ᠶᠠᠳᠠᠭᠤ ᠲᠠᠷᠢᠶᠠᠴᠢᠨ-ᠢᠨᠵᠠᠨᠨᠠᠰᠢЯдуу тариачин-инжиннаши ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠳᠠᠭᠤ ᠲᠠᠷᠢᠶᠠᠴᠢᠨ-ᠢᠨᠵᠠᠨᠨᠠᠰᠢЯдуу тариачин-инжиннаши

ᠶᠠᠳᠠᠭᠤ ᠲᠠᠷᠢᠶᠠᠴᠢᠨ-ᠢᠨᠵᠠᠨᠨᠠᠰᠢЯдуу тариачин-инжиннаши

2023-03-26

290

ᠶᠠᠳᠠᠭᠤ ᠲᠠᠷᠢᠶᠠᠴᠢᠨ

   ᠢᠨᠵᠠᠨᠨᠠᠰᠢ

ᠡᠮᠰᠡᠶ᠋ᠢᠵᠦ ᠬᠠᠮᠰᠠᠶ᠋ᠢᠭᠰᠠᠨ ᠨᠢᠭᠡᠨ ᠡᠪᠦᠭᠡᠨ ᠡᠪᠡᠳᠴᠢᠨ ᠬᠦᠷᠲᠡᠭᠰᠡᠨ ᠮᠡᠲᠦ᠂ 

ᠡᠯᠡᠩᠭᠢ ᠤᠷᠠᠩᠬᠠᠢ ᠬᠤᠪᠴᠠᠰᠤ ᠡᠮᠦᠰᠦᠭᠡᠳ ᠲᠤᠷᠠᠩᠬᠠᠢ ᠴᠢᠳᠬᠥᠷ ᠠᠳᠠᠯᠢ᠂ 

ᠡᠷᠲᠡ ᠥᠷᠯᠥᠭᠡ ᠡᠪᠴᠢᠭᠦᠦ ᠪᠡᠨ ᠲᠡᠪᠡᠷᠢᠨ ᠵᠠᠮ ᠊ᠤᠨ ᠬᠠᠵᠠᠭᠤᠳᠠ ᠡᠴᠢᠭᠡᠳ᠂ 

ᠡᠴᠢᠵᠦ ᠢᠷᠡᠬᠦ ᠬᠥᠮᠦᠨ ᠡᠴᠡ ᠠᠮᠤ ᠵᠣᠭᠣᠰ ᠭᠤᠶᠤᠮᠤᠢ᠃ 


ᠲᠡᠷᠡ ᠬᠢᠷᠢ ᠳ᠋ᠦ᠍ᠷ ᠮᠤᠩᠬᠠᠭ ᠬᠥᠪᠡᠭᠦᠨ ᠲᠠᠷᠢᠶ᠎ᠠ ᠪᠠᠶ᠋ᠢᠴᠠᠭᠠᠷ᠎ᠠ ᠭᠠᠷᠤᠭᠠᠳ᠂ 

ᠲᠡᠩᠬᠡᠭᠡ ᠦᠭᠡᠢ ᠪᠠᠶ᠋ᠢᠳᠠᠯ ᠊ᠢ ᠦᠵᠡᠵᠦ ᠳᠣᠲᠣᠷ᠎ᠠ ᠦᠷᠦ ᠡᠪᠡᠳᠴᠦ᠂ 

ᠲᠡᠷᠭᠡᠨ ᠳ᠋ᠦ᠍ᠷ ᠲᠡᠭᠡᠭᠡᠭᠰᠡᠨ ᠠᠮᠤ ᠠ᠋ᠴᠠ ᠲᠠᠪᠤᠨ ᠱᠸᠩ ᠥᠭᠭᠦᠭᠡᠳ᠂ 

