ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-4Гүнгийн жуугийн гэгээний алтан сургаал оршивой ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-4Гүнгийн жуугийн гэгээний алтан сургаал оршивой

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-4Гүнгийн жуугийн гэгээний алтан сургаал оршивой

2023-03-27

248

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-4

   ᠨᠢᠭᠡᠳᠦᠭᠡᠷ ᠪᠦᠯᠦᠭ ᠰᠤᠷᠭᠠᠯ ᠰᠢᠯᠦᠭ


    ᠳᠥᠷᠪᠡ


ᠠᠪᠤ ᠡᠵᠢ ᠪᠣᠯᠤᠭᠴᠢᠳ ᠢ᠋ᠶ᠋ᠠᠷ ᠦᠷ᠎ᠡ ᠬᠡᠦᠬᠡᠳ ᠬᠦᠰᠡᠵᠦ᠂

ᠠᠷᠠᠢ ᠴᠢᠷᠠᠢ ᠨᠢᠭᠡᠨ ᠬᠣᠶᠠᠷ ᠦᠵᠡᠬᠦᠯ᠎ᠡ ᠪᠡᠶᠡᠰᠦᠨ ᠂

ᠠᠮᠢᠨ ᠠ᠋ᠴᠠ ᠦᠯᠡᠮᠵᠢᠳᠡ ᠰᠠᠨᠠᠬᠤ ᠴᠤ᠌ ᠵᠥᠪ ᠦ᠋ᠨ ᠲᠤᠶ᠋ᠢᠯ ᠂

ᠠᠰᠠᠷᠠᠬᠤ ᠶ᠋ᠢᠨ ᠶᠣᠰᠣᠨ ᠪᠦᠷᠢ ᠶ᠋ᠢ ᠮᠡᠳᠡᠬᠦ ᠪᠠᠰᠠ ᠬᠡᠷᠡᠭᠲᠡᠢ᠃


ᠠᠩᠬ᠎ᠠ ᠴᠠᠭ ᠲᠤᠷ ᠠᠯᠮᠠᠶ᠋ᠢᠳᠠᠵᠤ ᠡᠪᠳᠡᠷᠡᠬᠦ ᠨᠢᠭᠡᠨ ᠵᠦᠢᠯ ᠂

ᠠᠯᠵᠢᠶᠠᠯ ᠢ᠋ᠶ᠋ᠠᠷ ᠮᠢᠬ᠎ᠠ ᠶᠠᠰᠤ ᠰᠤᠯᠠ ᠪᠣᠯᠬᠤ ᠬᠣᠶᠠᠷ ᠵᠦᠢᠯ ᠂

ᠠᠰᠤᠷᠤ ᠬᠤᠷᠴᠠ ᠢᠳᠡᠭᠡᠨ ᠢ᠋ᠶ᠋ᠡᠷ ᠪᠠᠯᠠᠢ ᠪᠣᠯᠬᠤ ᠭᠤᠷᠪᠠᠨ ᠵᠦᠢᠯ ᠂

