ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –3 Монгол оньсгын түүвэр –Хоёрдугаар бүлэг–3
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠦᠢᠯᠡᠳᠴᠦ ᠬᠢᠬᠦ ᠳᠤ ᠬᠣᠯᠪᠣᠭᠳᠠᠬᠤ ᠵᠦᠢᠯ
ᠳᠠᠩ ᠳᠠᠪᠠᠬ᠋ᠠ
ᠳᠠᠪᠬᠤᠷ ᠳᠠᠪᠠᠬ᠋ᠠ
ᠣᠪᠣᠬ᠋ᠠ ᠴᠢᠯᠠᠭᠤ
ᠣᠷᠬᠢᠯᠤᠬ᠋ᠠ ᠪᠤᠯᠠᠭ
( ᠦᠨᠢᠶ᠎ᠡ ᠰᠠᠭᠠᠬᠤ)
ᠳᠦᠷᠪᠡᠨ ᠴᠢᠪᠠᠭᠠᠨᠴᠠ
ᠨᠢᠭᠡ ᠨᠦᠬᠡ ᠳ᠋ᠦ᠍ ᠰᠢᠭᠡᠨ᠎ᠡ
( ᠦᠨᠢᠶ᠎ᠡ ᠰᠠᠭᠠᠬᠤ )
ᠳᠦᠷᠪᠡᠨ ᠭᠠᠯᠠᠭᠤ
ᠳᠥᠳᠬᠡᠭᠡᠳ ᠢᠷᠡᠯ᠎ᠡ
ᠲᠥᠷᠥ ᠲᠡᠢ ᠬᠠᠷ᠎ᠠ
ᠲᠣᠰᠤᠭᠠᠳ ᠠᠪᠤᠯ᠎ᠠ
( ᠦᠨᠢᠶ᠎ᠡ ᠰᠠᠭᠠᠬᠤ )
ᠳᠦᠷᠪᠡ ᠳᠦᠷᠪᠡ ᠳᠦᠷᠪᠡᠯᠵᠢᠨ
ᠳᠦᠷᠪᠡᠨ ᠭᠠᠯᠠᠭᠤ ᠵᠡᠷᠭᠡᠯᠵᠢᠨ
ᠰᠠᠶ᠋ᠢᠳ ᠦ᠋ᠨ ᠬᠠᠲᠤᠨ ᠰᠠᠶ᠋ᠢᠪᠠᠯᠵᠢᠨ
ᠰᠠᠶ᠋ᠢᠬᠠᠨ ᠪᠣᠷᠣᠭᠠᠨ ᠴᠢᠤᠠᠬᠤᠯᠠᠩ
( ᠦᠨᠢᠶ᠎ᠡ ᠰᠠᠭᠠᠬᠤ )
ᠠᠷᠤ ᠶ᠋ᠢᠨ ᠳᠦᠷᠪᠡᠨ ᠪᠤᠯᠠᠭ
ᠠᠭᠠᠷᠤ ᠽᠠᠨᠲᠠᠨ ᠳ᠋ᠦ᠍ ᠴᠢᠤᠠᠬᠤᠨᠠ