ᠲᠡᠭᠦᠨ ᠡᠴᠡ ᠶᠠᠮᠠᠷ ᠤᠴᠢᠷ ᠲᠤᠷ ᠡᠶ᠋ᠢᠮᠦ ᠪᠣᠯᠤᠭᠰᠠᠨ ᠊ᠢ ᠠᠰᠠᠭᠤᠪᠠᠰᠤ᠃ 


ᠬᠥᠭᠰᠢᠨ ᠡᠪᠦᠭᠡᠨ ᠬᠠᠷᠢᠭᠤ ᠬᠡᠯᠡᠷᠦᠨ ᠄《 ᠮᠢᠨᠦ ᠦᠭᠡ ᠶ᠋ᠢ ᠰᠣᠨᠣᠰ᠄ 

ᠬᠥᠭᠡᠷᠦᠬᠦᠢ ᠪᠢ ᠵᠡᠭᠦᠨ ᠠᠢᠯ ᠊ᠤᠨ ᠵᠸᠡ ᠣᠪᠣᠭᠲᠤ ᠪᠥᠯᠥᠭᠡ᠂ 

ᠬᠦᠴᠦᠨ ᠮᠡᠬᠦᠰ ᠲᠦ᠍ᠷ ᠬᠤᠳᠠᠯᠳᠤᠭ᠎ᠠ ᠬᠢᠵᠦ ᠴᠢᠳᠠᠬᠤ ᠦᠭᠡᠢ ᠶ᠋ᠢᠨ ᠤᠴᠢᠷ᠂ 

ᠬᠥᠯᠥᠰᠥᠯᠡᠨ ᠲᠠᠷᠢᠭᠰᠠᠨ ᠪᠣᠯᠪᠠᠰᠤᠨ ᠲᠠᠷᠢᠶ᠎ᠠ ᠭᠤᠴᠢᠨ ᠮᠦ᠍ ᠶ᠋ᠢᠨ ᠲᠡᠳᠦᠢ ᠃


< ᠥᠷᠥᠰᠢᠶᠡᠯ ᠰᠠᠶ᠋ᠢᠲᠤ> ᠶ᠋ᠢᠨ ᠭᠤᠷᠪᠠᠳᠤᠭᠠᠷ ᠣᠨ ᠊ᠤ ᠭᠤᠷᠪᠠᠨ ᠰᠠᠷ᠎ᠠ ᠶ᠋ᠢᠨ ᠰᠢᠨ᠎ᠡ ᠳ᠋ᠦ᠍᠂ 

ᠥᠮᠥᠳᠥ ᠬᠤᠪᠴᠠᠰᠤ ᠪᠠᠨ ᠪᠠᠷᠠᠲᠠᠯ᠎ᠠ ᠳᠠᠨᠵᠢᠯᠠᠵᠤ ᠠᠨᠵᠢᠰᠤ ᠠᠷᠴᠢᠭᠤᠷ ᠠᠪᠤᠪᠠ᠂ 

ᠥᠷᠯᠥᠭᠡ ᠦᠳᠡᠰᠢ ᠲᠠᠷᠢᠵᠤ ᠠᠷᠴᠢᠨ ᠵᠦᠳᠡᠬᠦ ᠶ᠋ᠢᠨ ᠲᠤᠶ᠋ᠢᠯ ᠳ᠋ᠤᠷ ᠬᠦᠷᠦᠭᠡᠳ ᠂ 

ᠥᠪᠡᠷ ᠊ᠦᠨ ᠪᠡᠶ᠎ᠡ ᠶ᠋ᠢᠨ ᠥᠷᠢ ᠪᠠ ᠲᠦᠰᠢᠮᠡᠯ ᠊ᠤᠨ ᠲᠦᠷᠢᠶᠡᠰᠦ ᠶ᠋ᠢ ᠥᠭᠬᠦᠶ᠎ᠡ ᠬᠡᠮᠡᠲᠡᠯ᠎ᠡ᠃ 


ᠰᠠᠨᠠᠮᠰᠠᠷ ᠦᠭᠡᠢ ᠵᠢᠷᠭᠤᠭᠠᠨ ᠰᠠᠷ᠎ᠠ ᠠ᠋ᠴᠠ ᠳᠣᠯᠣᠭᠠᠨ ᠰᠠᠷ᠎ᠠ ᠬᠦᠷᠲᠡᠯ᠎ᠡ᠂ 

