ᠮᠠᠩᠬᠠᠨ ᠬᠠᠢᠯᠠᠰᠤ – ᠷᠠᠳᠨᠠᠪᠠᠽᠠᠷ Манхан хайлс – Раднаабазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠩᠬᠠᠨ ᠬᠠᠢᠯᠠᠰᠤ – ᠷᠠᠳᠨᠠᠪᠠᠽᠠᠷ Манхан хайлс – Раднаабазар

ᠮᠠᠩᠬᠠᠨ ᠬᠠᠢᠯᠠᠰᠤ – ᠷᠠᠳᠨᠠᠪᠠᠽᠠᠷ Манхан хайлс – Раднаабазар

2023-03-26

380

                 ᠷᠠᠳᠨᠠᠪᠠᠽᠠᠷ

      1. ᠵᠤᠭ᠎ᠠ  

 ᠮᠠᠩᠬᠠᠨ ᠬᠠᠠᠢᠯᠠᠰᠤ  ᠶ᠋ᠢᠨ ᠴᠡᠴᠡᠭ  ᠊ᠢ ᠵᠤᠭ᠎ᠠ ᠭᠡᠳᠡᠭ 
 ᠮᠥᠴᠢᠷ ᠳᠦᠭᠦᠷᠡᠩ ᠳᠡᠯᠭᠡᠷᠡᠵᠦ ᠰᠢᠪᠠᠤᠬᠠᠢ ᠰᠢᠷᠭᠤᠬᠤ ᠵᠠᠢ ᠦᠭᠡᠢ 
 ᠰᠠᠭᠤᠳᠠᠯ ᠪᠦᠷᠢ ᠳ᠋ᠤ᠌ ᠢᠬᠴᠤᠷᠠᠬᠰᠠᠨ ᠨᠢᠮᠭᠡᠨ ᠳᠡᠯᠪᠢ ᠲᠡᠢ 
 ᠰᠠᠯᠠᠭ᠎ᠠ ᠪᠣᠯᠭᠠᠨ ᠠᠳᠠᠯᠢᠬᠠᠨ ᠰᠠᠬᠤᠯᠢᠭ ᠵᠤᠵᠠᠭᠠᠨ ᠰᠠᠭᠤᠳᠠᠯ ᠲᠠᠢ ᠃  

 ᠵᠤᠭ᠎ᠠ ᠂ ᠮᠠᠩᠬᠠᠨ ᠨᠤᠲᠤᠭ  ᠦ᠋ᠨ ᠲᠡᠷᠢᠭᠦᠯᠡᠭᠴᠢ ᠴᠡᠴᠡᠭ 
 ᠵᠤᠭ᠎ᠠ ᠂ ᠮᠣᠩᠭᠣᠯ ᠣᠷᠣᠨ ᠤ᠋ ᠲᠠᠩᠰᠤᠭ ᠦᠵᠡᠮᠵᠢ 
 ᠵᠤᠭ᠎ᠠ ᠂ ᠮᠠᠩᠬᠠᠨ ᠭᠠᠵᠠᠷ ᠤ᠋ᠨ ᠨᠣᠭᠣᠭᠠᠨ ᠬᠦᠷᠮ᠎ᠡ 
 ᠵᠤᠭ᠎ᠠ ᠂ ᠮᠣᠩᠭᠣᠯ ᠬᠥᠮᠦᠨ ᠦ᠌ ᠰᠢᠮ᠎ᠡ ᠲᠡᠢ ᠬᠣᠭᠣᠯᠠ ᠃ 

      2. ᠮᠠᠩᠬᠠᠨ ᠬᠠᠶ᠋ᠢᠯᠠᠰᠤ 

 ᠬᠤᠶ᠋ᠢᠴᠢ ᠦᠶ᠎ᠡ ᠪᠡᠨ ᠭᠡᠵᠦ ᠤᠷᠢᠳ ᠢ᠋ᠶ᠋ᠠᠷ ᠵᠤᠭ᠎ᠠ ᠪᠠᠨ ᠳᠡᠯᠭᠡᠷᠡᠭᠦᠯᠦᠭᠡᠳ
 ᠬᠣᠵᠢᠮ ᠬᠤᠶ᠋ᠢᠨ᠎ᠡ ᠰᠠᠶᠢ ᠨᠠᠪᠴᠢᠯᠠᠳᠠᠭ ᠨᠢ ᠮᠠᠩᠬᠠᠨ ᠬᠠᠶ᠋ᠢᠯᠠᠰᠤ
 ᠢᠷᠡᠭᠡᠳᠦᠢ ᠮᠠᠷᠭᠠᠰᠢ ᠪᠠᠨ ᠭᠡᠵᠦ ᠡᠮᠦᠨ᠎ᠡ ᠨᠢ ᠦᠷ᠎ᠡ ᠪᠡᠨ ᠪᠣᠯᠪᠠᠰᠤᠷᠠᠭᠤᠯᠤᠭᠠᠳ 
 ᠠᠯᠢ ᠰᠡᠭᠦᠯ ᠳ᠋ᠦ᠍ᠨᠢ ᠰᠠᠶᠢ ᠨᠠᠬᠢᠶᠠᠯᠠᠳᠠᠭ ᠨᠢ ᠮᠠᠩᠬᠠᠨ ᠬᠠᠶ᠋ᠢᠯᠠᠰᠤ ᠠ᠋ ᠃ 