( ᠦᠨᠢᠶ᠎ᠡ ᠰᠠᠭᠠᠬᠤ )
ᠳᠡᠭᠦᠳᠡᠢ ᠮᠡᠷᠭᠡᠨ ᠳᠥᠳᠬᠡᠭᠡᠳ ᠢᠷᠡᠨ᠎ᠡ
ᠳᠦᠷᠪᠡᠨ ᠭᠠᠯᠠᠭᠤ ᠭᠠᠩᠭᠠᠨᠠᠭᠠᠳ ᠢᠷᠡᠨ᠎ᠡ
ᠰᠠᠶ᠋ᠢᠬᠠᠨ ᠬᠡᠦᠬᠡᠨ ᠲᠣᠰᠤᠭᠠᠳ ᠢᠷᠡᠨ᠎ᠡ
ᠰᠠᠷᠢᠰᠤᠨ ᠬᠠᠪᠲᠠᠬ᠋ᠠ ᠰᠠᠵᠢᠭᠠᠳ ᠢᠷᠡᠨ᠎ᠡ
( ᠦᠨᠢᠶ᠎ᠡ ᠰᠠᠭᠠᠬᠤ )
ᠳᠦᠷᠪᠡᠨ ᠪᠤᠯᠠᠭ ᠨᠢᠭᠡ ᠨᠦᠬᠡᠨ ᠳ᠋ᠦ᠍ ᠴᠢᠤᠠᠬᠤᠨᠠ
(ᠦᠨᠢᠶ᠎ᠡ ᠰᠠᠭᠠᠬᠤ )
ᠳᠠᠭᠤ ᠦᠭᠡᠢ ᠮᠣᠲᠣ ᠶ᠋ᠢ
ᠲᠣᠩ ᠰᠤᠮᠤ ᠪᠠᠷ ᠬᠠᠷᠪᠤᠨ᠎ᠠ
(ᠦᠨᠢᠶ᠎ᠡ ᠰᠠᠭᠠᠬᠤ )
ᠳᠠᠭᠤᠯᠠᠵᠤ ᠶᠠᠪᠤᠭᠠᠳ
ᠤᠬᠢᠯᠠᠵᠤ ᠢᠷᠡᠨ᠎ᠡ
(ᠤᠰᠤ ᠳᠠᠮᠨᠠᠬᠤ )
ᠶᠠᠪᠤᠬᠤ ᠳ᠋ᠠᠭᠠᠨ ᠰᠤᠪᠢ
ᠢᠷᠡᠬᠦ ᠳ᠋ᠡᠭᠡᠨ ᠪᠣᠭᠣᠰ ( ᠬᠡᠭᠡᠯᠲᠠᠢ )
( ᠤᠰᠤ ᠳᠠᠮᠨᠠᠬᠤ)
ᠶᠠᠪᠤᠬᠤ ᠳ᠋ᠠᠭᠠᠨ ᠬᠠᠩᠭᠢᠷ ᠵᠢᠩᠭᠢᠷ
ᠢᠷᠡᠬᠦ ᠳ᠋ᠡᠭᠡᠨ ᠦᠢᠯᠡᠨ ᠬᠠᠶ᠋ᠢᠯᠠᠨ
(ᠤᠰᠤ ᠳᠠᠮᠨᠠᠬᠤ )
ᠰᠠᠬᠠᠢ ᠬᠠᠲᠤᠨ ᠰᠠᠯᠪᠠᠯᠵᠠᠨᠠ
ᠰᠠᠶ᠋ᠢᠨ ᠬᠡᠦᠬᠡᠨ ᠮᠡᠯᠮᠡᠯᠵᠡᠨᠡ
( ᠤᠰᠤ ᠳᠠᠮᠨᠠᠬᠤ )
ᠡᠴᠢᠭᠡ ᠨᠢ ᠡᠷᠬᠢ ᠳᠡᠭᠡᠷ᠎ᠡ ᠰᠠᠭᠤᠨ᠎ᠠ
ᠡᠷᠬᠡ ᠬᠦᠦ ᠨᠢ ᠬᠤᠤᠠᠲᠤᠭ ᠲᠤ ᠣᠷᠣᠨ᠎ᠠ
(ᠬᠣᠪᠣᠭᠣ ᠪᠠᠷ ᠤᠰᠤ ᠲᠠᠲᠠᠬᠤ )
ᠬᠠᠷ᠎ᠠ ᠦᠬᠡᠷ
ᠪᠥᠭᠡᠷ᠎ᠡ ᠴᠣᠭᠣᠷᠬᠠᠢ
(ᠲᠣᠭᠣᠬ᠋᠎ᠠ ᠨᠡᠷᠡᠬᠦ )
ᠳᠡᠭᠡᠷ᠎ᠡ ᠡᠴᠡ ᠢᠷᠡᠭᠰᠡᠨ
ᠳᠡᠭᠵᠢᠨ ᠬᠣᠲᠠ
ᠳᠡᠭᠵᠢᠷᠡᠵᠦ ᠪᠠᠶ᠋ᠢᠬᠤ
ᠪᠡᠭᠡᠵᠢᠩ ᠬᠣᠲᠠ
ᠬᠠᠭᠠᠯᠬ᠋ᠠ ᠪᠠᠷ ᠭᠠᠷᠬᠤ
ᠬᠠᠯᠲᠠᠷ ᠯᠠᠭᠤᠰᠠ
ᠬᠠᠨᠴᠤᠢ ᠪᠠᠷ ᠭᠠᠷᠬᠤ
ᠴᠠᠭᠠᠨ ᠬᠥᠭᠡᠰᠦ
( ᠲᠣᠭᠣᠬ᠋᠎ᠠ ᠨᠡᠷᠡᠬᠦ )
ᠳᠡᠭᠡᠷ᠎ᠡ ᠨᠢ ᠰᠠᠭᠤᠭᠰᠠᠨ
ᠲᠡᠩᠬᠡᠬᠡᠷ ᠨᠣᠶᠠᠨ
ᠳᠣᠣᠷ᠎ᠠ ᠨᠢ ᠰᠠᠭᠤᠭᠰᠠᠨ
ᠳᠣᠩᠬᠣᠭᠣᠷ ᠨᠣᠶᠠᠨ
ᠤᠷᠢᠲᠤ ᠠ᠋ᠴᠠ ᠢᠷᠡᠭᠰᠡᠨ
ᠤᠩᠬᠤᠷ ᠨᠣᠶᠠᠨ
ᠤᠲᠤᠮ ᠶ᠋ᠢᠠᠨ ᠳᠠᠭᠠᠭᠰᠠᠨ
ᠰᠢᠭᠡᠷᠡᠩ ᠨᠣᠶᠠᠨ
(ᠲᠣᠭᠣᠬ᠋᠎ᠠ ᠨᠡᠷᠡᠬᠦ )
ᠳᠡᠭᠡᠷ᠎ᠡ ᠨᠢ ᠳᠡᠨᠵᠢ ᠶ᠋ᠢᠨ ᠭᠣᠣᠯ
ᠳᠣᠣᠷ᠎ᠠ ᠨᠢ ᠲᠤᠨᠵᠢ ᠶ᠋ᠢᠨ ᠭᠣᠣᠯ
ᠬᠣᠣ ᠬᠤᠤᠠᠲᠤᠭ ᠦ᠋ᠨ ᠭᠣᠣᠯ
ᠬᠤᠤᠠᠲᠤᠭ ᠤᠰᠤᠨ ᠪ ᠪᠤᠮᠪᠠᠬᠠᠢ
(ᠲᠣᠭᠣᠬ᠋᠎ᠠ ᠨᠡᠷᠡᠬᠦ )
ᠤᠰᠤᠨ ᠲᠠᠷᠢᠬᠢ ᠲᠠᠢ
ᠲᠡᠮᠦᠷ ᠲᠣᠯᠣᠭᠠᠢ ᠲᠠᠢ
ᠮᠣᠲᠣᠨ ᠴᠡᠭᠡᠵᠢ ᠲᠡᠢ
