ᠪᠠᠭᠰᠢ ᠬᠥᠮᠦᠨ - ᠭᠦᠷᠵᠠᠪ Багш хүн - Гүржав
ᠪᠠᠭᠰᠢ ᠬᠥᠮᠦᠨ
— ᠪᠠᠬ᠋᠎ᠠ ᠨᠢᠯᠬ᠎ᠠ ᠰᠤᠷᠤᠭᠴᠢᠳ ᠲᠠᠭᠠᠨ
ᠪᠠᠷᠢᠨ ᠵᠣᠬᠢᠶᠠᠵᠤ ᠤᠩᠰᠢᠵᠤ ᠥᠭᠭᠦᠭᠰᠡᠨ ᠰᠢᠯᠦᠭ
ᠭᠦᠷᠵᠡᠪ
ᠪᠠᠭᠰᠢ ᠬᠥᠮᠦᠨ — ᠬᠥᠭᠡᠷᠦᠬᠦᠢ ᠬᠥᠮᠦᠨ
ᠪᠠᠶ᠋ᠢᠷᠢ ᠰᠠᠭᠤᠷᠢ — ᠳᠣᠣᠷ᠎ᠠ ᠬᠥᠮᠦᠨ
ᠪᠠᠶ᠋ᠢᠭᠤᠯᠬᠤ ᠦᠢᠯᠡᠰ — ᠶᠡᠬᠡ ᠬᠥᠮᠦᠨ
ᠪᠠᠷᠢᠬᠤ ᠬᠥᠯᠥᠰᠥ — ᠪᠠᠬ᠋᠎ᠠ ᠬᠥᠮᠦᠨ
ᠪᠠᠶ᠋ᠢᠲᠠᠭ ᠤᠴᠢᠷ ᠲᠦ ᠵᠢᠳᠬᠦᠳᠡᠭ ᠬᠥᠮᠦᠨ
ᠪᠠᠶ᠋ᠢᠩᠭᠤ ᠶ᠋ᠢᠨ ᠣᠯᠭᠣᠮᠵᠢ ᠳ᠋ᠦ᠍ ᠬᠣᠴᠣᠷᠲᠠᠭ ᠬᠥᠮᠦᠨ
ᠪᠠᠭᠰᠢ ᠬᠥᠮᠦᠨ — ᠦᠨᠡᠨᠴᠢ ᠬᠥᠮᠦᠨ
ᠪᠠᠷᠢᠮᠵᠢᠶ᠎ᠠ ᠲᠠᠩ ᠦᠭᠡᠢ ᠠᠭᠠᠰᠢᠯᠠᠲᠠᠭ ᠦᠭᠡᠢ ᠬᠥᠮᠦᠨ
ᠪᠠᠯᠠᠢ ᠳᠡᠮᠡᠢ ᠴᠠᠯᠴᠢᠲᠠᠭ ᠦᠭᠡᠢ ᠬᠥᠮᠦᠨ
ᠪᠠᠷᠠᠭᠤᠨᠰᠢ ᠵᠡᠭᠦᠨᠰᠢ ᠪᠡᠨ ᠬᠡᠯᠪᠡᠢᠳᠡᠭ ᠦᠭᠡᠢ ᠬᠥᠮᠦᠨ
《 ᠪᠠᠶ᠋ᠢᠯᠲᠤᠭᠴᠢ 》《 ᠴᠡᠷᠢᠭ 》 ᠶ᠋ᠢᠡᠨ ᠳᠣᠣᠷᠠᠰᠢᠶᠠᠳᠠᠭ ᠦᠭᠡᠢ ᠬᠥᠮᠦᠨ
ᠪᠠᠬ᠋᠎ᠠ ᠰᠠᠬ᠋᠎ᠠ ᠣᠯᠣᠯᠲᠠ ᠳ᠋ᠠᠭᠠᠨ ᠬᠠᠨᠤᠲᠠᠭ ᠦᠭᠡᠢ ᠬᠥᠮᠦᠨ
ᠪᠠᠭᠰᠢ ᠬᠥᠮᠦᠨ — ᠪᠠᠭᠠᠲᠤᠷ ᠬᠥᠮᠦᠨ
ᠪᠠᠷᠤᠭ ᠦ᠋ᠨ ᠬᠦᠴᠢᠷ ᠡᠴᠡ ᠰᠦᠷᠳᠡᠳᠡᠭ ᠦᠭᠡᠢ ᠬᠥᠮᠦᠨ
ᠪᠠᠷᠴᠢᠳ ᠵᠣᠪᠠᠯᠠᠩ ᠠ᠋ᠴᠠ ᠠᠶᠤᠲᠠᠭ ᠦᠭᠡᠢ ᠬᠥᠮᠦᠨ
ᠪᠠᠬᠠᠨ ᠣᠯᠠᠨ — ᠳᠦᠰᠢᠭ ᠲᠡᠢ ᠬᠥᠮᠦᠨ
ᠪᠠᠷᠲᠠᠮ ᠴᠠᠯᠭᠢᠮ᠎ᠠ ᠰᠡᠤᠠᠭᠢᠯᠭᠡ ᠲᠡᠢ ᠬᠥᠮᠦᠨ
ᠪᠠᠲᠤ ᠬᠠᠲᠠᠨ ᠪᠣᠲᠣᠯᠬ᠋ᠠ ᠲᠠᠢ ᠬᠥᠮᠦᠨ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 22 ᠪ ᠡᠲᠦᠷ ᠃
