ᠭᠠᠮᠠᠯ- ᠨᠡᠷᠡᠲᠦ ᠪᠢᠴᠢᠭ ᠤᠨ ᠬᠥᠮᠦᠨ ᠪᠥᠭᠡᠳ ᠰᠢᠯᠦᠭᠴᠢГамал-нэрт бичгийн хүн бөгөөд шүлэгч ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠮᠠᠯ- ᠨᠡᠷᠡᠲᠦ ᠪᠢᠴᠢᠭ ᠤᠨ ᠬᠥᠮᠦᠨ ᠪᠥᠭᠡᠳ ᠰᠢᠯᠦᠭᠴᠢГамал-нэрт бичгийн хүн бөгөөд шүлэгч

ᠭᠠᠮᠠᠯ- ᠨᠡᠷᠡᠲᠦ ᠪᠢᠴᠢᠭ ᠤᠨ ᠬᠥᠮᠦᠨ ᠪᠥᠭᠡᠳ ᠰᠢᠯᠦᠭᠴᠢГамал-нэрт бичгийн хүн бөгөөд шүлэгч

ᠠᠩᠭᠢᠯᠠᠯ:ᠴᠤᠤᠲᠤ ᠬᠥᠮᠥᠰ
2023-03-27

568

ᠭᠠᠮᠠᠯ

  — ᠨᠡᠷᠡᠲᠦ ᠪᠢᠴᠢᠭ ᠦ᠋ᠨ ᠬᠥᠮᠦᠨ ᠪᠥᠭᠡᠳ ᠰᠢᠯᠦᠭᠴᠢ

  ᠭᠠᠮᠠᠯ ᠤ᠋ᠨ ᠨᠥᠭᠥᠭᠡ ᠨᠡᠷ᠎ᠡ ᠨᠢ ᠳᠤᠭᠠᠷᠰᠦ᠋ᠷᠦᠩ ᠭᠡᠳᠡᠭ ᠂ ᠬᠠᠪᠠᠬᠠᠴᠢᠨ ᠣᠪᠣᠭ ᠲᠠᠢ ᠂1871 ᠣᠨ ᠳ᠋ᠤ᠌ ᠥᠪᠥᠷ ᠮᠣᠩᠭᠣᠯ ᠤ᠋ᠨ ᠰᠢᠯᠢ ᠶ᠋ᠢᠨ ᠭᠣᠣᠯ ᠤ᠋ᠨ ᠴᠢᠭᠤᠯᠭᠠᠨ ᠤ᠋ ᠦᠵᠦᠮᠦᠴᠢᠨ ᠵᠡᠭᠦᠨ ᠬᠤᠰᠢᠭᠤᠨ ᠤ᠋ ᠠᠭᠡ ᠶ᠋ᠢᠨ ᠰᠤᠮᠤ ( ᠣᠳᠣ ᠶ᠋ᠢᠨ ᠡᠷᠢᠶᠡᠨᠭᠤᠪᠢ ᠰᠤᠮᠤ ) ᠶ᠋ᠢᠨ ᠬᠠᠢᠷ᠎ᠠ ᠶ᠋ᠢᠨ ᠵᠠᠯᠠᠨ ᠵᠡᠷᠭᠡ ᠲᠡᠢ ᠬᠡᠦᠬᠡᠨ ( ᠪᠠᠰᠠ ᠪᠠᠪᠠ ᠭᠡᠳᠡᠭ ) ᠭᠡᠳᠡᠭ ᠮᠠᠯᠴᠢᠨ ᠤ᠋ ᠭᠡᠷ ᠲᠦ᠍ ᠲᠥᠷᠥᠵᠡᠢ ( ᠵᠠᠷᠢᠮ ᠨᠣᠮ ᠳ᠋ᠤ᠌ ᠬᠠᠪᠠᠬᠠᠴᠢᠨ ᠣᠪᠣᠭ ᠤ᠋ᠨ ᠪᠣᠷᠣ ᠮᠡᠢᠷᠡᠨ ᠦ᠌ ᠭᠡᠷ ᠲᠦ᠍ ᠲᠥᠷᠥᠪᠡ ᠭᠡᠵᠦ ᠲᠡᠮᠳᠡᠭᠯᠡᠵᠦ ᠪᠣᠢ ) ᠃