 ᠬᠠᠪᠤᠷ ᠤ᠋ᠨ ᠬᠠᠭᠰᠠᠷᠠᠭᠠᠨ ᠳ᠋ᠤ᠌ ᠭᠠᠩᠳᠠᠬᠤ ᠶ᠋ᠢ ᠮᠡᠳᠡᠬᠦ ᠦᠭᠡᠢ
 ᠬᠠᠨᠤᠭᠰᠠᠨ ᠪᠣᠷᠣᠭᠠᠨ ᠳ᠋ᠤ᠌ ᠤᠰᠤᠲᠤᠬᠤ ᠶ᠋ᠢ ᠮᠡᠳᠡᠬᠦ ᠦᠭᠡᠢ
 ᠬᠠᠯᠠᠭᠤᠨ ᠨᠠᠷᠠᠨ ᠳ᠋ᠤ᠌ ᠨᠠᠷᠠᠰᠢᠬᠤ ᠶ᠋ᠢ ᠮᠡᠳᠡᠬᠦ ᠦᠭᠡᠢ
 ᠬᠠᠷ᠎ᠠ ᠰᠢᠭᠤᠷᠭᠠᠨ ᠳ᠋ᠤ᠌ ᠨᠠᠶ᠋ᠢᠭᠤᠬᠤ ᠶ᠋ᠢ ᠮᠡᠳᠡᠬᠦ ᠦᠭᠡᠢ ᠃ 

 ᠭᠡᠷ ᠦ᠋ᠨ ᠨᠢᠷᠤᠭᠤ ᠬᠢᠪᠡᠯ ᠨᠠᠷᠠᠰᠤᠨ ᠮᠣᠳᠣ ᠠ᠋ᠴᠠ ᠪᠡᠬᠢ
 ᠬᠠᠰᠠᠭ ᠤ᠋ᠨ ᠬᠦᠷᠳᠦ ᠬᠢᠪᠡᠯ ᠬᠠᠪᠲᠠᠰᠤᠨ ᠲᠡᠮᠦᠷ ᠡᠴᠡ ᠬᠠᠲᠠᠭᠤ 
 ᠰᠢᠷᠡᠭᠡᠨ ᠨᠢᠭᠤᠷ ᠬᠢᠪᠡᠯ ᠤᠰᠤᠨ ᠵᠢᠷᠤᠭ ᠤ᠋ᠨ ᠬᠤᠸᠠᠷ ᠲᠠᠢ
 ᠰᠢᠳᠠᠮ ᠪᠢᠯᠠᠭᠤ ᠬᠢᠪᠡᠯ ᠭᠠᠵᠢᠬᠤ ᠦᠭᠡᠢ ᠪᠠᠲᠤ ᠴᠢᠨᠠᠷ ᠲᠠᠢ ᠃  

 ᠥᠨᠳᠥᠷ ᠨᠠᠰᠤᠯᠠᠭᠰᠠᠨ ᠴᠤ᠌ ᠤᠭ ᠢ᠋ᠶ᠋ᠠᠷ ᠢ᠋ᠶ᠋ᠠᠨ ᠢᠯᠵᠠᠷᠠᠬᠤ ᠦᠭᠡᠢ
 ᠤᠨᠠᠭᠠᠵᠤ ᠬᠠᠶᠠᠭᠰᠠᠨ ᠴᠤ᠌ ᠠᠮᠠᠷᠬᠠᠨ ᠦᠵᠢᠷᠡᠬᠦ ᠦᠭᠡᠢ 
 ᠤᠶᠠᠭ᠎ᠠ ᠪᠣᠯᠭᠠᠵᠤ ᠵᠠᠷᠤᠪᠠᠯ ᠤᠳᠠ ᠶ᠋ᠢ ᠠᠷᠪᠠ ᠡᠯᠡᠭᠡᠨ᠎ᠡ
 ᠥᠯᠥᠭᠡᠢ ᠪᠣᠯᠭᠠᠵᠤ ᠬᠡᠷᠡᠭᠯᠡᠪᠡᠯ ᠦᠷ᠎ᠡ ᠶ᠋ᠢ ᠮᠢᠩᠭ᠎ᠠ ᠥᠰᠬᠡᠨ᠎ᠡ ᠃ 

 ᠤᠨᠵᠢᠯᠭ᠎ᠠ ᠪᠠᠷ ᠨᠢ ᠰᠠᠭᠰᠤ ᠭᠦᠷᠦᠪᠡᠯ ᠬᠥᠮᠦᠰ ᠦ᠋ᠨ ᠱᠠᠭᠰᠢᠯ
 ᠤᠵᠢᠷᠬ᠋᠎ᠠ ᠪᠠᠷ ᠨᠢ ᠡᠮᠡᠭᠡᠯ ᠵᠣᠬᠢᠶᠠᠪᠠᠯ ᠡᠷᠡᠴᠦᠦᠯ ᠦ᠋ᠨ ᠰᠠᠶ᠋ᠢᠮᠰᠡᠷᠡᠯ
 ᠬᠣᠵᠤᠤᠯ᠎ᠠ ᠶ᠋ᠢ ᠨᠢ ᠬᠢᠰᠠ ᠳ᠋ᠤ᠌ ᠬᠢᠪᠡᠯ ᠨᠡᠭᠦᠷᠡᠰᠦᠨ ᠦ᠌ ᠬᠤᠪᠢᠯᠭᠠᠨ
 ᠬᠠᠯᠢᠰᠤ ᠶ᠋ᠢ ᠨᠢ ᠵᠤᠤᠬᠠᠨ ᠳ᠋ᠤ᠌ ᠬᠢᠪᠡᠯ ᠮᠣᠳᠣᠨ ᠤ᠋ ᠣᠷᠣᠨᠴᠣᠭ ᠃

 ᠮᠠᠶ᠋ᠢᠵᠢᠬᠢ ᠤᠷᠭᠤᠭᠰᠠᠨ ᠢ᠋ᠶ᠋ᠠᠷ ᠨᠢ ᠠᠨᠵᠢᠰᠤᠨ ᠪᠥᠬᠡ ᠬᠢᠳᠡᠭ 
 ᠮᠥᠬᠡᠷᠤᠤ ᠰᠠᠯᠠᠭ᠎ᠠ ᠪᠠᠷ ᠨᠢ ᠦᠬᠡᠷ ᠦ᠋ᠨ ᠪᠤᠭᠤᠯᠠᠭ᠎ᠠ ᠬᠢᠳᠡᠭ 
 ᠢᠲᠠᠭᠠᠷ ᠪᠡᠶ᠎ᠡ ᠪᠡᠷ ᠨᠢ ᠲᠡᠷᠭᠡᠨ ᠠᠷᠠᠯ ᠬᠢᠳᠡᠭ
 ᠮᠠᠲᠠᠶ᠋ᠢᠬᠰᠠᠨ ᠰᠠᠯᠠᠭ᠎ᠠ ᠪᠠᠷ ᠨᠢ ᠴᠢᠷᠭ᠎ᠠ ᠶ᠋ᠢᠨ ᠬᠢᠲᠤᠭ᠎ᠠ ᠬᠢᠳᠡᠭ ᠃

 ᠠᠰᠬᠠᠨ ᠳᠠᠩᠰᠠ ᠪᠠᠷ ᠨᠢ ᠠᠨᠵᠢᠰᠤᠨ ᠤᠯᠠ ᠬᠢᠳᠡᠭ
 ᠠᠷᠤᠨᠰᠢ ᠰᠠᠯᠠᠭ᠎ᠠ ᠲᠠᠢ ᠪᠠᠷ ᠨᠢ ᠠᠨᠵᠢᠰᠤᠨ ᠪᠠᠷᠢᠭᠤᠯ ᠬᠢᠳᠡᠭ
 ᠢᠳᠡ ᠪᠡᠷ ᠨᠢ ᠵᠦᠰᠦᠭᠡᠳ ᠠᠨᠵᠢᠰᠤᠨ ᠰᠤᠮᠤ ᠬᠢᠳᠡᠭ
 ᠠᠯᠠᠭᠠᠨ ᠳᠥᠷᠪᠡᠯᠵᠢᠯᠡᠭᠡᠳ ᠠᠨᠵᠢᠰᠤᠨ ᠳᠥᠷᠪᠡᠯᠵᠢ ᠬᠢᠳᠡᠭ ᠃ 