ᠠᠮᠤᠷᠵᠢᠬᠤ ᠶ᠋ᠢᠨ ᠣᠨᠣᠯᠲᠠᠨ ᠳ᠋ᠤᠷ ᠪᠡᠷᠲᠡᠭᠲᠡᠭᠦ ᠳᠥᠷᠪᠡᠨ ᠵᠦᠢᠯ᠃


ᠠᠪᠤᠨ ᠳᠠᠷᠤᠢ ᠵᠠᠰᠠᠬᠤ ᠪᠠ ᠤᠬᠢᠶᠠᠬᠤ ᠲᠠᠪᠤᠨ ᠵᠦᠢᠯ ᠂

ᠠᠯᠤᠰ ᠢ᠋ᠶ᠋ᠠᠷ ᠪᠣᠭᠣᠬᠤ ᠪᠠ ᠴᠡᠪᠡᠷᠯᠡᠬᠦ ᠵᠢᠷᠭᠤᠭᠠᠨ ᠵᠦᠢᠯ ᠂

ᠠᠯᠢᠨ ᠳᠡᠭᠡᠷ᠎ᠡ ᠠᠯᠳᠠᠭᠳᠠᠪᠠᠯ ᠨᠢᠭᠡᠨ ᠭᠡᠮ ᠢ᠋ᠶ᠋ᠡᠷ ᠬᠦᠷᠲᠡᠮᠦᠢ ᠂

ᠠᠴᠢ ᠦᠷ᠎ᠡ ᠬᠦᠰᠡᠭᠴᠢᠳ ᠲᠣᠷ ᠡᠨᠡ ᠪᠦᠷᠢᠨ ᠴᠢᠬᠤᠯᠠ᠃


ᠤᠮᠲᠠᠬᠤ ᠶ᠋ᠢ ᠭᠡᠮᠨᠡᠪᠡᠰᠦ ᠰᠡᠷᠭᠡᠭ ᠬᠥᠩᠭᠡᠨ ᠪᠣᠯᠬᠤ ᠪᠠ ᠂

ᠤᠮᠳᠠᠭᠠᠨ ᠊ᠢ ᠭᠡᠮᠨᠡᠪᠡᠰᠦ ᠰᠤᠳᠠᠯ ᠴᠢᠩᠭ᠎ᠠ ᠪᠣᠯᠬᠤ ᠪᠠ ᠂

ᠤᠬᠢᠯᠠᠬᠤ ᠶ᠋ᠢ ᠠᠷᠢᠯᠭᠠᠪᠠᠰᠤ ᠰᠡᠳᠬᠢᠯ ᠠᠭᠤᠤ ᠪᠣᠯᠬᠤ ᠪᠠ ᠂

ᠤᠰᠬᠠᠯ ᠨᠢᠯᠠᠬ᠎ᠡ ᠶ᠋ᠢᠨ ᠰᠤᠷᠲᠠᠯ ᠭᠡᠮᠡᠨ ᠣᠯᠠᠨ ᠮᠡᠷᠭᠡᠳ ᠨᠣᠮᠯᠠᠪᠠᠢ᠃


ᠵᠢᠷᠤᠮ ᠶᠣᠰᠣ ᠶ᠋ᠢ ᠬᠡᠷᠡᠭᠯᠡᠪᠡᠯ ᠴᠢᠯᠭᠠᠨ ᠴᠤ᠌ ᠡᠷᠳᠡᠨᠢ ᠂

ᠵᠢᠷᠭᠠᠯᠠᠩ ᠤ᠋ᠨ ᠨᠥᠬᠥᠴᠡᠯ ᠊ᠢ ᠪᠦᠷᠢᠳᠬᠡᠵᠦ ᠪᠣᠯᠤᠮᠤᠢ ᠂

ᠵᠢᠷᠤᠮ ᠳᠦᠷᠢᠮ ᠠᠯᠳᠠᠭᠳᠠᠪᠠᠯ ᠦᠷ᠎ᠡ ᠳᠠᠶ᠋ᠢᠰᠤᠨ ᠪᠣᠯᠤᠭᠠᠳ ᠂

ᠵᠠᠷᠴᠢᠮ ᠦᠭᠡᠢ ᠮᠤᠬᠤᠷ ᠦᠭᠡᠢ ᠡᠪᠴᠢᠭᠦᠨ ᠊ᠢ ᠮᠥᠷᠭᠥᠮᠦᠢ᠃


ᠦᠨᠳᠦᠰᠦ ᠡᠴᠡ ᠰᠤᠷᠲᠠᠯ ᠦᠭᠡᠢ ᠡᠨᠡ ᠴᠠᠭ ᠤ᠋ᠨ ᠠᠮᠢᠲᠠᠨ ᠂

ᠦᠷ᠎ᠡ ᠣᠯᠬᠤ ᠶ᠋ᠢ ᠬᠦᠰᠡᠪᠡᠴᠦ ᠠᠰᠠᠷᠠᠯ ᠳ᠋ᠤᠷ ᠠᠯᠳᠠᠭᠳᠠᠨ ᠂