ᠰᠢᠷᠡᠮᠦᠨ ᠪᠥᠭᠰᠡ ᠲᠡᠢ
( ᠲᠣᠭᠣᠬ᠋᠎ᠠ ᠨᠡᠷᠡᠬᠦ )
ᠥᠨᠲᠥᠷ ᠡᠴᠡ ᠥᠩᠬᠥᠷᠢᠭᠡᠳ
ᠥᠷᠭᠡᠨ ᠊ᠢ ᠳᠠᠭᠠᠷᠢᠭᠠᠳ
ᠨᠠᠷᠢᠨ ᠊ᠢ ᠤᠷᠤᠭᠤᠲᠠᠭᠠᠳ
ᠨᠠᠮᠤᠭ ᠲᠤ ᠲᠣᠭᠲᠠᠨ᠎ᠠ
(ᠲᠣᠭᠣᠬ᠋᠎ᠠ ᠨᠡᠷᠡᠬᠦ )
ᠴᠠᠭᠠᠨ ᠢᠮᠠᠬ᠋ᠠ
ᠰᠠᠵᠢᠬ ᠰᠠᠵᠢᠬ
ᠭᠠᠭᠴᠠ ᠮᠣᠲᠣ
ᠭᠣᠵᠣᠭ ᠭᠣᠵᠣᠭ
( ᠠᠶ᠋ᠢᠷᠠᠭ ᠪᠦᠯᠢᠬᠦ )
ᠭᠡᠷ ᠦ᠋ᠨ ᠬᠣᠶ᠋ᠢᠨ᠎ᠠ ᠭᠡᠲᠡᠩ ᠭᠣᠲᠣᠩ
ᠭᠡᠲᠡᠰᠦ ᠪᠡᠨ ᠮᠠᠭᠠᠵᠢᠭᠠᠳ ᠰᠥᠯᠬᠡᠩ ᠰᠠᠯᠬᠠᠩ
( ᠠᠶ᠋ᠢᠷᠠᠭ ᠪᠦᠯᠢᠬᠦ )
ᠴᠠᠭᠠᠭᠴᠢ ᠭᠡᠭᠦᠦ ᠶ᠋ᠢ ᠵᠣᠲᠣᠭᠰᠠᠭᠠᠷ ᠪᠠᠶ᠋ᠢᠵᠤ
ᠰᠠᠷᠠᠯ ᠤᠨᠠᠬ᠋᠎ᠠ ᠶ᠋ᠢ ᠲᠣᠰᠤᠭᠠᠳ ᠠᠪᠤᠯ᠎ᠠ
( ᠥᠷᠥᠮ᠎ᠡ ᠡᠷᠴᠢᠭᠡᠬᠦ )
ᠲᠦᠨᠲᠦᠭᠡᠷ ᠡᠮᠡᠭᠡᠨ
ᠲᠦᠮᠡᠨ ᠬᠣᠨᠢ ᠲᠠᠭᠤᠨ᠎ᠠ
(ᠲᠠᠷᠢᠶ᠎ᠠ ᠪᠤᠯᠤᠲᠠᠬᠤ )
ᠳᠦᠷᠪᠡᠨ ᠵᠠᠭᠠᠨ ᠨᠢ ᠲᠣᠭᠯᠠᠨ᠎ᠠ
ᠳᠦᠷᠪᠡᠯᠵᠢᠨ ᠮᠣᠲᠣ ᠪᠠᠷ ᠬᠥᠰᠢᠨᠡ
ᠨᠠᠢ᠍ᠮᠠᠨ ᠡᠪᠦᠭᠡᠨ ᠨᠠᠶ᠋ᠢᠭᠤᠨ᠎ᠠ
ᠨᠤᠭᠤᠰᠤ ᠭᠠᠯᠠᠭᠤ ᠵᠢᠪᠪᠦᠨᠡ
ᠬᠥᠬᠡ ᠰᠣᠯᠣᠩᠬ᠋᠎ᠠ ᠲᠠᠲᠠᠨ᠎ᠠ
