ᠨᠢᠭᠤᠴᠠ ᠳᠦᠰᠢᠭ – ᠤᠷᠠᠩᠭᠣᠸ᠎ᠠ Нууц түшиг – Урангоо ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠤᠴᠠ ᠳᠦᠰᠢᠭ – ᠤᠷᠠᠩᠭᠣᠸ᠎ᠠ Нууц түшиг – Урангоо

ᠨᠢᠭᠤᠴᠠ ᠳᠦᠰᠢᠭ – ᠤᠷᠠᠩᠭᠣᠸ᠎ᠠ Нууц түшиг – Урангоо

2023-03-26

706

ᠨᠢᠭᠤᠴᠠ ᠳᠦᠰᠢᠭ


                              ᠤᠷᠠᠩᠭᠤᠸ᠎ᠠ

     ᠡᠵᠢ ᠮᠢᠨᠢ ᠭᠤᠴᠢᠨ ᠵᠢᠯ ᠤᠨ ᠡᠮᠤᠨ᠎ᠡ ᠨᠢᠳᠦ ᠪᠠᠨ ᠠᠪᠤᠭᠤᠯᠤᠭᠰᠠᠨ ᠪᠢᠯᠡ᠃ ᠨᠢᠳᠦ ᠪᠠᠨ ᠠᠪᠤᠭᠤᠯᠬᠤ ᠬᠡᠵᠥ᠍ ᠮᠡᠰᠡ ᠵᠠᠰᠠᠯ ᠬᠢᠭᠥ ᠳ᠋ᠡᠭᠡᠨ ᠮᠢᠨᠴᠥᠭᠥᠷᠡᠭᠥᠯᠭᠥ ᠡᠮ ᠢ ᠦᠩᠭᠡᠷᠡᠥ ᠬᠡᠷᠡᠭᠯᠡᠭᠰᠡᠨ ᠡᠴᠡ ᠪᠣᠯᠵᠤ ᠴᠢᠬᠢᠨ ᠤ ᠰᠣᠨᠣᠷ ᠎ᠵᠢᠡᠨ ᠠᠯᠳᠠᠪᠠ᠃ ᠰᠡᠭᠦᠯᠴᠢ ᠵᠢᠨ ᠵᠢᠯ ᠤᠳ ᠲᠦ ᠰᠢᠳᠦ ᠨᠢ ᠴᠤ᠌ ᠪᠦᠷ ᠤᠨᠠᠵᠤ ᠪᠠᠷᠠᠪᠠ᠃ ᠬᠡᠳᠦᠢᠪᠡᠷ ᠢᠩᠬᠢᠵᠥ᠍ ᠠᠪᠤᠭᠤᠯᠳᠠᠭ ᠵᠢᠡᠨ ᠠᠪᠤᠭᠤᠯᠵᠤ ᠤᠨᠠᠭᠠᠳᠠᠭ ᠵᠢᠡᠨ ᠤᠨᠠᠭᠠᠵᠤ ᠪᠠᠢᠭᠰᠠᠨ ᠴᠤ᠌ ᠡᠵᠢ ᠮᠢᠨᠢ《  ᠡᠮᠲᠡᠷᠡᠳᠡᠭ ᠨᠢ ᠡᠮᠳᠡᠷᠡᠵᠥ᠍ ᠬᠠᠭᠠᠷᠠᠳᠠᠭ ᠨᠢ ᠬᠠᠭᠠᠷᠠᠵᠤ ᠯᠠ ᠪᠠᠢᠭ᠂  ᠦᠯᠡᠳᠡᠭᠰᠡᠨ ᠪᠢ ᠠᠮᠢᠳᠤᠷᠠᠳᠠᠭ ᠵᠢᠡᠨ ᠠᠮᠢᠳᠤᠷᠠᠵᠤ ᠯᠠ ᠪᠠᠢᠶ᠎ᠠ! 》 ᠭᠡᠵᠦ ᠵᠣᠷᠢᠭ ᠵᠢᠡᠨ ᠢᠯᠡᠳᠭᠡᠬᠥ ᠮᠡᠳᠥ᠍ ᠠᠵᠢᠭ  ᠴᠤ᠌ ᠦᠭᠡᠢ ᠬᠥᠷᠥᠨ᠎ᠡ ᠭᠡᠰᠡᠨ ᠭᠠᠵᠠᠷ ᠳᠠᠭᠠᠨ ᠭᠥᠷᠴᠥ᠍᠂ ᠬᠡᠯᠡᠨ᠎ᠡ ᠭᠡᠰᠡᠨ ᠦᠭᠡ ᠪᠠᠨ ᠬᠡᠯᠡᠵᠦ ᠥᠨᠥ᠍ ᠵᠢᠯ ᠨᠠᠶᠠᠨ ᠳᠤᠯᠤᠭᠠᠳᠠᠬᠢ ᠵᠢᠯ ᠵᠢᠡᠨ ᠤᠭᠲᠤᠪᠠ᠃ ᠨᠢᠭᠡ  ᠬᠥᠮᠥᠨ ᠤ  ᠲᠣᠯᠣᠭᠠᠢ  ᠲᠣᠭᠣᠷᠢᠭ᠍ᠰᠠᠨ ᠭᠤᠷᠪᠠᠨ ᠭᠣᠣᠯ ᠡᠷᠬᠡᠲᠡᠨ ᠨᠢ ᠪᠦᠷ ᠬᠠᠰᠤᠭᠳᠠᠴᠢᠬᠠᠬᠤ  ᠳᠦ ᠦᠯᠡᠳᠡᠭᠰᠡᠨ ᠨᠢ ᠵᠥᠪᠬᠡᠨ ᠰᠠᠨᠠᠭ᠎ᠠ  ᠰᠡᠳᠬᠢᠯ ᠯᠠ ᠪᠣᠯᠣᠨ᠎ᠠ ᠭᠡᠵᠦ ᠪᠢ ᠪᠣᠳᠣᠨ᠎ᠠ᠃