ᠡᠯᠢᠭᠡᠨ ᠳ᠋ᠦ᠍ ᠰᠤᠷᠭᠠᠯ ᠦᠭᠡᠢ ᠮᠤᠩᠬᠠᠭ ᠳᠤᠷ᠎ᠠ ᠬᠠᠶ᠋ᠢᠷ᠎ᠠ ᠪᠠᠷ ᠂

ᠥᠰᠬᠡᠭᠰᠡᠨ ᠦ᠌ ᠳᠠᠷᠤᠢ ᠪᠠᠷ ᠬᠠᠮᠲᠤ ᠵᠣᠪᠠᠯ ᠬᠦᠷᠲᠡᠮᠦᠢ᠃


ᠴᠢᠰᠤ ᠰᠢᠩᠭᠡᠨ ᠰᠤᠳᠠᠯ ᠬᠥᠩᠭᠡᠨ ᠲᠠᠪᠤᠨ ᠨᠠᠰᠤᠨ ᠤ᠋ ᠦᠶᠡᠰ ᠲᠦ᠍ ᠂

ᠴᠢᠨᠠᠷ ᠊ᠢ ᠵᠦᠪᠰᠢᠶᠡᠷᠡᠬᠡᠨ ᠤᠰᠬᠠᠯ ᠤᠷᠠᠨ ᠰᠤᠷᠭᠠᠯᠲᠠᠢ ᠂

ᠴᠢᠳᠠᠯ ᠲᠠᠮᠢᠷ ᠪᠠᠳᠠᠷᠠᠬᠤ ᠠᠷᠪᠠᠨ ᠨᠠᠰᠤᠨ ᠠ᠋ᠴᠠ ᠳᠡᠭᠡᠭᠰᠢ ᠂

ᠴᠢᠩᠭ᠎ᠠ ᠵᠣᠷᠢᠭ ᠡᠬᠢᠯᠡᠵᠦ ᠰᠤᠷᠭᠠᠯ ᠦᠯᠦ ᠠᠪᠤᠮᠤᠢ ᠃


ᠨᠢᠭᠡᠨ ᠦᠷ᠎ᠡ ᠣᠯᠤᠭᠴᠢᠳ ᠢ᠋ᠶ᠋ᠠᠷ ᠭᠠᠭᠴᠠ ᠭᠠᠭᠴᠠ ᠬᠡᠮᠡᠯᠳᠦᠨ ᠂

ᠨᠢᠭᠡᠮᠦᠰᠦᠨ ᠰᠤᠷᠭᠠᠬᠤᠢ ᠶ᠋ᠢ ᠴᠡᠭᠡᠷᠯᠡᠵᠦ ᠠᠭᠰᠠᠭᠠᠷ ᠂

ᠨᠢᠭᠤᠷ ᠪᠠᠷᠠᠨ ᠴᠤᠤᠭᠢᠬᠤ ᠪᠠ ᠵᠣᠳᠣᠯᠴᠠᠬᠤ ᠪᠣᠯᠬᠤᠯ᠎ᠠ ᠂

ᠨᠢᠭᠤᠬᠤ ᠠᠷᠭ᠎ᠠ ᠪᠠᠷᠠᠭᠳᠠᠵᠤ ᠲᠣᠯᠣᠭᠠᠢ ᠪᠠᠨ ᠵᠠᠨᠴᠢᠮᠤᠢ ᠃


ᠮᠠᠰᠢ ᠬᠦᠰᠡᠨ ᠠᠴᠢᠯᠠᠬᠤ ᠶ᠋ᠢ ᠡᠷᠬᠢᠯᠡᠭᠰᠡᠨ ᠦᠷ᠎ᠡ ᠶ᠋ᠢ ᠂

ᠮᠠᠭᠠᠤᠠᠬᠠᠬᠤ ᠵᠣᠪᠠᠭᠠᠬᠤ ᠰᠢᠯᠲᠠᠭ ᠢᠯᠡ ᠪᠣᠯᠬᠤᠯ᠎ᠠ ᠂

ᠮᠠᠨ ᠤ᠋ ᠮᠠᠭᠤ ᠦᠢᠯᠡ ᠦᠬᠦᠶ᠎ᠡ ᠦᠬᠦᠶ᠎ᠡ ᠭᠡᠪᠡᠴᠦ ᠂

ᠮᠠᠯ ᠤ᠋ᠨ ᠲᠡᠳᠦᠢ ᠲᠤᠰᠠ ᠦᠭᠡᠢ ᠭᠡᠷ ᠦ᠋ᠨ ᠪᠤᠭ ᠊ᠢ ᠶᠠᠭᠠᠬᠢᠨᠠᠮ᠃


ᠡᠴᠢᠭᠡ ᠡᠬᠡ ᠶ᠋ᠢ ᠮᠡᠳᠡᠬᠦ ᠦᠭᠡᠢ ᠡᠯᠵᠢᠭᠡ ᠶ᠋ᠢ ᠬᠣᠵᠢᠮ ᠳ᠋ᠤᠷ ᠂

ᠡᠷᠬᠢᠮ ᠨᠥᠬᠥᠷ ᠣᠯᠬᠤ ᠭᠡᠮᠡᠨ ᠰᠠᠨᠠᠪᠠᠰᠤ ᠪᠣᠯᠬᠤ ‍ᠤᠤ ?