ᠬᠥᠷᠥᠰᠥᠲᠦ ᠲᠠᠯ᠎ᠠ ᠶ᠋ᠢ ᠡᠷᠭᠢᠭᠦᠯᠦᠨ᠎ᠡ
ᠠᠮᠢᠲᠤ ᠡᠷᠲᠡᠨᠢ ᠳᠠᠭᠠᠨ᠎ᠠ
ᠠᠯᠲᠠᠨ ᠮᠣᠭᠠᠢ ᠰᠢᠷᠪᠡᠨᠡ
(ᠲᠠᠷᠢᠶ᠎ᠠ ᠠᠪᠬᠤ )
ᠳᠠᠮ ᠬᠠᠷ᠎ᠠ ᠪᠠᠷ ᠳᠠᠷᠤᠨ᠎ᠠ
ᠳᠠᠪᠤᠤ ᠪᠦᠰᠡ ᠪᠦᠰᠡᠯᠡᠭᠦᠯᠦᠨᠡ
ᠬᠣᠷᠯᠣᠠ ᠮᠠᠨᠢ ᠡᠷᠭᠢᠭᠦᠯᠦᠨ᠎ᠡ
ᠬᠣᠣᠷᠲᠤ ᠮᠣᠭᠠᠢ ᠳᠤᠤᠭᠠᠷᠤᠨ᠎ᠠ
ᠪᠤᠭᠤ ᠶ᠋ᠢᠨ ᠡᠪᠡᠷ ᠶ᠋ᠢᠡᠷ ᠰᠡᠵᠢᠨᠡ
ᠪᠤᠯᠠᠭᠠᠨ ᠰᠡᠭᠦᠯ ᠶ᠋ᠢᠡᠷ ᠢᠯᠪᠡᠨᠡ
( ᠲᠠᠷᠢᠶ᠎ᠠ ᠠᠪᠬᠤ )
ᠬᠣᠩᠬᠣᠷ ᠳᠣᠲᠣᠷ᠎ᠠ
ᠬᠣᠨᠢ ᠬᠤᠷᠠᠭᠠᠯᠠᠨ᠎ᠠ
ᠣᠴᠢᠭᠠᠳ ᠠᠪᠤᠨ᠎ᠠ ᠭᠡᠬᠦ ᠳ᠋ᠦ᠍
ᠰᠢᠲᠦ ᠪᠡᠨ ᠢᠷᠵᠠᠶ᠋ᠢᠯᠭᠠᠨᠠ
( ᠲᠠᠷᠢᠶ᠎ᠠ ᠠᠪᠬᠤ )
ᠲᠠᠶ᠋ᠢᠵᠢ ᠶ᠋ᠢᠨ ᠲᠡᠮᠡᠭᠡ
ᠲᠠᠷᠠᠤ ᠪᠡᠯᠴᠢᠨ᠎ᠡ
ᠲᠠᠷᠭᠤᠨ ᠰᠢᠷ᠎ᠠ ᠪᠤᠤᠷ᠎ᠠ
ᠳᠠᠪᠬᠢᠭᠠᠳ ᠭᠠᠷᠤᠨ᠎ᠠ
( ᠲᠠᠷᠢᠶ᠎ᠠ ᠠᠪᠬᠤ )
ᠲᠠᠯ᠎ᠠ ᠳᠡᠭᠡᠷ᠎ᠡ
ᠲᠠᠴᠢᠬ ᠪᠠᠴᠢᠬ ᠭᠡᠳ
ᠲᠠᠷᠭᠤᠨ ᠪᠣᠷᠣ ᠠᠵᠢᠷᠬ᠋ᠠ
ᠳᠡᠰ ᠨᠢᠰ ᠭᠡᠨ᠎ᠡ
( ᠲᠠᠷᠢᠶ᠎ᠠ ᠠᠪᠬᠤ )
ᠠᠬ᠎ᠠ ᠶ᠋ᠢᠨ ᠠᠲᠤᠭᠤ
ᠠᠯᠠᠭ ᠪᠤᠯᠠᠭ
ᠳᠡᠭᠦᠦ ᠶ᠋ᠢᠨ ᠠᠲᠤᠭᠤ