  ᠭᠠᠮᠠᠯ ᠳᠣᠯᠣᠭᠠᠨ ᠨᠠᠰᠤᠨ  ᠠᠴᠠ ᠪᠠᠨ ᠡᠬᠢᠯᠡᠵᠦ ᠵᠠᠬᠢᠷᠤᠭᠴᠢ ᠯᠣᠪᠰᠠᠩᠳᠣᠨᠳᠣᠪ ᠢ᠋ᠶ᠋ᠠᠷ ᠮᠣᠩᠭᠣᠯ ᠪᠢᠴᠢᠭ ᠵᠢᠭᠠᠯᠭᠠᠵᠤ ᠂ ᠤᠯᠠᠮ ᠢ᠋ᠶ᠋ᠠᠷ ᠴᠠᠭᠠᠷᠠᠭᠠᠳ ᠡᠷᠲᠡᠨ ᠦ᠌ ᠨᠣᠮ ᠪᠢᠴᠢᠭ ᠊  ᠢ ᠨᠡᠯᠢᠶᠡᠳ ᠤᠩᠰᠢᠵᠤ ᠂ ᠤᠷᠠᠨ ᠬᠡᠯᠡᠯᠭᠡ ᠶ᠋ᠢ ᠨᠢ ᠲᠡᠮᠳᠡᠭᠯᠡᠨ ᠠᠪᠬᠤ ᠶ᠋ᠢᠨ ᠬᠠᠮᠲᠤ ᠠᠷᠠᠳ ᠤ᠋ᠨ ᠠᠮᠠᠨ ᠵᠣᠬᠢᠶᠠᠯ ᠊  ᠢ ᠰᠣᠨᠢᠷᠬᠠᠨ ᠂ ᠬᠣᠯᠪᠣᠭ᠎ᠠ ᠂ ᠵᠦᠢᠷ ᠰᠡᠴᠡᠨ ᠦᠭᠡᠰ ᠊  ᠢ ᠴᠤᠭᠯᠠᠭᠤᠯᠵᠤ ᠪᠠᠢᠪᠠ ᠃ ᠡᠨᠡ ᠨᠢ ᠲᠡᠭᠦᠨ ᠦ᠌ ᠰᠢᠯᠦᠭ ᠵᠣᠬᠢᠶᠠᠯ ᠪᠢᠴᠢᠬᠦ ᠳ᠋ᠦ᠍ ᠰᠠᠭᠤᠷᠢ ᠪᠣᠯᠵᠤ ᠥᠭᠴᠡᠢ ᠃