ᠡᠰᠡᠬᠦᠯ᠎ᠡ ᠭᠡᠷ ᠦ᠋ᠨ ᠵᠢᠷᠤᠮ ᠲᠥᠷᠥ ᠶ᠋ᠢᠨ ᠶᠣᠰᠣ ᠬᠠᠷᠰᠢᠭᠠᠳ ᠂

ᠡᠷ᠎ᠡ ᠪᠣᠯᠲᠠᠯ᠎ᠠ ᠶᠡᠬᠡ ᠠᠯᠳᠠᠷ ᠬᠠᠮᠢᠭᠠᠲᠤᠷ ᠪᠠᠭᠲᠠᠮᠤᠢ᠃


ᠬᠥᠪᠡᠭᠦᠨ ᠢ᠋ᠶ᠋ᠡᠨ ᠰᠤᠷᠭᠠᠯ ᠦᠭᠡᠢ ᠡᠯᠮᠡᠭ ᠡᠷ᠎ᠡ ᠪᠣᠯᠭᠠᠪᠠᠯ ᠂

ᠬᠦᠨᠳᠦ ᠦᠨᠳᠦᠰᠦ ᠪᠤᠵᠠᠷᠯᠠᠵᠤ ᠡᠴᠢᠭᠡ ᠡᠬᠡ ᠶ᠋ᠢ ᠭᠤᠲᠤᠭᠠᠮᠤᠢ ᠂

ᠬᠡᠦᠬᠡᠨ ᠢ᠋ᠶ᠋ᠡᠨ ᠰᠤᠷᠭᠠᠯ ᠦᠭᠡᠢ ᠵᠣᠯᠪᠢᠩ ᠡᠮ᠎ᠡ ᠪᠣᠯᠭᠠᠪᠠᠯ ᠂

ᠬᠥᠮᠦᠨ ᠪᠦᠷᠢ ᠶ᠋ᠢ ᠪᠤᠵᠠᠷᠯᠠᠵᠤ ᠠᠶ᠋ᠢᠮᠠᠭ ᠤᠰᠤ ᠶ᠋ᠢ ᠭᠤᠲᠤᠭᠠᠮᠤᠢ ᠃


ᠵᠠᠷᠢᠮ ᠨᠢᠭᠡᠨ ᠥᠨᠥᠴᠢᠨ ᠊ᠢ ᠦᠯᠦ ᠰᠤᠷᠭᠠᠬᠤ ᠬᠡᠮᠡᠮᠦᠢ ᠂

ᠵᠠᠷᠢᠮ ᠨᠢᠭᠡᠨ ᠤᠤᠠᠬᠠᠨ ᠢ᠋ᠶ᠋ᠠᠨ ᠬᠠᠶ᠋ᠢᠷᠠᠯᠠᠮᠤᠢ ᠬᠡᠮᠡᠮᠦᠢ ᠂

ᠵᠠᠷᠢᠮ ᠨᠢᠭᠡᠨ ᠡᠷᠭᠦᠮᠡᠯ ᠊ᠢ ᠡᠷᠬᠢᠮᠨᠡᠮᠦᠢ ᠬᠡᠮᠡᠮᠦᠢ ᠂

ᠵᠠᠷᠢᠮ ᠨᠢᠭᠡᠨ ᠪᠦᠭᠦᠳᠡ ᠶ᠋ᠢ ᠦᠢᠯᠡ ᠮᠡᠳᠡᠭ ᠬᠡᠮᠡᠮᠦᠢ᠃


ᠲᠦᠪᠰᠢᠨ ᠦᠭᠡᠢ ᠥᠨᠥᠴᠢᠨ ᠢ᠋ᠶ᠋ᠡᠷ ᠨᠥᠬᠥᠷ ᠶᠦ᠍ᠭᠡᠨ ᠬᠠᠷᠰᠢᠯᠠᠬᠤ ᠂