ᠳᠤᠩ ᠴᠠᠭᠠᠨ
( ᠪᠤᠲᠠᠬ᠋᠎ᠠ ᠴᠠᠶ᠋ᠢᠯᠭᠠᠬᠤ )
ᠦᠢᠯᠭᠡ ᠶ᠋ᠢᠨ ᠳᠠᠪᠠᠬ᠋ᠠ ᠤᠷᠤᠭᠤ
ᠦᠢ ᠲᠦᠮᠡᠨ ᠴᠡᠷᠢᠭ ᠣᠷᠣᠨ᠎ᠠ
( ᠪᠤᠲᠠᠬ᠋᠎ᠠ ᠴᠠᠶ᠋ᠢᠯᠭᠠᠬᠤ )
ᠲᠦᠭ ᠲᠦᠮᠡᠨ ᠠᠪᠤ ᠲᠠᠢ
ᠲᠦᠮᠡᠨ ᠰᠢᠷ᠎ᠠ ᠬᠡᠥᠬᠡᠳ ᠲᠡᠢ
ᠣᠯᠣᠭᠠᠢ ᠮᠤᠬᠤᠷ ᠡᠵᠢ ᠲᠡᠢ
ᠣᠯᠠᠨ ᠰᠢᠷ᠎ᠠ ᠬᠡᠥᠬᠡᠳ ᠲᠡᠢ
( ᠪᠤᠳᠠᠭ᠎ᠠ ᠨᠦᠳᠦᠬᠦ )
ᠦᠷᠯᠥᠭᠡ ᠪᠥᠷᠢ
ᠥᠯᠥᠨ ᠪᠤᠤᠷ᠎ᠠ ᠣᠷᠣᠮᠳᠠᠨᠠ
( ᠴᠠᠢ ᠨᠦᠳᠦᠬᠦ )
ᠡᠯᠢᠭᠡ ᠨᠢ ᠡᠷᠭᠢᠯᠳᠦᠭᠡᠳ ᠪᠠᠶ᠋ᠢᠨ᠎ᠠ
ᠡᠷᠬᠢ ᠨᠢ ᠨᠤᠷᠠᠭᠠᠳ ᠪᠠᠶ᠋ᠢᠨ᠎ᠠ
( ᠲᠠᠷᠢᠶ᠎ᠠ ᠪᠤᠯᠤᠳᠠᠬᠤ )
ᠡᠯᠢᠶ᠎ᠡ ᠨᠢ ᠡᠷᠭᠢᠨ᠎ᠡ
ᠡᠷᠬᠢ ᠨᠢ ᠨᠤᠷᠠᠨ᠎ᠠ
ᠭᠠᠯᠠᠭᠤ ᠨᠢ ᠭᠠᠩᠭᠠᠨᠠᠨᠠ
ᠭᠠᠭᠴᠠ ᠮᠤᠳᠤ ᠨᠢ ᠨᠠᠶ᠋ᠢᠭᠤᠨ᠎ᠠ
( ᠲᠠᠷᠢᠶ᠎ᠠ ᠪᠤᠯᠤᠳᠠᠬᠤ )
ᠪᠢ ᠮᠠᠯᠲᠠᠨ᠎ᠠ
ᠪᠦᠳᠥᠨᠡ ᠭᠡᠪᠲᠡᠨᠡ
( ᠭᠠᠯ ᠮᠠᠨᠠᠬᠤ )
ᠪᠢ ᠮᠠᠯᠲᠠᠨ᠎ᠠ
ᠪᠦᠵᠦᠩ ᠭᠡᠪᠲᠡᠨᠡ
( ᠭᠠᠯ ᠮᠠᠨᠠᠬᠤ )
ᠤᠯᠠᠭᠠᠨ ᠬᠦᠦ
ᠤᠯᠠᠭ᠎ᠠ ᠨᠡᠭᠡᠭᠡᠳ ᠭᠠᠷᠣᠭᠰᠠᠨ