  ᠭᠠᠮᠠᠯ ᠠᠷᠪᠠᠨ ᠳᠣᠯᠣᠭᠠᠲᠠᠢ ᠳ᠋ᠤ᠌ ᠪᠠᠨ ᠬᠣᠰᠢᠭᠤ ᠶᠠᠮᠤᠨ ᠤ᠋ ᠰᠤᠷᠬᠤ ᠪᠢᠴᠢᠭᠡᠴᠢ ᠪᠣᠯᠵᠤ ᠂ ᠠᠷᠪᠠᠨ ᠨᠠᠢ᠍ᠮᠠᠲᠠᠢ ᠳ᠋ᠤ᠌ ᠪᠠᠨ ᠬᠣᠰᠢᠭᠤ ᠶᠠᠮᠤᠨ ᠤ᠋ ᠵᠢᠩᠬᠢᠨᠢ ᠪᠢᠴᠢᠭᠡᠴᠢ ᠪᠣᠯᠵᠤ ᠂ ᠬᠣᠷᠢᠨ ᠨᠢᠭᠡᠲᠡᠢ ᠳ᠋ᠦ᠍ ᠪᠡᠨ ᠠᠭᠡ ᠶ᠋ᠢᠨ ᠰᠤᠮᠤᠨ ᠤ᠋ ᠵᠠᠩᠭᠢ ᠪᠣᠯᠵᠤ ᠂ ᠰᠡᠭᠦᠯᠡᠷ ᠨᠢ ᠪᠠᠰᠠ ᠬᠣᠰᠢᠭᠤ ᠵᠠᠩᠭᠢ ᠂ ᠬᠣᠰᠢᠭᠤ ᠮᠡᠢᠷᠡᠨ ᠦ᠌ ᠲᠤᠰᠢᠶᠠᠯ ᠳ᠋ᠤ᠌ ᠲᠠᠪᠰᠢᠨ ᠂ ᠭᠤᠴᠢᠨ ᠳᠣᠯᠣᠭᠠᠲᠠᠢ ᠳ᠋ᠤ᠌ ᠪᠠᠨ ᠬᠣᠰᠢᠭᠤ ᠵᠠᠬᠢᠷᠤᠭᠴᠢ ᠪᠣᠯᠤᠭᠰᠠᠨ ᠪᠠᠢᠨ᠎ᠠ ᠃ ᠲᠡᠷᠡ ᠬᠣᠰᠢᠭᠤ ᠵᠠᠬᠢᠷᠤᠭᠴᠢ ᠶ᠋ᠢᠨ ᠲᠤᠰᠢᠶᠠᠯ ᠳ᠋ᠤ᠌ ᠪᠠᠢᠭᠰᠠᠨ ᠬᠤᠭᠤᠴᠠᠭᠠᠨ ᠳ᠋ᠤ᠌ ᠪᠠᠨ ᠬᠣᠰᠢᠭᠤ ᠨᠡᠢᠲᠡ ᠶ᠋ᠢᠨ ᠲᠥᠯᠥᠭᠡ ᠬᠠᠷᠢ ᠳ᠋ᠤ᠌ ᠥᠭᠬᠦ ᠪᠢᠴᠢᠭ ᠬᠠᠷ᠎ᠠ ᠂ ᠵᠠᠷᠭᠤ ᠵᠠᠭᠠᠯᠳᠤᠯᠭ᠎ᠠ ᠂ ᠠᠴᠠᠨ ( ᠬᠣᠶᠠᠷ ᠬᠣᠰᠢᠭᠤ ᠪᠤᠶᠤ ᠬᠣᠶᠠᠷ ᠠᠢᠮᠠᠭ ᠤ᠋ᠨ ᠪᠣᠳᠠᠲᠤ ᠵᠥᠷᠢᠴᠡᠯ ᠢ᠋ ᠰᠢᠢᠳᠪᠦᠷᠢᠯᠡᠬᠦ ᠳ᠋ᠦ᠍ ᠬᠤᠷᠠᠯ ᠬᠢᠳᠡᠭ ᠴᠢᠭᠤᠯᠭᠠᠨ ) ᠂ ᠭᠡᠷᠡᠴᠢ ᠮᠥᠷᠭᠥᠭᠦᠯᠬᠦ ᠵᠡᠷᠭᠡ ᠠᠯᠢ ᠣᠯᠠᠨ ᠴᠢᠬᠤᠯᠠ ᠵᠦᠢᠯᠡᠰ ᠦᠨ ᠡᠬᠡ ᠨᠣᠣᠷᠠᠭ ᠢ᠋ ᠪᠢᠴᠢᠳᠡᠭ ᠪᠠᠢᠭᠰᠠᠨ ᠪᠥᠭᠡᠳ ᠡᠳᠡᠭᠡᠷ ᠪᠢᠴᠢᠭ ᠬᠠᠷ᠎ᠠ ᠨᠢ ᠶᠣᠰᠣ ᠤᠴᠢᠷ ᠢ᠋ ᠲᠤᠰᠢᠶᠠᠭᠰᠠᠨ ᠢ᠋ᠶ᠋ᠠᠷ ᠲᠣᠳᠣᠷᠬᠠᠢ ᠂ ᠠᠪᠴᠠᠯᠳᠤᠯᠭ᠎ᠠ ᠰᠠᠢᠲᠠᠢ ᠪᠣᠯᠬᠣᠷ 《ᠲᠡᠮᠦᠷ ᠰᠤᠮᠤ 》 ᠭᠡᠵᠦ ᠨᠡᠷ᠎ᠡ ᠠᠯᠳᠠᠷᠰᠢᠪᠠ ᠃

