ᠠᠮᠢᠳᠤ ᠳ᠋ᠠᠭᠠᠨ ᠪᠡᠶ᠎ᠡ ᠪᠡᠶ᠎ᠡ ᠪᠡᠨ ᠬᠠᠢᠷᠠᠯᠠ᠂ ᠬᠥᠮᠦᠰ ᠠ᠋- ᠸᠴᠢᠷᠪᠠᠲᠤ ᠶ᠋ᠢᠨ ᠳᠠᠰᠢᠪᠠᠯᠪᠠᠷАмьддаа бие биеэ хайрла , хүмүүс аа-очирбатын дашбалбар
ᠠᠮᠢᠳᠤ ᠳ᠋ᠠᠭᠠᠨ ᠪᠡᠶ᠎ᠡ ᠪᠡᠶ᠎ᠡ ᠪᠡᠨ ᠬᠠᠢᠷᠠᠯᠠ᠂ ᠬᠥᠮᠦᠰ ᠠ᠋
ᠸᠴᠢᠷᠪᠠᠲᠤ ᠶ᠋ᠢᠨ ᠳᠠᠰᠢᠪᠠᠯᠪᠠᠷ
ᠠᠮᠢᠳᠤ ᠳ᠋ᠠᠭᠠᠨ ᠪᠡᠶ᠎ᠡ ᠪᠡᠶ᠎ᠡ ᠪᠡᠨ ᠬᠠᠢᠷᠠᠯᠠ᠂ ᠬᠥᠮᠦᠰ ᠠ᠋
ᠠᠯᠢᠪᠠ ᠰᠠᠢᠬᠠᠨ ᠢ᠋ᠶ᠋ᠠᠨ ᠪᠤᠰᠤᠳ ᠠ᠋ᠴᠠ ᠪᠢᠲᠡᠭᠡᠢ ᠬᠠᠷᠠᠮᠯᠠ
ᠬᠡᠷᠡᠭ ᠦᠭᠡᠢ ᠦᠭᠡ ᠶ᠋ᠢᠨ ᠵᠡᠪᠡ ᠪᠡᠷ ᠵᠢᠷᠦᠬᠡ ᠶ᠋ᠢ ᠮᠢᠨᠢ ᠪᠤᠤ ᠰᠢᠷᠬᠠᠯᠠᠭᠤᠯ ᠂
ᠬᠡᠨ ᠨᠢᠭᠡᠨ ᠊ᠢ ᠪᠡᠨ ᠬᠠᠷᠠᠩᠭᠤᠢ ᠨᠦᠬᠡ ᠤᠷᠤᠭᠤ ᠪᠢᠲᠡᠭᠡᠢ ᠲᠦᠯᠬᠢ !
ᠠᠷᠢᠬᠢᠨ ᠳ᠋ᠤ᠌ ᠣᠷᠣᠭᠰᠠᠨ ᠨᠢᠭᠡ ᠶ᠋ᠢ ᠪᠡᠨ ᠱᠣᠣᠯᠠᠵᠤ ᠪᠤᠤ ᠢᠨᠢᠶᠡ᠂
ᠠᠶ᠎ᠠ ᠴᠢᠨᠦ ᠠᠪᠤ ᠴᠢᠨᠢ ᠴᠦ᠍ ᠪᠠᠶ᠋ᠢᠵᠤ ᠮᠡᠳᠡᠨ᠎ᠡ ᠰᠢᠦ ᠲᠠ
ᠠᠮᠵᠢᠵᠤ᠂ ᠴᠢ ᠥᠪᠡᠷ ᠢ᠋ᠶ᠋ᠡᠨ ᠠᠯᠳᠠᠷ ᠤ᠋ᠨ ᠵᠡᠷᠭᠡ ᠳ᠋ᠦ᠍ ᠬᠦᠷᠦᠭᠰᠡᠨ ᠪᠣᠯ
ᠠᠵᠠ ᠵᠢᠷᠭᠠᠯ ᠤ᠋ᠨ ᠬᠠᠭᠠᠯᠭ᠎ᠠ ᠶ᠋ᠢ ᠪᠤᠰᠤᠳ ᠲᠤ᠌ ᠪᠠᠨ ᠨᠡᠭᠡᠭᠡᠵᠦ ᠥᠭ !