ᠣᠳᠣ ᠪᠣᠯᠲᠠᠯ᠎ᠠ ᠠᠯᠠᠭ᠎ᠠ
( ᠣᠴᠢ ᠦᠰᠦᠷᠬᠦ )
ᠰᠡᠶ᠋ᠢᠮᠡᠬᠢ ᠰᠠᠬᠢᠭᠤᠰᠤ ᠪᠠᠨ ᠠᠷᠤ ᠳ᠋ᠠᠭᠠᠨ ᠵᠠᠯᠠᠭᠠᠳ
ᠰᠢᠷᠳᠡᠮᠡᠯ ᠵᠢᠳᠠ ᠪᠠᠨ ᠪᠠᠷᠠᠭᠤᠨ ᠮᠤᠲᠤᠷ ᠲᠠᠭᠠᠨ ᠪᠠᠷᠢᠭᠠᠳ
ᠪᠣᠯᠭᠤ ᠪᠣᠯᠭᠤ ᠲᠠᠰᠢᠭᠠᠳ
ᠪᠤᠴᠠᠬᠤ ᠳ᠋ᠠᠭᠠᠨ ᠢᠨᠴᠠᠭᠯᠠᠨ ᠵᠢᠳᠭᠦᠬᠦ
( ᠠᠷᠭᠠᠯ ᠲᠡᠭᠦᠬᠦ )
ᠨᠠᠭᠠᠷᠠᠨ ( ᠨᠠᠭᠠᠨ᠎ᠠ ) ᠳ᠋ᠠᠭᠠᠨ ᠰᠣᠪᠠᠢ
ᠴᠠᠭᠠᠷᠠᠨ ( ᠴᠠᠭᠠᠨ᠎ᠠ ) ᠳ᠋ᠠᠭᠠᠨ ᠬᠠᠶ᠋ᠢᠮᠠᠯ
( ᠠᠷᠭᠠᠯ ᠲᠡᠭᠦᠬᠦ )
ᠶᠡᠬᠡ ᠰᠢᠷᠭ᠎ᠠ ᠶ᠋ᠢ ᠤᠨᠤᠭᠠᠳ
ᠪᠠᠭ᠎ᠠ ᠰᠢᠷᠭ᠎ᠠ ᠶ᠋ᠢ ᠭᠥᠲᠥᠯᠦᠭᠡᠳ
ᠲᠠᠯ᠎ᠠ ᠶ᠋ᠢᠨ ᠠᠳᠤᠭᠤ ᠶ᠋ᠢ
ᠲᠠᠰᠤ ᠰᠢᠯᠪᠢᠭᠦᠷᠳᠡᠨ᠎ᠡ
( ᠠᠷᠭᠠᠯ ᠲᠡᠭᠦᠬᠦ )
ᠣᠴᠢᠬᠤ ᠳ᠋ᠠᠭᠠᠨ ᠬᠤᠰᠠᠷᠠ
ᠢᠷᠡᠬᠦ ᠳ᠋ᠡᠭᠡᠨ ᠬᠡᠭᠡᠯ ᠲᠡᠢ
( ᠠᠷᠭᠠᠯ ᠲᠡᠭᠦᠬᠦ )
ᠲᠠᠯ᠎ᠠ ᠶ᠋ᠢᠨ ᠠᠳᠤᠭᠤ ᠶ᠋ᠢ
ᠳᠠᠭᠢᠷ ᠤᠷᠭ᠎ᠠ ᠪᠠᠷ ᠬᠤᠷᠢᠶᠠᠬᠤ ᠳ᠋ᠦ᠍
ᠲᠠᠷᠭᠤᠨ ᠠᠵᠢᠷᠭ᠎ᠠ ᠦᠯᠡᠳᠡᠨ᠎ᠡ
( ᠠᠷᠭᠠᠯ ᠲᠡᠭᠦᠬᠦ )
ᠲᠠᠪᠤᠨ ᠠᠭᠤᠯᠠ ᠶ᠋ᠢᠨ ᠣᠷᠣᠢ ᠳᠡᠭᠡᠷ᠎ᠡ
