ᠴᠢᠯᠠᠭᠤ ᠲᠠᠪᠢᠨ- ᠤᠷᠠᠳ ᠠᠷᠠᠳ ᠤ᠋ᠨ ᠳᠠᠭᠤᠤЧулуу тавин-урд ардын дуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠯᠠᠭᠤ ᠲᠠᠪᠢᠨ- ᠤᠷᠠᠳ ᠠᠷᠠᠳ ᠤ᠋ᠨ ᠳᠠᠭᠤᠤЧулуу тавин-урд ардын дуу

ᠴᠢᠯᠠᠭᠤ ᠲᠠᠪᠢᠨ- ᠤᠷᠠᠳ ᠠᠷᠠᠳ ᠤ᠋ᠨ ᠳᠠᠭᠤᠤЧулуу тавин-урд ардын дуу

2023-03-27

344

ᠴᠢᠯᠠᠭᠤ ᠲᠠᠪᠢᠨ

   ᠤᠷᠠᠳ ᠠᠷᠠᠳ ᠤ᠋ᠨ ᠳᠠᠭᠤᠤ

ᠤᠷᠲᠤ ᠭᠣᠣᠯ ᠤ᠋ᠨ ᠡᠬᠢᠨ ᠰᠢᠯᠢ ᠳᠡᠭᠡᠷ᠎ᠡ
ᠤᠳᠠᠭᠠᠨ ᠰᠠᠭᠤᠭᠰᠠᠨ ᠴᠢᠯᠠᠭᠤ ᠲᠠᠪᠢᠨ ᠭᠤᠸᠠᠢ ᠂
ᠦᠵᠠᠩ ᠪᠣᠱᠣᠭ᠎ᠠ ᠶ᠋ᠢᠨ ᠡᠭᠦᠳᠡᠨ ᠳᠡᠭᠡᠷ᠎ᠡ 

ᠣᠭᠣᠯᠢ ᠪᠣᠯᠤᠭᠰᠠᠨ ᠴᠢᠯᠠᠭᠤ ᠲᠠᠪᠢᠨ ᠭᠤᠸᠠᠢ ᠃

ᠭᠠᠭᠴᠠ ᠬᠥᠮᠦᠨ ᠊ᠢ ᠣᠷᠣᠯᠲᠣᠩᠭᠣᠨ
ᠨᠡᠷ᠎ᠡ ᠶ᠋ᠢᠨ ᠬᠣᠣᠷᠯᠠᠯ ᠪᠣᠯᠳᠠᠭ ᠶᠤᠮ ᠳᠠ 
ᠭᠠᠵᠠᠷ ᠤᠰᠤ ᠶ᠋ᠢ ᠣᠷᠣᠯᠲᠣᠩᠭᠣᠨ
ᠯᠤᠤᠰ ᠤ᠋ᠨ ᠬᠣᠣᠷᠯᠠᠯ ᠪᠣᠯᠳᠠᠭ ᠶᠤᠮ ᠳᠠ 

ᠠᠩᠬ᠎ᠠ ᠳᠠᠭᠤᠤ ᠪᠠᠨ ᠠᠶ᠎ᠠ ᠦᠭᠡᠢ ᠭᠡᠵᠦ 

ᠤᠨᠲᠤᠭᠤᠴᠠᠵᠤ ᠪᠠᠶ᠋ᠢᠨ᠎ᠠ ᠬᠥ᠋
ᠠᠶ᠋ᠢᠯ ᠤ᠋ᠨ ᠬᠡᠰᠦᠭᠦᠷ ᠴᠠᠭᠠᠨᠴᠢᠯᠠᠭᠤ
ᠣᠳᠣ ᠶᠠᠮᠠᠷ ᠪᠣᠢ ?

ᠭᠡᠷ ᠦ᠋ᠨ ᠨᠣᠬᠠᠢ ᠬᠡᠰᠦᠭᠦᠷ ᠪᠣᠯᠪᠠᠯ
ᠬᠡᠰᠢᠭ ᠪᠤᠶᠠᠨ ᠵᠠᠶ᠋ᠢᠯᠠᠨ᠎ᠠ ᠳᠠ 
ᠭᠡᠷ ᠦ᠋ᠨ ᠡᠵᠡᠨ ᠬᠡᠰᠦᠭᠦᠷ ᠪᠣᠯᠪᠠᠯ
ᠭᠡᠷᠭᠡᠢ ᠬᠡᠦᠬᠡᠳ ᠰᠠᠮᠠᠭᠤᠷᠠᠨ᠎ᠠ ᠳᠠ 

  ᠦᠰᠦᠭ ᠠᠮᠢᠯᠠᠭᠤᠯᠤᠭᠴᠢ ᠄ ᠣᠤᠠᠬᠣᠨᠴᠡᠴᠡᠭ
  ᠬᠢᠨᠠᠭᠴᠢ ᠄ ᠰᠡᠬᠡᠭᠡᠷᠡᠯ

  ᠢᠷᠡᠯᠲᠡ ᠄ ᠤᠷᠠᠳ ᠠᠷᠠᠳ ᠤ᠋ᠨ ᠳᠠᠭᠤᠤ
  ᠪᠦᠲᠦᠭᠡᠭᠴᠢ — ᠭᠣᠣᠯᠯᠠᠨ ᠨᠠᠶ᠋ᠢᠷᠠᠭᠤᠯᠪᠠ