ᠰᠠᠭᠠᠭ ᠬᠠᠲᠠᠵᠤ ᠪᠤᠷᠴᠠᠭ ᠰᠢᠷᠠᠯᠠᠭᠠᠳ ᠪᠣᠷᠣᠭᠠᠨ ᠬᠤᠷ᠎ᠠ ᠦᠭᠡᠢ᠂ 

ᠰᠠᠪᠠ ᠳᠣᠲᠣᠷ᠎ᠠ ᠬᠣᠴᠣᠷᠤᠭᠰᠠᠨ ᠲᠡᠳᠦᠢ ᠤᠰᠤᠨ ᠊ᠤ ᠳᠤᠰᠤᠯ ᠡᠷᠢᠪᠡᠴᠦ᠂ 

ᠰᠠᠢᠬᠠᠨ ᠰᠤᠪᠤᠳ ᠭᠡᠭᠡᠬᠡᠨ ᠲᠠᠨ᠎ᠠ ᠶ᠋ᠢ ᠣᠯᠬᠤᠶ᠎ᠠ ᠪᠡᠷᠬᠡ᠃ 


ᠵᠦᠢ ᠢᠨᠤ ᠨᠠᠢ᠍ᠮᠠᠨ ᠰᠠᠷ᠎ᠠ ᠳ᠋ᠤᠷ ᠵᠤᠳ ᠊ᠢ ᠮᠡᠳᠡᠭᠦᠯᠳᠡᠭ ᠊ᠤᠨ ᠲᠤᠯᠠᠳᠠ᠂ 

ᠵᠦᠳᠡᠭᠦᠦ ᠪᠢ ᠬᠥᠯᠥᠰᠥ ᠬᠣᠴᠣᠷᠪᠠᠰᠤ ᠶᠠᠯᠠᠳᠠᠬᠤ ᠠ᠋ᠴᠠ ᠠᠶᠤᠵᠤ᠂ 

ᠵᠦᠭ ᠪᠦᠷᠢ ᠶ᠋ᠢᠨ ᠬᠥᠮᠦᠨ ᠯᠤᠭᠡ ᠭᠠᠮᠰᠢᠭ ᠊ᠢ ᠮᠡᠳᠡᠭᠦᠯᠦᠷ᠎ᠡ ᠡᠴᠢᠭᠡᠳ᠂ 

ᠵᠠᠪᠰᠢᠶᠠᠨ ᠬᠠᠶ᠋ᠢᠷᠠᠯᠠᠵᠤ ᠲᠦᠷᠢᠶᠡᠰᠦᠨ ᠠᠮᠤ ᠶ᠋ᠢ ᠬᠡᠯᠲᠦᠷᠢᠭᠦᠯᠬᠦ ᠪᠣᠯᠪᠠᠤ ᠬᠡᠮᠡᠯᠦᠭᠡ᠃ 


ᠠᠳᠠᠭ ᠵᠢᠯ ᠊ᠦᠨ ᠠᠯᠳᠠᠭᠰᠠᠨ ᠣᠯᠤᠭᠰᠠᠨ ᠠᠯᠠᠭ ᠪᠥᠭᠡᠳ ᠴᠣᠬᠣᠷ ᠪᠣᠯᠤᠭᠠᠳ᠂ 

ᠠᠭᠤᠯᠠᠨ ᠊ᠤ ᠲᠠᠷᠢᠶᠠᠯᠠᠩ ᠬᠠᠲᠠᠭᠰᠠᠨ ᠪᠥᠭᠡᠲᠡᠯ᠎ᠡ ᠤᠰᠤᠨ ᠊ᠤ ᠲᠠᠷᠢᠶᠠᠯᠠᠩ ᠣᠯᠵᠤᠬᠤᠢ᠂ 

ᠠᠪᠯᠢᠭᠠᠴᠢ ᠲᠦᠰᠢᠮᠡᠯ ᠠᠭᠤᠯᠠᠨ ᠊ᠤ ᠲᠠᠷᠢᠶ᠎ᠠ ᠠᠯᠳᠠᠭᠰᠠᠨ ᠊ᠢ ᠬᠡᠯᠡᠯᠴᠡᠬᠦ ᠦᠭᠡᠢ᠂ 

ᠠᠶ᠎ᠠ ᠪᠠᠰᠠ ᠤᠰᠤᠨ ᠊ᠤ ᠲᠠᠷᠢᠶ᠎ᠠ ᠣᠯᠤᠭᠰᠠᠨ ᠳ᠋ᠤᠷ ᠠᠳᠠᠯᠢ ᠪᠣᠯᠭᠠᠵᠤ᠃ 