     《 ᠬᠡᠨ ᠨᠢ ᠮᠢᠨᠤ ᠠᠮᠢ ᠨᠠᠰᠤᠨ ᠡᠴᠡ ᠤᠷᠪᠠᠶ᠎ᠠ ᠭᠡᠪᠡᠯ ᠤᠷᠪᠠ᠂ ᠪᠢ ᠯᠠ ᠤᠷᠪᠠᠬᠤ ᠦᠭᠡᠢ! 》 ᠭᠡᠵᠤ ᠪᠠᠲᠤ ᠦᠨᠡᠨᠴᠢ ᠰᠡᠳᠬᠢᠯ ᠵᠢᠡᠨ ᠢᠯᠡᠳᠬᠡᠵᠦ ᠪᠠᠢᠨ᠎ᠠ ᠬᠡᠮᠡᠷ ᠪᠠᠢᠳᠠᠭ ᠲᠡᠷᠡ ᠶᠡᠬᠡ ᠵᠣᠷᠢᠭ ᠰᠠᠨᠠᠭᠠᠨ ᠤ ᠨᠢᠭᠤᠴᠠ ᠵᠢ ᠭᠠᠢᠬᠠᠵᠤ ᠯᠠ ᠪᠠᠢᠳᠠᠭ᠃ ᠲᠡᠭᠡᠬᠦ  ᠳᠦ ᠡᠵᠢ ᠮᠢᠨᠢ ᠲᠡᠷᠡ ᠶᠡᠬᠡ ᠵᠣᠷᠢᠭ ᠰᠠᠨᠠᠭ᠎ᠠ ᠪᠠᠨ  ᠨᠠᠳᠠ ᠳᠦ ᠤᠯᠠᠮ ᠨᠢᠭᠡ ᠪᠠᠷᠳᠠᠮᠨᠠᠭᠤᠯᠤᠶ᠎ᠠ ᠭᠡᠰᠡᠨ ᠶᠤᠮ ᠰᠢᠭ ᠦᠢᠷ᠎ᠡ ᠳᠤ ᠬᠦᠬᠡᠬᠤᠳᠠᠨ᠎ᠠ ᠢᠷᠡᠵᠦ ᠮᠢᠨᠤ ᠬᠠᠵᠠᠭᠤ ᠳᠦ ᠬᠡᠳᠦ ᠬᠣᠨᠣᠭ ᠰᠠᠭᠤᠪᠠ᠃ ᠪᠢ ᠬᠠᠷᠠᠭᠠᠳ ᠪᠠᠢᠬᠤ ᠳᠦ᠂ ᠮᠢᠨᠤ ᠡᠵᠢ ᠵᠢᠨ ᠠᠮᠢᠳᠤᠷᠠᠯ ᠤᠨ ᠪᠦᠭᠥᠢᠯᠡ ᠠᠭᠤᠯᠭ᠎ᠠ ᠨᠢ ᠮᠠᠨᠢ ᠲᠣᠭᠠᠯᠠᠬᠤ ᠪᠣᠯᠴᠢᠬᠠᠭᠰᠠᠨ ᠯᠠ ᠪᠠᠢᠪᠠ᠃  ᠥᠷᠯᠥᠭᠡ ᠦᠳᠡᠰᠢ ᠪᠣᠯᠭᠠᠨ ᠮᠠᠨᠢ ᠲᠣᠭᠠᠯᠠᠵᠤ᠂ ᠮᠠᠨᠢ ᠲᠣᠭᠠᠯᠠᠬᠤ ᠪᠦᠷᠢ ᠡᠷᠯᠢᠭ ᠲᠦ ᠶᠠᠪᠤᠭᠰᠠᠨ ᠬᠠᠢᠷᠠᠲᠤ ᠬᠥᠮᠥᠰ ᠤᠨ ᠵᠢᠡᠨ ᠵᠥᠪ ᠵᠠᠮ ᠳᠠᠭᠠᠨ ᠶᠠᠪᠤᠬᠤ ᠵᠢ ᠨᠢ ᠳᠠᠭᠠᠳᠬᠠᠵᠤ᠂ ᠦᠯᠡᠳᠡᠵᠦ ᠪᠠᠢᠭ᠎ᠠ ᠬᠠᠢᠷᠠᠲᠤ ᠬᠥᠮᠥᠰ ᠤᠨ ᠵᠢᠡᠨ ᠰᠠᠢᠬᠠᠨ ᠠᠮᠢᠳᠤᠷᠠᠬᠤ ᠵᠢ ᠨᠢ ᠵᠠᠯᠪᠠᠷᠢᠨ᠎ᠠ᠃ 