 ᠠᠷᠪᠠᠭᠠᠷ ᠰᠠᠯᠠᠭ᠎ᠠ ᠲᠠᠢ ᠪᠠᠷ ᠨᠢ ᠡᠪᠡᠰᠦᠨ ᠠᠴᠠ ᠬᠢᠨ᠎ᠡ
 ᠠᠳᠬᠤᠨ ᠭᠤᠷᠪᠠᠯᠵᠢᠨ ᠢ᠋ᠶ᠋ᠠᠷ ᠨᠢ ᠱᠠᠬᠠᠢ ᠶ᠋ᠢᠨ ᠬᠡᠯᠪᠡᠷᠢ ᠬᠢᠨ᠎ᠡ
 ᠣᠨᠴᠠᠭᠠᠢ ᠰᠠᠯᠠᠭ᠎ᠠ ᠪᠠᠷ ᠨᠢ ᠮᠢᠯᠠᠭ᠎ᠠ ᠶ᠋ᠢᠨ ᠡᠰᠢ ᠬᠢᠨ᠎ᠡ
 ᠤᠭ ᠳᠡᠯᠳᠡᠦ ᠪᠡᠷ ᠨᠢ ᠳᠡᠭᠡᠰᠦᠨ ᠦ᠌ ᠱᠦᠷᠭᠦᠭᠡᠯᠭᠡ ᠬᠢᠨ᠎ᠡ ᠃ 

 ᠬᠠᠪᠤᠷ  ᠦ᠋ᠨ ᠡᠬᠢᠨ ᠳ᠋ᠦ᠍ ᠠᠯᠲᠠᠨ ᠪᠠᠮᠪᠤ ᠶ᠋ᠢ ᠰᠦᠷᠦᠭ ᠢ᠋ᠶ᠋ᠡᠷ ᠪᠤᠶ᠋ᠢᠵᠢᠭᠤᠯᠤᠨ᠎ᠠ
 ᠬᠠᠪᠤᠷᠵᠢᠶ᠎ᠠ ᠶ᠋ᠢᠨ ᠭᠠᠴᠢᠭ ᠲᠤ᠌ ᠪᠣᠯᠵᠣᠮᠣᠷ ᠰᠢᠪᠠᠭᠤ ᠶ᠋ᠢ ᠠᠰᠠᠷᠠᠨ ᠲᠡᠵᠢᠭᠡᠨ᠎ᠡ
 ᠬᠠᠪᠤᠷ ᠤ᠋ᠨ ᠬᠠᠷᠠᠰᠤ ᠳ᠋ᠤ᠌ ᠡᠪᠡᠰᠦᠨ ᠲᠡᠵᠢᠭᠡᠯᠲᠡᠨ ᠦ᠌ ᠰᠢᠷᠣᠢ ᠶ᠋ᠢ ᠲᠣᠭᠣᠨ᠎ᠠ
 ᠬᠠᠯᠠᠭᠤᠨ ᠨᠠᠮᠤᠷ ᠲᠤ᠌ ᠠᠳᠤᠭᠤᠰᠤ ᠠᠮᠢᠲᠠᠨ ᠤ᠋ ᠬᠣᠷᠣᠬᠠᠢ ᠶ᠋ᠢ ᠬᠥᠭᠡᠭᠡᠨ᠎ᠡ ᠃ 

 ᠨᠠᠪᠴᠢ ᠮᠥᠴᠢᠷ ᠨᠢ ᠡᠪᠡᠰᠦᠨ ᠲᠡᠵᠢᠭᠡᠯᠲᠡᠨ ᠦ᠌ ᠰᠢᠮᠡᠲᠡᠢ ᠬᠣᠭᠣᠯᠠ
 ᠨᠠᠷᠢᠨ ᠨᠠᠮᠠᠭ᠎ᠠ ᠨᠢ ᠴᠦ᠍ ᠠᠳᠤᠭᠤᠰᠤ ᠠᠮᠢᠲᠠᠨ ᠤ᠋ ᠲᠠᠩᠰᠤᠭ ᠲᠡᠵᠢᠭᠡᠯ
 ᠮᠠᠩᠬ᠎ᠠ ᠶ᠋ᠢ ᠨᠤᠶ᠋ᠢᠷᠰᠤᠭᠤᠯᠵᠥ ᠰᠢᠪᠠᠭᠤ ᠶ᠋ᠢ ᠨᠤᠲᠤᠭᠰᠢᠭᠤᠯᠤᠭᠠᠳ ᠰᠡᠬᠥᠶ᠋ᠢᠨ ᠰᠦᠨᠳᠡᠷᠯᠡᠨ᠎ᠡ
 ᠮᠠᠩᠬᠠᠨ ᠬᠠᠶ᠋ᠢᠯᠠᠰᠤ ᠪᠦᠬᠦᠯᠢ ᠪᠡᠶ᠎ᠡ ᠪᠡᠷ ᠢ᠋ᠶ᠋ᠡᠨ ᠨᠤᠲᠤᠭ ᠤ᠋ᠨ ᠡᠷᠳᠡᠨᠢ ᠃ 