ᠵᠠᠬᠢᠶ᠎ᠠ ᠪᠢᠴᠢᠭ ᠊ᠦᠨ ᠪᠠᠭᠤᠵᠤ ᠢᠷᠡᠬᠦ ᠢᠨᠤ ᠭᠠᠯ ᠮᠡᠲᠦ ᠲᠦᠷᠭᠡᠨ ᠳ᠋ᠦ᠍ᠷ᠂ 

ᠵᠠᠭᠤᠨ ᠣᠪᠣᠭᠲᠠᠨ ᠪᠦᠭᠦᠳᠡᠭᠡᠷ ᠳᠠᠭᠠᠵᠤ ᠠᠯᠪᠠ ᠭᠤᠪᠴᠢᠭᠤᠷ ᠢ᠋ᠶ᠋ᠠᠨ ᠲᠤᠰᠢᠶᠠᠪᠠ᠃ 

ᠵᠠᠪᠰᠢᠶᠠᠨ ᠦᠭᠡᠢ ᠨᠠᠮᠠᠶ᠋ᠢ ᠣᠯᠠᠨ ᠊ᠤ ᠠᠶ᠎ᠠ ᠶ᠋ᠢ ᠳᠠᠭᠠᠵᠤ ᠶᠠᠪᠤᠬᠤ ᠦᠭᠡᠢ ᠭᠡᠮᠡᠨ᠂ 

ᠵᠠᠨᠤᠨ ᠥᠰᠢᠶᠡᠯᠡᠭᠰᠡᠭᠡᠷ ᠮᠢᠨᠦ ᠠᠯᠪᠠᠨ ᠊ᠢ ᠳᠠᠪᠬᠤᠷ ᠬᠤᠪᠢ ᠠᠪᠤᠪᠠ᠃ 


ᠬᠠᠷᠠᠭᠴᠢᠨ ᠭᠠᠬᠠᠢ ᠵᠢᠯ ᠊ᠦᠨ ᠶᠢᠰᠦᠨ ᠰᠠᠷ᠎ᠠ ᠳ᠋ᠤᠷ ᠰᠠᠩ ᠪᠤᠳᠠᠭ᠎ᠠ ᠣᠷᠣᠭᠤᠯᠬᠤ ᠳ᠋ᠤᠷ᠂ 

ᠬᠠᠯᠠᠭᠠᠢ ᠪᠢ ᠶᠠᠳᠠᠩᠭᠢ ᠳ᠋ᠠᠭᠠᠨ ᠥᠭᠴᠦ ᠴᠢᠳᠠᠬᠤ ᠦᠭᠡᠢ ᠳ᠋ᠦ᠍ᠷ᠂ 

ᠬᠠᠨ ᠲᠧᠦ ᠨᠡᠷᠡᠲᠦ ᠬᠦᠦ ᠬᠢᠭᠡᠳ ᠡᠸ ᠵᠧᠦ ᠥᠬᠢᠨ ᠬᠣᠶᠠᠭᠤᠯᠠ ᠶ᠋ᠢ᠂ 

ᠬᠠᠳᠠᠮ ᠬᠠᠷᠢ ᠡᠷᠢᠵᠦ ᠬᠤᠳᠠᠯᠳᠤᠨ ᠠᠯᠪᠠᠨ ᠊ᠤ ᠠᠮᠤ ᠶ᠋ᠢ ᠳᠥᠯᠥᠪᠡ᠃ 


ᠬᠥᠪᠡᠭᠦᠨ ᠦᠷ᠎ᠡ ᠪᠡᠨ ᠪᠢᠴᠢᠭᠡᠴᠢ ᠪᠠᠭᠰᠢ ᠳ᠋ᠤᠷ ᠬᠤᠳᠠᠯᠳᠤᠨ ᠥᠭᠭᠦᠭᠰᠡᠨ ᠲᠤᠯᠠ᠂ 

ᠬᠦᠷᠴᠦ ᠦᠵᠡᠨ ᠴᠢᠳᠠᠬᠤ ᠶ᠋ᠢᠨ ᠤᠷᠢᠳ ᠬᠥᠲᠥᠯᠦᠨ ᠠᠪᠴᠤ ᠡᠴᠢᠬᠦᠢ ᠳ᠋ᠦ᠍ᠷ᠂ 