ᠠᠴᠢ ᠶ᠋ᠢ ᠴᠢᠨᠢ ᠲᠡᠳᠡ ᠨᠠᠷ ᠪᠠᠰᠠ ᠪᠤᠤ ᠮᠠᠷᠲᠠᠭ ᠠ᠋
ᠭᠠᠭᠴᠠ ᠰᠠᠢᠬᠠᠨ ᠦᠭᠡ ᠪᠡᠷ ᠳᠤᠲᠠᠵᠤ ᠶᠠᠪᠤᠭ᠎ᠠ ᠬᠥᠮᠦᠨ ᠳ᠋ᠦ᠍
ᠭᠠᠷᠴᠠᠭ᠎ᠠ ᠦᠭᠡᠢ ᠳᠡᠷᠡᠨ ᠊ᠢ ᠨᠢ
ᠣᠯᠵᠤ ᠬᠡᠯᠡ
ᠭᠠᠳᠠᠨ᠎ᠠ ᠨᠠᠷᠠ ᠲᠠᠢ ᠴᠤ᠌ ᠭᠡᠷ ᠲᠦ᠍ ᠬᠦᠢᠲᠡᠨ ᠡᠳᠦᠷ
ᠭᠠᠵᠠᠷ ᠳᠡᠭᠡᠷ᠎ᠡ ᠨᠢᠭᠡ ᠪᠤᠰᠤ ᠤᠳᠠᠭ᠎ᠠ ᠲᠣᠬᠢᠶᠠᠯᠳᠤᠨ᠎ᠠ᠂
ᠴᠢᠮ᠎ᠠ ᠳ᠋ᠤ᠌ ᠳᠤᠷᠠᠯᠠᠭᠰᠠᠨ ᠰᠠᠢᠬᠠᠨ ᠬᠥᠪᠡᠭᠦᠨ ᠊ᠢ
ᠴᠢᠩᠭ᠎ᠠ ᠬᠠᠲᠠᠭᠤ ᠦᠭᠡ ᠪᠡᠷ ᠪᠢᠲᠡᠭᠡᠢ ᠭᠣᠮᠣᠳᠠᠭ᠎ᠠ ᠪᠦᠰᠡᠭᠦᠢ ᠮᠢᠨᠢ
ᠴᠢᠮ᠎ᠠ ᠶ᠋ᠢ ᠬᠠᠢᠷᠠᠯᠠᠭᠰᠠᠨ ᠤ᠋ ᠬᠢᠨᠢ ᠬᠠᠷᠢᠭᠤ ᠳ᠋ᠤ᠌ ᠬᠠᠢᠷᠠᠯᠠ
ᠴᠢᠮ᠎ᠠ ᠠ᠋ᠴᠠ ᠰᠠᠢᠬᠠᠨ ᠬᠡᠦᠬᠡᠨ ᠳ᠋ᠦ᠍ ᠴᠦ᠍ ᠳᠤᠷᠠᠯᠠᠵᠤ ᠪᠣᠯᠬᠤ ᠰᠢᠦ ᠲᠠ
ᠪᠢᠳᠡᠨ ᠦ᠌ ᠠᠮᠢᠳᠤᠷᠠᠯ ᠠᠪ ᠠᠳᠠᠯᠢᠬᠠᠨ ᠂
ᠪᠢᠳᠡᠨ ᠦ᠌ ᠬᠣᠭᠣᠯᠠᠢ ᠳᠡᠭᠡᠷᠡᠬᠢ ᠦᠭᠡ ᠬᠦᠷᠲᠡᠯ᠎ᠡ ᠨᠢᠭᠡ ᠶᠠᠩᠵᠤ ᠪᠠᠷ
ᠵᠠᠩᠭᠢᠷᠠᠵᠤ
ᠪᠢᠳᠡᠨ ᠦ᠌ ᠬᠠᠴᠠᠷ ᠳᠡᠭᠡᠷ᠎ᠡ ᠨᠢᠯᠪᠤᠰᠤ ᠬᠦᠷᠲᠡᠯ᠎ᠡ ᠨᠢᠭᠡ ᠯᠡ ᠶᠠᠩᠵᠤ ᠪᠠᠷ
ᠪᠥᠮᠪᠥᠷᠢᠵᠦ
ᠪᠢᠳᠡᠨ ᠦ᠌ ᠵᠠᠮ ᠳᠡᠭᠡᠷ᠎ᠡ ᠠᠪ ᠠᠳᠠᠯᠢᠬᠠᠨ ᠤᠴᠠᠷᠠᠯ ᠲᠣᠬᠢᠶᠠᠯᠳᠤᠨ᠎ᠠ᠂
ᠪᠦᠰᠡᠭᠦᠢ ᠶ᠋ᠢᠨ ᠳᠣᠭᠣᠯᠠᠩ ᠨᠢᠯᠪᠤᠰᠤ ᠶ᠋ᠢ ᠠᠰᠠᠭᠤᠯ ᠦᠭᠡᠢ ᠠᠷᠴᠢᠵᠤ ᠥᠭ