 ᠮᠠᠩᠬᠠᠨ ᠬᠠᠶ᠋ᠢᠯᠠᠰᠤ ᠂ ᠮᠠᠶ᠋ᠢᠵᠢᠬᠢ ᠨᠢ ᠪᠣᠯᠪᠠᠴᠤ ᠶᠠᠰᠤ ᠬᠠᠲᠠᠭᠤ ᠮᠣᠳᠣ
 ᠮᠠᠩᠬᠠᠨ ᠬᠠᠶ᠋ᠢᠯᠠᠰᠤ ᠂ ᠬᠠᠶ᠋ᠢᠵᠢᠬᠢ ᠨᠢ ᠪᠣᠯᠪᠠᠴᠤ ᠬᠡᠷᠡᠭᠰᠡᠯ ᠪᠦᠷᠢᠨ ᠮᠣᠳᠣ
 ᠮᠠᠩᠬᠠᠨ ᠬᠠᠶ᠋ᠢᠯᠠᠰᠤ ᠂ ᠦᠷ᠎ᠡ ᠪᠡᠨ ᠡᠷᠭᠦᠵᠦ ᠤᠷᠭᠤᠭᠰᠠᠨ ᠰᠣᠳᠣᠨ ᠮᠣᠳᠣ
 ᠮᠠᠩᠬᠠᠨ ᠬᠠᠶ᠋ᠢᠯᠠᠰᠤ ᠂ ᠢᠷᠡᠭᠡᠳᠦᠢ ᠪᠡᠨ ᠲᠠᠨᠢᠵᠤ ᠤᠷᠭᠤᠭᠰᠠᠨ ᠰᠤᠤᠲᠤ ᠮᠣᠳᠣ ᠃ 

 ᠮᠠᠩᠬᠠᠨ ᠬᠠᠶ᠋ᠢᠯᠠᠰᠤ ᠂ ᠦᠷ᠎ᠡ ᠨᠢ ᠲᠠᠰᠤᠷᠠᠬᠤ ᠦᠭᠡᠢ ᠥᠷᠯᠥᠭ ᠮᠣᠳᠣ 
 ᠮᠠᠩᠬᠠᠨ ᠬᠠᠶ᠋ᠢᠯᠠᠰᠤ ᠂ ᠦᠨᠳᠦᠰᠦ ᠨᠢ ᠢᠯᠵᠠᠷᠠᠬᠤ ᠦᠭᠡᠢ ᠰᠢᠳᠢᠲᠦ ᠮᠣᠳᠣ
 ᠮᠠᠩᠬᠠᠨ ᠬᠠᠶ᠋ᠢᠯᠠᠰᠤ ᠂ ᠥᠩᠭᠡ ᠨᠢ ᠬᠤᠪᠢᠷᠠᠬᠤ ᠦᠭᠡᠢ ᠬᠤᠪᠢᠯᠭᠠᠨ ᠮᠣᠳᠣ
 ᠮᠠᠩᠬᠠᠨ ᠬᠠᠶ᠋ᠢᠯᠠᠰᠤ ᠂ ᠴᠢᠨᠠᠷ ᠨᠢ ᠬᠤᠪᠢᠰᠬᠤ ᠦᠭᠡᠢ ᠠᠷᠰᠢ  ᠶ᠋ᠢᠨ ᠮᠣᠳᠣ ᠃
       2011. 6. 29

       ᠦᠰᠦᠭ ᠠᠮᠢᠯᠠᠭᠤᠯᠤᠬᠴᠢ ᠄  ᠪᠠᠲᠥᠰᠥ᠋ᠷᠥᠩ 
       ᠬᠢᠨᠠᠬᠴᠢ ᠪᠠᠬᠰᠢ ᠄  ᠤᠤᠨᠬᠠᠨᠰᠤ᠎ᠠ ᠂ ᠢᠷᠡᠬᠡᠲᠥᠢ ᠂   ᠤᠤᠨᠬᠤᠨᠴᠡᠴᠡᠭ