ᠮᠡᠲᠡᠯᠭᠡ ( ᠲᠠᠶ᠋ᠢᠯᠪᠦᠷᠢ ᠰᠢᠯᠦᠭ ) - ᠭᠦᠷᠵᠠᠪ Мэдлэг ( Тайлбар шүлэг ) - Гүржав
ᠮᠡᠲᠡᠯᠭᠡ ( ᠲᠠᠶ᠋ᠢᠯᠪᠦᠷᠢ ᠰᠢᠯᠦᠭ )
ᠭᠦᠷᠵᠡᠪ
( ᠮᠡᠲᠡᠯᠭᠡ ᠭᠡᠵᠦ ᠶᠠᠭᠤ ᠪᠤᠢ ?
ᠮᠡᠲᠡᠨ᠎ᠡ ᠤᠤ? ᠳᠡᠭᠦᠦ ᠨᠠᠷ ᠮᠢᠨᠢ ᠁ )
ᠤᠨᠲᠠᠵᠤ ᠂ ᠢᠲᠡᠬᠦ ᠶ᠋ᠢ ᠲᠡᠩᠴᠡᠭᠦᠯᠬᠦ
ᠣᠭ ᠵᠦᠢ ᠪᠣᠯ ᠮᠡᠲᠡᠯᠭᠡ
ᠠᠭᠤᠷᠯᠠᠵᠤ ᠪᠠᠶᠠᠷᠯᠠᠬᠤ ᠶ᠋ᠢ ᠵᠣᠬᠢᠴᠠᠭᠤᠯᠬᠤ
ᠤᠶᠠᠯᠲᠤᠯ ᠂ ᠳᠡᠮ ᠪᠣᠯ ᠮᠡᠲᠡᠯᠭᠡ
ᠡᠮᠦᠰᠬᠦ ᠂ ᠡᠲᠯᠡᠬᠦ ᠶ᠋ᠢ ᠪᠡᠯᠡᠤᠠᠬᠦ
ᠦᠯᠡᠮᠵᠢ ᠠᠷᠬ᠋᠎ᠠ ᠪᠣᠯ ᠮᠡᠲᠡᠯᠭᠡ
ᠥᠰᠬᠦ ᠂ ᠲᠣᠷᠨᠢᠬᠤ ᠶ᠋ᠢ ᠲᠦᠷᠭᠡᠤᠠᠬᠡᠬᠦ
ᠥᠨᠢᠷ ᠵᠢᠯᠣᠭᠣᠲᠤᠮᠵᠢ ᠪᠣᠯ ᠮᠡᠲᠡᠯᠭᠡ ᠁
ᠠᠭᠤᠷᠬᠠᠢ ᠪᠤᠯᠠᠭᠲᠠᠴᠠ ᠶ᠋ᠢ ᠠᠭᠤᠲᠠᠯᠬᠤ
ᠤᠬᠠᠭᠠᠨ ᠲᠠᠷᠢᠬᠢ ᠪᠣᠯ ᠮᠡᠲᠡᠯᠭᠡ
ᠤᠷᠤᠭᠰᠢᠯᠠᠬᠤ ᠵᠠᠮ ᠊ᠢ ᠳᠠᠪᠢᠰᠬᠦ
ᠤᠷᠠᠨ ᠭᠠᠷ ᠪᠣᠯ ᠮᠡᠲᠡᠯᠭᠡ
ᠣᠷᠴᠢᠯᠠᠩ ᠳᠡᠯᠡᠬᠡᠢ ᠶ᠋ᠢ ᠥᠭᠡᠷᠡᠴᠢᠯᠡᠬᠦ
ᠣᠪᠠᠲᠢᠰ ᠶᠢᠯᠸᠢ ᠪᠣᠯ ᠮᠡᠲᠡᠯᠭᠡ
ᠣᠲᠣᠨ ᠰᠠᠷᠠᠨ ᠊ᠢ ᠤᠷᠭᠠᠯᠠᠬᠤ
ᠣᠭᠣᠰᠣᠷ ᠪᠦᠴᠡ ᠪᠣᠯ ᠮᠡᠲᠡᠯᠭᠡ
ᠮᠡᠲᠡᠯᠭᠡ ᠶ᠋ᠢᠨ ᠡᠬᠢ — ᠳᠤᠨᠳᠠᠷᠠᠰᠢ ᠦᠭᠡᠢ
ᠮᠡᠲᠡᠯᠭᠡ ᠶ᠋ᠢᠨ ᠬᠦᠴᠦᠨ — ᠢᠯᠠᠭᠲᠠᠰᠢ ᠦᠭᠡᠢ
ᠮᠡᠲᠡᠯᠭᠡ ᠪᠡᠷ ᠠᠯᠢᠪᠠ ᠪᠠᠨ ᠵᠡᠪᠰᠡᠭᠯᠡᠵᠦ
ᠮᠡᠲᠡᠯᠭᠡ ᠶ᠋ᠢᠨ ᠰᠣᠷ ᠊ᠢ ᠮᠠᠨᠲᠤᠭᠤᠯᠵᠤ ᠶᠠᠪᠤᠶ᠎ᠠ ᠂ ᠪᠢᠲᠡ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 23 ᠪ ᠡᠲᠦᠷ