  ᠭᠠᠮᠠᠯ ᠪᠣᠯ ᠵᠠᠩ ᠠᠪᠤᠷᠢ ᠨᠣᠮᠣᠬᠠᠨ ᠳᠥᠯᠭᠡᠨ ᠪᠥᠭᠡᠳ ᠠᠮᠢᠳᠤᠷᠠᠯ ᠳ᠋ᠤ᠌ ᠪᠠᠨ ᠡᠭᠡᠯ ᠪᠣᠷᠣᠭᠵᠢᠭᠤᠨ ᠬᠥᠮᠦᠨ ᠪᠢᠯᠡ ᠃ ᠲᠡᠷᠡ ᠠᠵᠢᠯ ᠤ᠋ᠨ ᠴᠢᠯᠥᠭᠡ ᠪᠡᠷ ᠢ᠋ᠶ᠋ᠡᠨ ᠭᠡᠷ ᠨᠤᠲᠤᠭ ᠲᠤ᠌ ᠪᠠᠨ ᠬᠠᠷᠢᠪᠠᠯ ᠠᠷᠠᠳ ᠤ᠋ᠨ ᠭᠡᠷ ᠢ᠋ᠶ᠋ᠡᠷ ᠲᠣᠭᠣᠷᠢᠨ ᠨᠠᠭᠠᠳᠴᠤ ᠂ ᠰᠣᠨᠢᠨ ᠱᠣᠭ ᠶᠠᠷᠢᠵᠤ ᠨᠠᠷᠭᠢᠳᠠᠭ ᠃ ᠲᠡᠷᠡ ᠵᠠᠷᠢᠮ ᠹᠧᠣᠳᠠᠯ ᠨᠣᠶᠠᠳ ᠤ᠋ᠨ ᠬᠠᠷᠭᠢᠰ ᠰᠢᠨᠤᠬᠠᠢ ᠶᠠᠪᠤᠳᠠᠯ ᠢ᠋ ᠠᠷᠠᠳ ᠤ᠋ᠨ ᠳᠤᠮᠳᠠ ᠲᠣᠭᠠᠴᠢᠨ ᠶᠠᠷᠢᠳᠠᠭ ᠪᠠ ᠴᠢᠨᠠᠭᠰᠢᠯᠠᠭᠠᠳ ᠵᠠᠷᠢᠮ ᠨᠣᠶᠠᠳ ᠢ᠋ ᠬᠤᠷᠴᠠ ᠦᠭᠡ ᠪᠡᠷ ᠳᠠᠭᠠᠷᠢᠭᠤᠯᠵᠤ ᠬᠡᠯᠡᠳᠡᠭ ᠢ᠋ᠶ᠋ᠡᠷ ᠪᠠᠷᠠᠬᠤ ᠦᠭᠡᠢ ᠪᠠᠰᠠ ᠵᠠᠷᠭᠤ ᠵᠠᠭᠠᠯᠳᠤᠯᠭ᠎ᠠ ᠬᠢᠵᠦ ᠡᠰᠡᠷᠭᠦᠴᠡᠳᠡᠭ ᠪᠠᠢᠪᠠ ᠃ ᠭᠠᠮᠠᠯ ᠬᠡᠳᠦᠢᠪᠡᠷ ᠵᠠᠬᠢᠷᠤᠭᠴᠢ ᠬᠥᠮᠦᠨ ᠪᠠᠢᠭᠰᠠᠨ ᠪᠣᠯᠪᠠᠴᠤ ᠡᠵᠡᠷᠬᠡᠭ ᠬᠠᠷᠭᠢᠰ ᠢ᠋ ᠵᠢᠭᠰᠢᠨ ᠂ ᠡᠭᠡᠯ ᠠᠷᠠᠳ ᠢ᠋ ᠦᠷᠦ ᠡᠪᠡᠳᠴᠦ ᠬᠠᠷᠭᠢᠰ ᠬᠡᠷᠴᠡᠭᠡᠢ ᠬᠠᠷ᠎ᠠ ᠰᠢᠷ᠎ᠠ ᠹᠧᠣᠳᠠᠯ ᠤ᠋ᠳ ᠢ᠋ ᠡᠰᠡᠷᠭᠦᠴᠡᠭᠰᠡᠨ 《 ᠵᠠᠩᠵᠤᠨ ᠴᠡᠷᠢᠭ ᠦᠨ ᠪᠣᠰᠤᠯᠭ᠎ᠠ 》 ᠬᠡᠮᠡᠬᠦ ᠠᠷᠠᠳ ᠤ᠋ᠨ ᠪᠣᠰᠤᠯᠭ᠎ᠠ ᠶ᠋ᠢ ᠳᠡᠮᠵᠢᠵᠦ ᠪᠠᠢᠯ᠎ᠠ ᠃