ᠪᠦᠳᠦᠷᠢᠵᠦ ᠤᠨᠠᠭᠰᠠᠨ ᠬᠡᠦᠬᠡᠳ ᠊ᠢ ᠳᠡᠭᠡᠷ᠎ᠡ ᠡᠷᠭᠦᠵᠦ ᠠᠷᠭᠠᠳᠠ ᠃
ᠥᠨᠥᠳᠥᠷ ᠴᠢ ᠢᠨᠢᠶᠡᠵᠦ ᠂ ᠨᠥᠭᠥᠭᠡᠳᠡᠬᠢ ᠨᠢ ᠤᠬᠢᠯᠠᠳᠠᠭ ᠴᠤ᠌
ᠥᠭᠡᠷ᠎ᠡ ᠨᠢᠭᠡ ᠡᠳᠦᠷ ᠴᠢ ᠭᠤᠨᠢᠵᠤ ᠴᠠᠭᠠᠳᠤᠬᠢ ᠴᠢᠨᠢ ᠳᠠᠭᠤᠯᠠᠬᠤ ᠪᠣᠯᠤᠨ᠎ᠠ
ᠥᠯᠥᠭᠡᠢ ᠠᠪᠰᠠ ᠬᠣᠶᠠᠷ ᠊ᠢ ᠬᠥᠮᠦᠨ
ᠪᠦᠬᠦᠨ ᠳᠠᠮᠵᠢᠳᠠᠭ ᠪᠣᠯᠬᠣᠷ
ᠥᠭᠡᠷ᠎ᠡ ᠶᠠᠭᠤ ᠴᠤ᠌ ᠬᠡᠷᠡᠭ ᠦᠭᠡᠢ ᠪᠡᠶ᠎ᠡ ᠪᠡᠶ᠎ᠡ ᠪᠡᠨ ᠬᠠᠢᠷᠠᠯᠠ
ᠥᠷᠭᠡᠨ ᠬᠣᠷᠸ᠋᠎ᠠ ᠳ᠋ᠤ᠌ ᠬᠥᠮᠦᠨ ᠭᠡᠵᠦ ᠬᠠᠶ᠋ᠢᠷ᠎ᠠ ᠪᠠᠷ ᠳᠤᠲᠠᠵᠤ ᠪᠣᠯᠬᠤ ᠦᠭᠡᠢ !
ᠠᠵᠠ ᠵᠢᠷᠭᠠᠯ ᠊ᠢ ᠪᠢ
ᠬᠥᠮᠦᠨ ᠦ᠌ ᠰᠡᠳᠬᠢᠯ ᠦ᠋ᠨ ᠭᠠᠯ ᠢ᠋ᠶ᠋ᠠᠷ ᠲᠥᠰᠥᠭᠡᠯᠡᠳᠡᠭ ᠪᠣᠯᠬᠣᠷ
ᠠᠯᠲᠠᠨ ᠨᠠᠷᠠᠨ ᠭᠡᠷᠡᠯ ᠢ᠋ᠶ᠋ᠡᠨ ᠪᠢᠳᠡᠨ ᠳ᠋ᠦ᠍ ᠠᠪ ᠠᠳᠠᠯᠢᠬᠠᠨ ᠬᠠᠢᠷᠠᠯᠠᠳᠠᠭ
ᠪᠣᠯᠬᠣᠷ
ᠠᠮᠢᠳᠤ ᠶᠠᠪᠤᠬᠤ ᠶ᠋ᠢ ᠪᠢ ᠪᠤᠰᠤᠳ ᠲᠤ᠌ ᠬᠠᠶ᠋ᠢᠷ᠎ᠠ ᠶ᠋ᠢ ᠲᠦᠭᠡᠭᠡᠬᠦ ᠶ᠋ᠢᠨ ᠨᠡᠷ᠎ᠡ ᠭᠡᠵᠦ ᠪᠣᠳᠣᠨᠠᠮ !
ᠠᠵᠠ ᠵᠢᠷᠭᠠᠯ ᠊ᠢ ᠪᠢ
ᠪᠤᠰᠤᠳ ᠠ᠋ᠴᠠ ᠬᠠᠶ᠋ᠢᠷ᠎ᠠ ᠬᠦᠯᠢᠶᠡᠬᠦ ᠶ᠋ᠢᠨ
ᠨᠡᠷ᠎ᠡ ᠭᠡᠵᠦ ᠣᠶ᠋ᠢᠯᠭᠠᠨᠠᠮ !
ᠠᠮᠢᠳᠤ ᠳ᠋ᠠᠭᠠᠨ ᠪᠡᠶ᠎ᠡ ᠪᠡᠶ᠎ᠡ ᠪᠡᠨ ᠬᠠᠢᠷᠠᠯᠠ᠂ ᠬᠥᠮᠦᠰ ᠠ᠋
ᠠᠯᠢᠪᠠ ᠰᠠᠢᠬᠠᠨ ᠢ᠋ᠶ᠋ᠠᠨ ᠪᠤᠰᠤᠳ ᠠ᠋ᠴᠠ ᠪᠢᠲᠡᠭᠡᠢ ᠬᠠᠷᠠᠮᠯᠠ !