      ᠵᠠᠯᠪᠠᠷᠢᠵᠤ ᠭᠠᠷᠤᠭᠰᠠᠨ ᠵᠢᠡᠨ ᠨᠠᠳᠠ ᠳᠦ《 ᠠᠢ ᠳ᠋ᠠ᠂ ᠪᠢ  ᠴᠤ᠌ ᠰᠠᠢᠬᠠᠨ ᠪᠠᠢᠨ᠎ᠠ᠂ ᠬᠡᠳᠦᠨ ᠬᠡᠦᠬᠡᠳ ᠤᠨ ᠢᠶᠠᠨ ᠠᠴᠢ ᠪᠠᠷ  ᠦᠵᠡᠳᠡᠭ ᠦᠭᠡᠢ ᠰᠠᠢᠬᠠᠨ ᠢᠶᠠᠨ ᠦᠵᠡᠵᠦ ᠪᠠᠢᠨ᠎ᠠ᠃ ᠶᠡᠬᠡ ᠬᠣᠲᠠ ᠵᠢ ᠴᠤ᠌ ᠦᠵᠡᠴᠢᠭᠡᠯ᠎ᠡ᠂  ᠢᠳᠡᠭᠰᠡᠨ ᠦᠭᠡᠢ ᠰᠠᠢᠬᠠᠨ ᠰᠠᠢᠬᠠᠨ ᠬᠣᠭᠣᠯᠠ ᠪᠤᠳᠠᠭ᠎ᠠ ᠵᠢ  ᠴᠤ᠌ ᠢᠳᠡᠵᠤ ᠯᠠ ᠪᠠᠢᠨ᠎ᠠ᠂ ᠲᠠᠪᠬᠤᠷ ᠲᠠᠪᠬᠤᠷ ᠲᠣᠷᠭ᠎ᠠ ᠳᠤᠷᠳᠤᠩ ᠢᠶᠠᠷ ᠬᠤᠪᠴᠠᠰᠤᠯᠠᠵᠤ ᠯᠠ ᠪᠠᠢᠨ᠎ᠠ᠃  ᠥᠩᠭᠡᠷᠡᠭᠰᠡᠨ ᠳᠦ ᠬᠠᠲᠤᠨ ᠨᠣᠶᠠᠨ ᠰᠠᠶᠢ ᠡᠢᠮᠦ ᠰᠠᠢᠬᠠᠨ ᠠᠮᠢᠳᠤᠷᠠᠯ ᠢ ᠡᠳ᠋ᠯᠡᠬᠦ ᠡᠴᠡ ᠪᠢᠰᠢ ᠡᠩ ᠤᠨ ᠬᠥᠮᠥᠨ ᠢᠩᠬᠢᠵᠤ ᠪᠣᠯᠬᠤ ᠶᠤᠮ ᠤᠤ?  ᠵᠡᠭᠦᠳᠦᠯᠡᠵᠦ  ᠴᠤ᠌ ᠴᠢᠳᠠᠬᠤ ᠦᠭᠡᠢ᠃ ᠠᠢ ᠳ᠋ᠠ ᠬᠥᠭᠡᠷᠦᠬᠦᠢ᠂ ᠠᠪᠠᠢ ᠴᠢᠨᠢ ᠭᠡᠵᠦ ᠶᠠᠮᠠᠷ  ᠴᠤ᠌ ᠪᠤᠶᠠᠨ ᠦᠭᠡᠢ ᠬᠥᠮᠥᠨ ᠶᠤᠮ ᠪᠢᠯᠡ?  ᠨᠠᠰᠤ ᠪᠠᠷ ᠢᠶᠠᠨ ᠵᠣᠪᠠᠵᠤ ᠵᠦᠳᠡᠷᠡᠵᠦ ᠯᠠ ᠶᠠᠪᠤᠯ᠎ᠠ᠂ ᠲᠡᠭᠡᠭᠡᠳ ᠪᠠᠰᠠ  ᠣᠬᠣᠷ ᠨᠠᠰᠤᠯᠠᠯ᠎ᠠ᠂ ᠭᠡᠴᠡᠭᠥᠥ ᠶᠤᠮ ᠠ᠋᠁ ᠶᠠᠳᠠᠬᠤ ᠳᠤ ᠨᠢᠭᠡ ᠰᠢᠨ᠎ᠡ ᠬᠤᠪᠴᠠᠰᠤ  ᠴᠤ᠌ ᠡᠮᠦᠰᠴᠦ  ᠠᠮᠵᠢᠭ᠍ᠰᠠᠨ ᠦᠭᠡᠢ ᠡ᠁ ᠭᠡᠶ᠎ᠡ ᠳᠠᠬᠢᠵᠤ  ᠢᠷᠡᠭᠰᠡᠨ ᠲᠡᠷᠡ ᠬᠠᠷᠢᠨ ᠰᠠᠢᠬᠠᠨ ᠠᠮᠢᠳᠤᠷᠠᠵᠤ ᠪᠠᠢᠨ᠎ᠠ᠁》 ᠭᠡᠪᠡ᠃《 ᠳᠠᠬᠢᠵᠤ  ᠢᠷᠡᠭᠰᠡᠨ 》 ᠭᠡᠬᠦ ᠦᠭᠡ ᠵᠢ ᠰᠣᠨᠣᠰᠤᠭᠠᠳ ᠪᠢ ᠰᠣᠴᠢᠵᠤ《 ᠮᠢᠨᠤ ᠠᠪᠠᠢ ᠳᠠᠬᠢᠵᠤ  ᠢᠷᠡᠭᠰᠡᠨ ᠶᠤᠮ ᠤᠤ?  ᠬᠠᠮᠢᠭ᠎ᠠ  ᠪᠠᠢᠭ᠎ᠠ  ᠶᠤᠮ? ᠶᠠᠭᠠᠬᠢᠭᠠᠳ ᠨᠠᠳᠠ ᠳᠤ ᠬᠡᠯᠡᠳᠡᠭ ᠦᠭᠡᠢ ᠶᠤᠮ? 》 ᠭᠡᠪᠡᠯ᠂《 ᠠᠴᠢ ᠬᠡᠦᠬᠡᠨ ᠴᠢᠨᠢ ᠳᠠᠷᠤᠢ ᠠᠪᠠᠢ ᠴᠢᠨᠢ ᠶᠤᠮ᠃ ᠠᠪᠠᠢ ᠴᠢᠨᠢ ᠶᠠᠪᠤᠬᠤ ᠦᠶ᠎ᠡ ᠳ᠋ᠡᠭᠡᠨ ᠨᠠᠳᠠ ᠳᠤ  ᠬᠡᠯᠡᠭᠰᠡᠨ᠄〈 ᠴᠢ ᠮᠠᠨ ᠤ ᠴᠠᠬᠠᠷ ᠤᠨ ᠡᠭᠦᠳᠡᠨ ᠳᠤ ᠨᠠᠰᠤ ᠪᠠᠷ ᠢᠶᠠᠨ ᠵᠢᠳᠬᠦᠯ᠎ᠡ᠂ ᠪᠢ ᠨᠢᠳᠦ ᠨᠢᠭᠤᠷ ᠢᠶᠠᠨ ᠠᠯᠳᠠᠵᠤ ( ᠠᠪᠤ ᠬᠣᠶᠠᠷ ᠨᠢᠳᠦᠨ ᠤ ᠬᠠᠷᠠᠭ᠎ᠠ ᠪᠡᠨ ᠠᠯᠳᠠᠭᠰᠠᠨ ᠶᠤᠮ ) ᠴᠢᠮ᠎ᠠ ᠳᠤ ᠶᠠᠮᠠᠷ  ᠴᠤ᠌ ᠳᠥᠰᠢᠭ ᠪᠣᠯᠣᠭᠰᠠᠨ ᠦᠭᠡᠢ᠂ ᠡᠷ᠎ᠡ ᠬᠥᠮᠥᠨ ᠪᠣᠯᠣᠭᠠᠳ ᠬᠡᠷᠡᠭ  ᠴᠤ᠌ ᠦᠭᠡᠢ ᠶᠤᠮ ᠪᠠᠢᠨ᠎ᠠ᠂ ᠬᠤᠷᠳᠤᠨ ᠰᠢᠭ᠋  ᠦᠬᠢᠨ ᠪᠣᠯᠵᠤ ᠲᠥᠷᠥᠭᠡᠳ  ᠴᠢᠮᠠᠶ᠋ᠢ ᠠᠰᠠᠷᠠᠶ᠎ᠠ! 〉 ᠭᠡᠵᠦ  ᠬᠡᠯᠡᠭᠰᠡᠨ ᠶᠤᠮ ᠰᠢᠤ ! ᠪᠢ ᠮᠡᠳᠡᠵᠥ ᠪᠠᠢᠨ᠎ᠠ᠂ ᠠᠪᠠᠢ ᠴᠢᠨᠢ  ᠦᠭᠡᠨ ᠳ᠋ᠡᠭᠡᠨ ᠭᠥᠷᠳᠡᠭ ᠭᠥᠮᠥᠨ ᠶᠤᠮ᠃ ᠦᠨᠡᠭᠡᠷ ᠬᠠᠷᠢᠨ ᠠᠬ᠎ᠠ ᠴᠢᠨᠢ ᠬᠤᠷᠢᠮ ᠬᠢᠭᠡᠳ ᠳᠡᠮᠡᠢ ᠤᠳᠠᠭᠰᠠᠨ ᠦᠭᠡᠢ ᠬᠡᠦᠬᠡᠳ ᠲᠠᠢ  ᠪᠣᠯᠣᠯ᠎ᠠ᠃ ᠪᠢ ᠬᠡᠦᠬᠡᠨ ᠦᠷ᠎ᠡ ᠪᠠᠢᠬᠤ  ᠭᠡᠭᠴᠢ ᠵᠢ ᠮᠡᠳᠡᠵᠦ ᠪᠠᠢᠭᠰᠠᠨ ᠶᠤᠮ᠃  ᠲᠡᠭᠡᠭᠡᠳ ᠬᠡᠳᠦᠨ ᠰᠠᠷ᠎ᠠ ᠪᠠᠷ ᠪᠣᠳᠣᠵᠤ  ᠪᠣᠳᠣᠭᠠᠳ〈 ᠡᠷᠳᠡᠨᠢᠬᠤᠸᠠᠷ〉 ᠭᠡᠰᠡᠨ ᠨᠡᠷ᠎ᠡ  ᠪᠡᠯᠡᠳᠬᠡᠭᠰᠡᠨ ᠶᠤᠮ᠃ ᠭᠠᠷᠤᠭᠠᠳ  ᠢᠷᠡᠭᠰᠡᠨ ᠨᠢ ᠦᠨᠡᠭᠡᠷ ᠬᠡᠦᠬᠡᠨ ᠦᠷ᠎ᠡ ᠪᠠᠢᠵᠤ ᠮᠢᠨᠤ ᠡᠷᠳᠡᠨᠢᠴᠢᠯᠡᠵᠥ᠍  ᠪᠡᠯᠡᠳᠬᠡᠭᠰᠡᠨ ᠨᠡᠷ᠎ᠡ ᠵᠢ ᠨᠠᠰᠤ ᠪᠠᠷ ᠢᠶᠠᠨ ᠪᠡᠶ᠎ᠡ ᠳᠤ ᠪᠠᠨ ᠠᠪᠴᠤ ᠶᠠᠪᠤᠬᠤ ᠢᠷᠦᠭᠡᠯ ᠲᠠᠢ ᠬᠥᠮᠥᠨ ᠨᠢ ᠪᠠᠢᠪᠠ᠃ ᠴᠢ ᠬᠠᠷᠠ!  ᠨᠠᠳᠠ ᠳᠤ ᠭᠤᠴᠢ ᠳᠥᠴᠢᠨ ᠠᠴᠢ ᠵᠢᠭᠡ ᠨᠠᠷ ᠪᠠᠢᠨ᠎ᠠ!  ᠡᠷᠳᠡᠨᠢᠬᠤᠸᠠᠷ ᠯᠠ ᠨᠠᠳᠠ ᠳᠦ ᠬᠠᠮᠤᠭ ᠡᠴᠡ ᠤᠯᠠᠨ ᠤᠲᠠᠰᠤ ᠢᠷᠡᠭᠦᠯᠵᠦ᠂ ᠤᠳᠠᠵᠤ ᠲᠦᠳᠡᠯ ᠦᠭᠡᠢ ᠦᠵᠡᠭᠥ ᠪᠠᠷ ᠢᠷᠡᠵᠦ᠂ ᠢᠷᠡᠬᠦ ᠵᠢᠨ ᠪᠣᠯᠭᠠᠨ  ᠨᠠᠮᠠᠶ᠋ᠢ ᠠᠰᠠᠷᠠᠭᠠᠳ ᠶᠠᠪᠤᠳᠠᠭ  ᠶᠤᠮ᠃ ᠲᠡᠷᠡ ᠠᠪᠠᠢ ᠴᠢᠨᠢ ᠪᠢᠰᠢ ᠭᠡᠵᠦ ᠦᠦ?  ᠶᠠᠭ ᠮᠥᠨ!  ᠪᠡᠶ᠎ᠡ ᠮᠠᠭᠤᠳᠠᠭᠠᠳ ᠪᠣᠯᠬᠤ ᠦᠭᠡᠢ  ᠪᠣᠯ ᠡᠷᠳᠡᠨᠢᠬᠤᠸᠠᠷ ᠢᠷᠡᠵᠦ  ᠨᠠᠮᠠᠶ᠋ᠢ ᠨᠢᠭᠡ ᠰᠠᠢᠨ ᠰᠣᠷᠣᠭᠤᠯᠳᠠᠭᠠᠳ ᠭᠠᠷᠪᠠᠯ ᠪᠦᠷ ᠰᠠᠢᠬᠠᠨ ᠪᠣᠯᠴᠢᠬᠠᠳᠠᠭ ᠶᠤᠮ᠁》 ᠭᠡᠪᠡ᠃