  ᠭᠠᠮᠠᠯ 1924 ᠣᠨ ᠪᠣᠯᠲᠠᠯ᠎ᠠ ᠬᠣᠰᠢᠭᠤ ᠵᠠᠬᠢᠷᠤᠭᠴᠢ ᠶ᠋ᠢᠨ ᠲᠤᠰᠢᠶᠠᠯ ᠳ᠋ᠤ᠌ ᠪᠠᠢᠭᠰᠠᠨ ᠪᠥᠭᠡᠳ ᠮᠥᠨ ᠵᠢᠯ ᠳ᠋ᠦ᠍ ᠲᠤᠰᠢᠶᠠᠯ᠎ ᠠᠴᠠ ᠪᠠᠨ ᠴᠢᠯᠥᠭᠡᠯᠡᠭᠳᠡᠵᠦ ᠭᠡᠷ ᠨᠤᠲᠤᠭ ᠲᠤ᠌ ᠪᠠᠨ ᠬᠠᠷᠢᠭᠠᠳ ᠡᠭᠡᠯ ᠠᠷᠠᠳ ᠤ᠋ᠨ ᠶᠣᠰᠣᠭᠠᠷ ᠠᠵᠤ ᠲᠥᠷᠥᠨ ᠠᠮᠢᠳᠤᠷᠠᠪᠠ᠃

1932 ᠣᠨ ᠳ᠋ᠤ᠌ ᠭᠠᠮᠠᠯ ᠡᠪᠡᠳᠴᠢᠨ ᠢ᠋ᠶ᠋ᠡᠷ ᠨᠠᠰᠤ ᠪᠠᠷᠠᠵᠠᠢ ᠃


  ᠦᠰᠦᠭ ᠠᠮᠢᠯᠠᠭᠤᠯᠤᠭᠴᠢ ᠄ ᠮᠥᠩᠭᠦᠨᠴᠴᠡᠭ ᠂ ᠠᠵᠠᠵᠠᠶᠠᠭ᠎ᠠ

  ᠬᠢᠨᠠᠭᠴᠢ ᠄ ᠣᠳᠣᠨᠭᠡᠷᠡᠯ