ᠬᠥᠭᠡᠷᠦᠬᠦᠢ ᠡᠸ ᠵᠧᠦ ᠮᠢᠨᠢ ᠰᠠᠶᠢ ᠨᠠᠢ᠍ᠮᠠᠨ ᠨᠠᠰᠤᠲᠠᠢ᠂ 

ᠬᠦᠴᠦᠷᠬᠡᠭ ᠠᠷᠠᠳ ᠲᠤᠷ ᠬᠦᠢᠯᠡᠨ ᠥᠭᠭᠦᠭᠡᠳ ᠰᠢᠪᠡᠭᠴᠢᠨ ᠪᠣᠯᠭᠠᠷ᠎ᠠ ᠠᠪᠠᠴᠢᠪᠠᠢ᠃ 


ᠥᠲᠡᠭᠦᠰ ᠪᠢ ᠡᠨᠡ ᠵᠢᠯ ᠳᠠᠯᠠᠨ ᠨᠠᠰᠤ ᠭᠠᠷᠪᠠ ᠂ 

ᠥᠯᠥᠰᠪᠡᠴᠦ ᠢᠳᠡᠬᠦ ᠪᠤᠳᠠᠭ᠎ᠠ ᠦᠭᠡᠢ᠂ ᠲᠠᠭᠠᠷᠠᠪᠠᠴᠤ ᠡᠮᠦᠰᠬᠦ ᠬᠤᠪᠴᠠᠰᠤ ᠦᠭᠡᠢ᠂ 

ᠥᠭᠡᠳᠡ ᠤᠷᠤᠭᠤ ᠮᠥᠯᠬᠥᠨ ᠮᠠᠯᠲᠠᠨ ᠥᠯᠥᠨ ᠭᠡᠳᠡᠰᠦ ᠪᠡᠨ ᠲᠡᠵᠢᠭᠡᠵᠦ᠂ 

ᠦᠬᠦᠰᠦᠭᠡᠢ ᠭᠡᠮᠡᠨ ᠬᠦᠰᠡᠪᠡᠴᠦ ᠦᠬᠦᠬᠦ ᠦᠭᠡᠢ》 ᠬᠡᠮᠡᠵᠦ᠃ 


ᠡᠭᠡᠰᠢᠭᠯᠡᠨ ᠬᠡᠯᠡᠵᠦ ᠡᠪᠬᠡᠷᠡᠨ ᠤᠬᠢᠯᠠᠨ ᠨᠢᠳᠦᠨ ᠨᠢᠯᠪᠤᠰᠤ ᠪᠠᠨ ᠠᠷᠴᠢᠬᠤᠢ ᠳ᠋ᠤᠷ᠂ 

ᠡᠷᠭᠢᠭᠦᠦ ᠪᠢ ᠦᠭᠡ ᠶ᠋ᠢ ᠰᠣᠨᠣᠰᠤᠭᠰᠠᠭᠠᠷ ᠬᠥᠯᠥᠰᠥ ᠠᠷᠤ ᠳ᠋ᠤᠷ ᠨᠡᠪᠲᠡᠷᠡᠪᠡᠢ᠂  

ᠡᠪᠦᠭᠡᠨ ᠴᠢ ᠣᠳᠣ ᠦᠭᠡ ᠬᠡᠯᠡᠬᠦ ᠪᠡᠨ ᠪᠠᠶ᠋ᠢᠭ᠎ᠠ᠂ 

ᠡᠨᠡ ᠵᠢᠯ ᠊ᠦᠨ ᠲᠦᠷᠢᠶᠡᠰᠦ ᠬᠥᠭᠡᠭᠡᠬᠦ ᠮᠢᠨᠦ ᠪᠡᠶ᠎ᠡ ᠮᠥᠨ ᠬᠡᠮᠡᠵᠦᠬᠦᠢ᠃ 


   ᠠᠮᠢᠯᠠᠭᠤᠭᠴᠢ᠄ ᠰ ᠳᠠᠯᠠᠨᠪᠠᠶᠠᠷ

   ᠬᠢᠨᠠᠭᠴᠢ ᠄ ᠭᠠᠷᠮ᠎ᠠ ᠂ ᠰᠡᠬᠡᠭᠡᠷᠡᠯ ᠂ ᠣᠳᠬᠠᠨᠰᠣ ‍ᠠ᠋

   2023.03.25 22᠄35