ᠨᠤᠲᠤᠭ ᠮᠢᠨᠢ- ᠰᠡᠷᠠᠩᠴᠣᠭᠳᠠᠢНутаг минь-цэрэнцөгтэй
ᠨᠤᠲᠤᠭ ᠮᠢᠨᠢ
ᠰᠡᠷᠠᠩᠴᠣᠭᠳᠠᠢ
ᠠᠯᠠᠭ ᠬᠣᠷᠸ᠋᠎ᠠ ᠶ᠋ᠢᠨ ᠠᠭᠤᠳᠠᠮ ᠳ᠋ᠤ᠌
ᠠᠯᠠᠭᠠᠨ ᠴᠢᠨᠡᠭᠡᠨ ᠭᠠᠵᠠᠷ ᠨᠢ ᠴᠦ᠍
ᠠᠷᠭ᠎ᠠ ᠦᠭᠡᠢ ᠯᠡ ᠰᠠᠢᠬᠠᠨ ᠰᠠᠨᠠᠭᠳᠠᠭᠠᠳ ᠪᠠᠶ᠋ᠢᠲᠠᠭ
ᠠᠮᠢᠨ ᠬᠠᠶ᠋ᠢᠷᠠᠲᠠᠢ ᠮᠢᠨᠦ ᠯᠡ ᠨᠤᠲᠤᠭ ᠠ᠋
ᠠᠪᠤ ᠡᠵᠢ ᠡᠴᠡ ᠮᠢᠨᠢ ᠦᠯᠡᠳᠡᠭᠡᠭᠰᠡᠨ
ᠠᠯᠲᠠᠨ ᠰᠢᠷᠣᠶ᠋ᠢᠲᠤ
ᠳᠠᠷᠬᠠᠨ ᠥᠯᠥᠭᠡᠢ
ᠠᠮᠢᠳᠤᠷᠠᠴᠤ ᠯᠠ ᠶᠠᠪᠤᠬᠤ ᠨᠠᠰᠤᠨ ᠳ᠋ᠤ᠌ ᠮᠢᠨᠢ
ᠠᠰᠢᠳᠠ ᠶ᠋ᠢᠨ ᠵᠢᠷᠭᠠᠯ ᠲᠠᠢ ᠮᠢᠨᠦ ᠨᠤᠲᠤᠭ ᠠ᠋ !
ᠠᠯᠤᠰ ᠠ᠋ᠴᠠ ᠬᠠᠷᠠᠭᠰᠠᠨ ᠴᠤ᠌ ᠨᠥᠮᠥᠷᠢᠯᠡᠩᠬᠡᠨ ᠪᠠᠶ᠋ᠢᠲᠠᠭ
ᠠᠷᠤ ᠠᠭᠤᠯᠠ ᠨᠤᠲᠤᠭ ᠤ᠋ᠨ ᠮᠢᠨᠢ ᠰᠠᠬᠢᠭᠤᠰᠤ
ᠠᠳᠤᠭᠤ ᠮᠠᠯ ᠤ᠋ᠨ ᠮᠢᠨᠢ ᠲᠠᠩᠰᠤᠭ ᠪᠡᠯᠴᠢᠭᠡᠷ ᠲᠡᠢ
ᠠᠯᠠᠭ ᠨᠢᠳᠦᠨ ᠦ᠌ ᠮᠢᠨᠢ ᠲᠣᠷᠭᠠᠨ ᠬᠠᠷᠭᠤᠢ
ᠠᠭᠲᠠ ᠬᠦᠯᠦᠭ ᠦ᠋ᠨ ᠣᠮᠣᠭᠯᠠᠩ ᠲᠡᠭᠦᠯᠢᠭᠡᠨ ᠲᠡᠢ
ᠠᠷᠢᠭᠤᠬᠠᠨ ᠨᠤᠲᠤᠭ ᠤ᠋ᠨ ᠮᠢᠨᠢ ᠥᠷᠨᠢᠯ ᠬᠥᠭᠵᠢᠯ
ᠠᠴᠢᠷ ᠦᠷ᠎ᠡ ᠶ᠋ᠢᠨ ᠮᠢᠨᠢ ᠡᠭᠦᠷᠢᠳᠡ ᠣᠷᠣᠰᠢᠬᠤ
ᠠᠮᠢᠨ ᠬᠠᠶ᠋ᠢᠷᠠᠲᠠᠢ ᠮᠢᠨᠦ ᠨᠤᠨᠲᠠᠭ ᠠ᠋ !
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠄ ᠣᠤᠠᠬᠠᠨᠰᠣ ᠠ᠋