ᠲᠦᠪᠡᠲᠡᠯ ᠦᠭᠡᠢ ᠤᠤᠠᠬᠠᠨ ᠠᠨᠤ ᠠᠬᠠᠰ ᠢ᠋ᠶ᠋ᠠᠨ ᠲᠦᠷᠢᠬᠦ ᠂

ᠳᠦᠷᠰᠦ ᠦᠭᠡᠢ ᠡᠷᠭᠦᠮᠡᠯ ᠢ᠋ᠶ᠋ᠡᠷ ᠦᠨᠳᠦᠰᠦ ᠪᠡᠨ ᠡᠪᠳᠡᠬᠦ ᠂

ᠳᠦᠷᠢᠮ ᠦᠭᠡᠢ ᠪᠦᠭᠦᠳᠡᠭᠡᠷ ᠬᠡᠰᠢᠭ ᠠᠯᠳᠠᠷ ᠪᠠᠷᠠᠬᠤ ᠃


ᠵᠠᠷᠢᠮ ᠨᠢᠭᠡᠨ ᠪᠯᠠᠮ᠎ᠡ ᠪᠣᠯᠵᠤ ᠬᠠᠷ᠎ᠠ ᠶ᠋ᠢᠨ ᠴᠢᠨᠠᠷ ᠬᠦᠰᠡᠬᠦ ᠂

ᠵᠠᠷᠢᠮ ᠨᠢᠭᠡᠨ ᠬᠠᠷ᠎ᠠ ᠪᠣᠯᠵᠤ ᠰᠤᠯᠠ ᠴᠢᠨᠠᠷ ᠳᠠᠭᠠᠬᠤ ᠂

ᠵᠠᠷᠢᠮ ᠨᠢᠭᠡᠨ ᠡᠮ᠎ᠡ ᠪᠣᠯᠵᠤ ᠣᠯᠠᠨ ᠡᠷ᠎ᠡ ᠤᠯᠠᠷᠢᠬᠤ ᠂

ᠵᠠᠷᠢᠮ ᠨᠢᠭᠡᠨ ᠭᠡᠷᠲᠡ ᠰᠠᠭᠤᠨ ᠲᠥᠷᠥ ᠶ᠋ᠢᠨ ᠪᠤᠵᠠᠷ ᠳᠡᠯᠭᠡᠬᠦ ᠃


ᠰᠤᠷᠭᠠᠯ ᠦᠭᠡᠢ ᠪᠯᠠᠮ᠎ᠡ ᠬᠥᠮᠦᠨ ᠱᠠᠵᠢᠨ ᠨᠣᠮ ᠤ᠋ᠨ ᠡᠪᠳᠡᠯᠡᠭᠡ ᠂

ᠰᠤᠷᠲᠠᠯ ᠦᠭᠡᠢ ᠬᠠᠷ᠎ᠠ ᠬᠥᠮᠦᠨ ᠲᠥᠷᠥ ᠶᠣᠰᠣ ᠶ᠋ᠢᠨ ᠬᠠᠷᠰᠢᠯᠠᠯ ᠂

ᠰᠤᠨᠵᠢᠯ ᠦᠭᠡᠢ ᠡᠮ᠎ᠡ ᠬᠥᠮᠦᠨ ᠨᠥᠬᠥᠷ ᠡᠷ᠎ᠡ ᠶ᠋ᠢᠨ ᠭᠤᠲᠤᠭᠠᠯ ᠂

ᠰᠤᠪᠢ ᠦᠭᠡᠢ ᠰᠤᠯᠠ ᠡᠮᠡᠰ ᠬᠥᠮᠦᠨ ᠪᠦᠷᠢ ᠶ᠋ᠢᠨ ᠵᠢᠭᠰᠢᠯᠭᠡ ᠃


