ᠦᠲᠡᠰᠢ - ᠭᠦᠷᠵᠠᠪ Үдэш - Гүржав
ᠦᠲᠡᠰᠢ
ᠭᠦᠷᠵᠠᠪ
ᠠᠶ᠋ᠢᠯ ᠠᠶ᠋ᠢᠯ ᠦ᠋ᠨ
ᠡᠷᠦᠬᠡ ᠡᠭᠦᠲᠡ ᠶ᠋ᠢ
ᠠᠯᠮᠠᠶ᠋ᠢᠷᠠᠵᠤ ᠰᠡᠯᠲᠡᠭᠦᠷᠡᠯ ᠦᠭᠡᠢ
ᠳᠠᠷᠤᠭᠤᠯᠵᠤ ᠂ ᠪᠡᠬᠢᠯᠡᠭᠦᠯᠵᠦ
ᠠᠮᠢᠲᠤᠷᠠᠯ ᠬᠥᠲᠡᠯᠮᠦᠷᠢ ᠶ᠋ᠢᠨ ᠬᠢᠨᠢ
ᠪᠦᠲᠦᠭᠡᠯ ᠦᠷ᠎ᠡ ᠶ᠋ᠢ
ᠠᠯᠠᠭ ᠴᠣᠬᠣᠷ ᠦᠭᠡᠢ
ᠪᠣᠲᠣᠭᠤᠯᠵᠤ ᠂ ᠲᠣᠭᠠᠴᠢᠭᠤᠯᠵᠤ
ᠦᠲᠡᠰᠢ ᠢᠷᠡᠨ᠎ᠡ
ᠥᠯᠢᠭᠡᠷ ᠳᠣᠮᠣᠭ ᠲᠠᠢ ᠢᠷᠡᠨ᠎ᠡ
ᠬᠥᠮᠦᠨ ᠬᠥᠮᠦᠨ ᠪ ᠪᠣᠲᠣᠯ ᠰᠡᠤᠠᠬᠢᠯ ᠊ᠢ
ᠬᠦᠨᠲᠦ ᠳᠠᠷᠤᠭᠠᠰᠤ— ᠠᠵᠢᠯ ᠠ᠋ᠴᠠ ᠨᠢ ᠴᠢᠯᠥᠭᠡᠯᠡᠵᠦ
ᠬᠦᠰᠡᠯ ᠮᠥᠷᠥᠭᠡᠲᠦᠯ
ᠶᠠᠷᠢᠶ᠎ᠠ ᠵᠣᠭᠣᠭ ᠊ᠢ ᠨᠢ
ᠬᠦᠯᠢᠶᠡᠰᠦ ᠴᠡᠭᠡᠷ —
ᠪᠤᠬᠢᠨᠢᠲᠤᠯ ᠠ᠋ᠴᠠ ᠨᠢ ᠮᠤᠯᠲᠤᠷᠠᠭᠤᠯᠵᠤ
ᠦᠲᠡᠰᠢ ᠥᠷᠭᠦᠯᠵᠢᠯᠡᠨ᠎ᠡ
ᠦᠯᠢᠭᠡᠷ ᠳᠣᠮᠣᠭ ᠲᠠᠢ ᠥᠷᠭᠦᠯᠵᠢᠯᠡᠨ᠎ᠡ ᠁
ᠬᠡᠦᠬᠡᠳ ᠂ ᠵᠠᠯᠠᠭᠤᠰ ᠦ᠋ᠨ
ᠨᠠᠭᠠᠲᠤᠮ ᠲᠣᠭᠯᠠᠭᠠᠮ ᠊ᠢ
ᠬᠦᠷᠢᠶᠡᠨ ᠳᠤᠮᠳᠠ
ᠡᠬᠢᠯᠡᠭᠦᠯᠵᠦ ᠂ ᠬᠥᠭᠵᠢᠭᠡᠵᠦ
ᠬᠦᠴᠢᠷ ᠰᠡᠲᠦᠪ
ᠰᠣᠨᠢᠨ ᠠᠰᠠᠭᠤᠯᠲᠠ ᠶ᠋ᠢ
ᠬᠦᠷᠬᠦ ᠮᠠᠷᠭᠠᠰᠢ ᠳ᠋ᠦ᠍
ᠦᠯᠡᠲᠡᠭᠡᠵᠦ ᠂ ᠬᠣᠴᠣᠷᠭᠠᠵᠤ
ᠦᠲᠡᠰᠢ ᠥᠨᠲᠥᠷᠯᠡᠨᠡ
ᠦᠯᠢᠭᠡᠷ ᠳᠣᠮᠣᠭ ᠲᠠᠢ ᠥᠨᠲᠥᠷᠯᠡᠨᠡ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230322
