠯᠬᠢᠨ  ᠳ᠋ᠦ᠍ ᠨᠠᠶ᠋ᠢᠭᠤᠨ ᠱᠤᠤᠭᠢᠬᠰᠠᠨ
 ᠤᠷᠢᠨ  ᠳᠤᠯᠠᠭᠠᠨ ᠰᠢᠭᠤᠢ ᠪᠣᠯᠭᠠᠶ᠎ᠠ
 ᠤᠷᠠᠨ ᠵᠢᠭᠦᠷᠲᠡᠢ ᠬᠠᠷᠢᠶᠠᠴᠠᠢ ᠪᠤᠶᠤ ᠪᠣᠯᠵᠣᠮᠣᠷ
 ᠤᠶᠠᠩᠭᠠᠯᠠᠨ ᠳᠠᠭᠤᠯᠠᠭᠴᠢ ᠬᠥᠬᠥᠭᠡ ᠪᠤᠶᠤ  ᠴᠡᠭᠴᠡᠦᠬᠡᠢ —
 ᠰᠦᠷᠦᠭ ᠰᠦᠷᠦᠭ ᠶ᠋ᠢᠡᠷ ᠨᠢᠰᠦᠨ ᠢᠷᠡᠵᠦ
 ᠰᠠᠭᠤᠯᠭᠠᠭᠰᠠᠨ ᠡᠨᠡ ᠮᠣᠲᠣᠳ ᠲᠤ ᠮᠢᠨᠢ ᠰᠠᠭᠤᠵᠤ
 ᠳᠠᠭᠤᠯᠠᠬᠤ ᠳᠤᠷᠠᠲᠠᠢ ᠳᠠᠭᠤᠤ ᠪᠠ ᠤᠶᠠᠩᠬ᠋᠎ᠠ ᠪᠠᠨ
 ᠳᠤᠷ᠎ᠠ ᠪᠠᠷ ᠲᠠᠪᠠ ᠪᠠᠷ ᠳᠠᠭᠤᠯᠠᠵᠤ ᠤᠶᠠᠩᠭᠠᠯᠠᠭ ᠳ᠋ᠠ !
 ᠳᠤᠷᠠᠶ᠋ᠢᠲᠠᠯ᠎ᠠ  ᠬᠢᠭᠰᠡᠨ ᠮᠠᠨ ᠪ ᠠᠵᠢᠯᠯᠠᠬ᠋᠎ᠠ ᠶ᠋ᠢ
 ᠳᠠᠭᠤᠷᠢᠰᠤᠭᠤᠯᠬᠤ ᠡᠭᠡᠰᠢᠭ ᠶ᠋ᠢᠡᠷ ᠶ᠋ᠢᠡᠨ ᠳᠤᠷᠠᠳᠴᠤ ᠪᠠᠶ᠋ᠢᠬ ᠳ᠋ᠠ !

 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠳᠠᠰᠢᠮ᠎ᠠ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 24 ᠪ ᠡᠲᠦᠷ ᠃