ᠡᠶ᠎ᠡ ᠡᠪ ᠦ᠋ᠨ ᠰᠤᠷᠲᠠᠯ ᠦᠭᠡᠢ ᠬᠡᠷᠴᠡᠭᠡᠢ ᠪᠡᠷ ᠥᠰᠬᠡᠪᠡᠯ ᠂

ᠡᠶᠡᠪᠡᠷᠭᠦᠦ ᠨᠥᠬᠥᠷ ᠦᠭᠡᠢ ᠨᠢᠭᠡᠨ ᠨᠠᠰᠤᠨ ᠭᠣᠳᠣᠮᠤᠢ ᠂

ᠡᠷᠬᠡᠯᠵᠡᠬᠦ ᠲᠠᠯ᠎ᠠ ᠥᠩᠭᠡ ᠶ᠋ᠢᠨ ᠵᠢᠷᠤᠮ ᠦᠭᠡᠢ ᠰᠤᠷᠭᠠᠪᠠᠯ ᠂

ᠡᠭᠡᠨᠡᠭᠲᠡ ᠣᠷᠣᠵᠠ ᠦᠭᠡᠢ ᠭᠠᠷᠤᠵᠠ ᠪᠠᠷ ᠬᠣᠮᠰᠠᠳᠤᠮᠤᠢ ᠃


ᠠᠵᠤ ᠠᠬᠤᠢ ᠠᠷᠪᠢᠳᠬᠠᠬᠤ ᠰᠤᠷᠲᠠᠯ ᠦᠭᠡᠢ ᠥᠰᠬᠡᠪᠡᠯ ᠂

ᠠᠪᠤ ᠶ᠋ᠢᠨ ᠬᠡᠰᠢᠭ ᠪᠠᠷᠠᠭᠳᠠᠵᠤ ᠲᠤᠲᠠᠯ ᠵᠣᠪᠠᠯ ᠦᠵᠡᠮᠦᠢ ᠂

ᠠᠯᠢᠭ ᠱᠠᠯᠢᠭ ᠬᠣᠵᠢᠳ ᠬᠣᠶ᠋ᠢᠰᠢ ᠵᠠᠯᠢᠬᠠᠢ ᠪᠠᠷ ᠰᠤᠷᠭᠠᠪᠠᠯ ᠂

ᠠᠯᠮᠠᠢ ᠠᠮᠤᠷ ᠶᠠᠪᠤᠭᠰᠠᠭᠠᠷ ᠬᠡᠷᠡᠭ ᠪᠦᠷᠢᠨ ᠤᠰᠠᠳᠤᠮᠤᠢ᠃


ᠦᠰᠦᠭ ᠡᠷᠳᠡᠮ ᠰᠤᠷᠭᠠᠯ ᠦᠭᠡᠢ ᠡᠭᠡᠯ ᠪᠠᠯᠠᠢ ᠪᠣᠯᠭᠠᠪᠠᠯ ᠂

ᠦᠵᠡᠯ ᠦᠭᠡᠢ ᠰᠣᠬᠣᠷ ᠮᠡᠲᠦ ᠭᠠᠭᠴᠠ ᠬᠦᠴᠦᠨ ᠵᠠᠷᠤᠮᠤᠢ ᠂

ᠦᠯᠡᠮᠵᠢᠳᠡ ᠡᠷᠳᠡᠮ ᠨᠣᠮ ᠳ᠋ᠤᠷ ᠪᠣᠯᠪᠠᠰᠤᠷᠠᠬᠤ ᠪᠤᠯᠪᠠᠯ᠎ᠡ ᠂

ᠥᠪᠡᠷ ᠪᠤᠰᠤᠳ ᠠᠯᠢᠨ ᠳ᠋ᠤᠷ ᠴᠤ᠌ ᠲᠤᠰᠠ ᠪᠤᠶᠠᠨ ᠲᠦᠭᠡᠮᠦᠢ᠃