     ᠰᠡᠳᠬᠢᠯ ᠤᠨ ᠳᠥᠰᠢᠭ ᠭᠡᠵᠦ ᠦᠨᠡᠨ ᠳᠡᠬᠡᠨ ᠲᠥᠭᠥᠮᠬᠡᠨ ᠯᠠ ᠠᠵᠢ᠃ ᠤᠷᠳᠤ ᠨᠠᠰᠤᠯᠠᠬᠤ ᠵᠢᠨ ᠨᠢᠭᠤᠴᠠ  ᠴᠤ᠌ ᠲᠡᠢᠮᠦ ᠶᠠᠷᠰᠢᠭ ᠲᠠᠢ ᠶᠠᠭᠤᠮ᠎ᠠ ᠪᠢᠰᠢ ᠯᠠ ᠪᠠᠢᠨ᠎ᠠ᠃  


       ᠠᠩᠬ᠎ᠠ ᠲᠤᠮᠲᠠᠳᠤ ᠶᠢᠨ ᠡᠪᠦᠯ ᠦᠨ ᠠᠮᠠᠷᠠᠯᠲᠠ ᠶᠢᠨ ᠳᠠᠰᠬᠠᠯ 

       < ᠠᠮᠲᠠᠷᠬᠠᠨ ᠤᠩᠰᠢᠬᠤᠢ >  ᠠᠴᠠ ᠬᠠᠭᠤᠯᠤᠨ ᠪᠢᠴᠢᠪᠡ᠃

          ᠦᠰᠦᠭ  ᠠᠮᠢᠯᠠᠭᠤᠯᠤᠭᠰᠠᠨ ᠨᠢ ᠄   ᠭᠡᠷᠡᠯᠴᠢᠮᠡᠭ