ᠪᠠᠭᠰᠢ ᠪᠠᠭᠰᠢ ᠬᠡᠮᠡᠯᠳᠦᠵᠦ ᠰᠦᠰᠦᠭ ᠡᠶ᠎ᠡ ᠨᠡᠶ᠋ᠢᠯᠡᠯᠴᠡᠨ ᠂

ᠪᠠᠭ᠎ᠠ ᠪᠠᠭ᠎ᠠ ᠬᠡᠦᠬᠡᠳ ᠢ᠋ᠶ᠋ᠡᠨ ᠱᠠᠪᠢ ᠪᠣᠯᠭᠠᠨ ᠲᠤᠰᠢᠶᠠᠨ ᠂

ᠪᠠᠰᠠ ᠪᠠᠰᠠ ᠬᠠᠯᠠᠮᠵᠢᠯᠠᠨ ᠰᠤᠷᠭᠠᠬᠤᠢ ᠳ᠋ᠤᠷ ᠬᠦᠷᠬᠦᠯ᠎ᠡ ᠂

ᠪᠠᠶ᠋ᠢᠶ᠎ᠠ ᠪᠠᠶ᠋ᠢᠶ᠎ᠠ ᠬᠡᠮᠡᠯᠳᠦᠳᠡᠭ ᠡᠴᠢᠭᠡ ᠡᠬᠡ ᠶ᠋ᠢᠨ ᠰᠢᠮᠨᠤᠰ ᠮᠥᠨ᠃


ᠱᠠᠵᠢᠨ ᠨᠣᠮ ᠤ᠋ᠨ ᠬᠡᠷᠡᠭ ᠳᠡᠭᠡᠷ᠎ᠡ ᠭᠠᠶ᠋ᠢᠬᠠᠭᠤᠯᠤᠨ ᠡᠵᠡᠷᠬᠡᠨ ᠂

ᠱᠠᠪᠢ ᠪᠠᠭᠰᠢ ᠶ᠋ᠢᠨ ᠲᠠᠩᠭᠠᠷᠠᠬ ᠊ᠢ ᠰᠢᠭᠤᠳ ᠢ᠋ᠶ᠋ᠠᠷ ᠡᠪᠳᠡᠮᠦᠢ ᠂

ᠱᠠᠯᠢᠭ ᠪᠠᠯᠢᠬ ᠶᠠᠪᠤᠳᠠᠯ ᠳ᠋ᠤᠷ ᠵᠣᠷᠢᠭ ᠢ᠋ᠶ᠋ᠠᠷ ᠲᠠᠯᠪᠢᠵᠤ᠂

ᠰᠢᠷ᠎ᠠ ᠪᠤᠰᠤ ᠬᠠᠷ᠎ᠠ ᠪᠤᠰᠤ ᠮᠠᠯ ᠤ᠋ᠨ ᠵᠣᠯᠢᠭ ᠪᠣᠯᠭᠠᠮᠤᠢ᠃


ᠭᠡᠵᠢᠭᠡᠲᠦ ᠬᠥᠪᠡᠭᠦᠨ ᠢ᠋ᠶ᠋ᠡᠨ ᠬᠥᠭᠵᠢᠭᠦᠯᠦᠨ ᠮᠠᠭᠲᠠᠵᠤ ᠂

ᠬᠢᠴᠢᠶᠡᠩᠭᠦᠢ ᠪᠢᠴᠢᠭ ᠡᠷᠳᠡᠮ  ᠊ᠢ ᠰᠤᠷᠭᠠᠬᠤ ᠴᠤ᠌ ᠦᠭᠡᠢ ᠪᠡᠷ ᠂

ᠭᠡᠷ ᠮᠠᠯ  ᠊ᠢ ᠡᠵᠡᠷᠬᠡᠬᠦ ᠪᠠᠯᠠᠢ ᠮᠠᠲᠠᠯ ᠪᠠᠷᠳᠠᠵᠤ ᠂

ᠬᠡᠲᠦᠷᠡᠭᠡᠳ ᠡᠴᠢᠭᠡ ᠡᠬᠡ ᠶ᠋ᠢᠨ ᠡᠵᠡᠨ ᠪᠣᠯᠬᠤ ᠶ᠋ᠢ ᠦᠵᠡᠪᠡ ‍ᠦᠦ ?


ᠪᠠᠷᠲᠠᠭ᠎ᠠ ᠪᠠᠷ ᠰᠠᠪᠰᠠᠷᠠᠵᠦ ᠶᠠᠳᠠᠭᠤ ᠪᠠ ᠭᠤᠶ᠋ᠢᠯᠢᠨᠴᠢ ᠂

ᠪᠠᠭᠤᠷᠠᠢ ᠪᠠᠷ ᠪᠠᠴᠢᠮᠳᠠᠬᠤ ᠬᠤᠯᠠᠭᠠᠢ ᠪᠠ ᠬᠤᠳᠠᠯᠴᠢ ᠂

ᠪᠠᠭᠠᠲᠤᠷᠯᠠᠨ ᠬᠦᠴᠦᠷᠬᠡᠵᠦ ᠬᠠᠵᠠᠭᠠᠷ ᠪᠠ ᠲᠠᠬᠢᠭᠠᠷ ᠂

ᠪᠠᠭ᠎ᠠ ᠳᠡᠭᠡᠷ᠎ᠡ ᠰᠦᠪᠡᠭᠴᠢᠯᠡᠨ ᠡᠰᠡ ᠰᠤᠷᠭᠠᠭᠰᠠᠨ ᠰᠢᠯᠲᠠᠭᠠᠨ᠃


ᠠᠪᠤ ᠡᠵᠢ ᠪᠣᠯᠤᠭᠠᠳᠤᠢ ᠲᠣᠶ᠋ᠢᠮᠣᠭ ᠪᠠᠭᠰᠢ ᠪᠣᠯᠬᠤᠯ᠎ᠠ ᠂

ᠠᠴᠤᠷ ᠦᠷ᠎ᠡ ᠬᠠᠶ᠋ᠢᠷᠠᠯᠠᠬᠤ ᠶ᠋ᠢ ᠮᠡᠳᠡᠬᠦ ᠦᠭᠡᠢ ᠴᠠᠯᠴᠢᠵᠤ ᠂

ᠠᠷᠪᠠᠨ ᠦᠭᠡ ᠪᠢᠴᠢᠭ᠌ᠯᠡᠭᠰᠡᠨ ᠰᠡᠳᠬᠢᠯ ᠬᠠᠷᠰᠢ ᠪᠤᠯᠪᠠᠯ᠎ᠡ ᠂

ᠠᠯᠳᠠᠯ ᠠᠨᠤ ᠮᠢᠨᠦ ᠪᠣᠯᠵᠤ ᠴᠠᠭᠠᠰᠤᠨ ᠳ᠋ᠤᠷ ᠪᠣᠯᠰᠤᠭᠠᠢ ᠃


  ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ

  ᠬᠢᠨᠠᠭᠰᠠᠨ ᠨᠢ ᠄ ᠤᠤᠠᠬᠠᠨᠰᠤ᠎ᠡ