ᠲᠠᠭᠯᠠᠭ᠎ᠠ ᠦᠭᠡᠢ ᠰᠠᠭᠤᠯᠠᠭ᠎ᠠ
( ᠠᠶᠠᠭ᠎ᠠ ᠪᠠᠷᠢᠬᠤ )
ᠳᠣᠯᠣᠭᠠᠨ ᠨᠠᠭᠤᠷ ᠤᠨ ᠠᠳᠤᠭᠤᠨ ᠤ
ᠳᠣᠭᠰᠢᠨ ᠭᠡᠳᠡᠭ ᠨᠢ ᠶᠠᠷᠢᠶᠠᠨ ᠦᠭᠡᠢ
ᠳᠣᠨᠳᠤᠪ ᠳᠣᠶ᠋ᠢᠷᠣᠪ ᠬᠣᠶᠠᠭᠤᠯᠠ ᠶ᠋ᠢᠨ
ᠤᠷᠭᠠᠯᠠᠭᠠᠴᠢ ᠭᠡᠳᠡᠭ ᠨᠢ ᠶᠠᠷᠢᠶᠠᠨ ᠦᠭᠡᠢ
( ᠪᠠᠩᠰᠢ ᠢᠳᠡᠬᠦ )
ᠲᠠᠪᠤᠯᠳᠠᠢ ᠨᠢ ᠠᠪᠤᠭᠠᠳ
ᠠᠷᠪᠠᠯᠳᠠᠢ ᠳ᠋ᠠᠭᠠᠨ ᠦᠭᠬᠦ
ᠠᠷᠪᠠᠯᠲᠠᠢ ᠨᠢ ᠠᠪᠤᠭᠠᠳ
ᠨᠢᠴᠦᠭᠦᠯᠳᠡᠢ ᠳ᠋ᠡᠭᠡᠨ ᠦᠭᠭᠦ
ᠨᠢᠴᠦᠭᠦᠯᠳᠡᠢ ᠨᠢ ᠠᠪᠤᠭᠠᠳ
ᠨᠦᠬᠡᠨ ᠤᠷᠤᠭᠤ ᠪᠠᠨ ᠬᠢᠬᠦ
( ᠬᠣᠭᠣᠯᠠ ᠢᠳᠡᠬᠦ )
ᠴᠠᠭᠠᠨ ᠮᠣᠷᠢ ᠴᠠᠪᠴᠢᠯ᠎ᠠ
ᠴᠠᠰᠢ ᠨᠠᠰᠢ ᠳᠦᠯᠬᠢᠯᠡ
ᠬᠤᠯᠠ ᠮᠣᠷᠢ ᠬᠤᠳᠬᠤᠯᠠ
ᠬᠣᠳᠳᠤᠭ ᠤᠷᠤᠭᠤ ᠪᠠᠨ ᠲᠦᠯᠬᠢᠯᠡ
( ᠬᠣᠭᠣᠯᠠ ᠢᠳᠡᠬᠦ )
ᠡᠷᠡᠮᠡᠭ ᠰᠢᠷᠠᠭᠴᠢ ᠭᠡᠭᠦᠦ ᠡᠴᠡ
ᠡᠷ᠎ᠡ ᠬᠠᠷ᠎ᠠ ᠤᠨᠠᠭ᠎ᠠ ᠭᠠᠷᠤᠨ᠎ᠠ
ᠡᠭᠦᠨ ᠢ ᠰᠤᠷᠭᠠᠭᠰᠠᠨ ᠬᠦᠮᠥᠨ
ᠡᠷᠭᠢᠭᠦᠦ ᠲᠡᠨᠡᠭ ᠪᠣᠯᠤᠨ᠎ᠠ
( ᠠᠷᠢᠬᠢ ᠤᠤᠭᠤᠬᠤ )
ᠡᠵᠡᠨ ᠬᠠᠭᠠᠨ ᠤ ᠢᠯ ᠴᠠᠭᠠᠨ ᠭᠡᠭᠦᠦ ᠡᠴᠡ
ᠡᠷ᠎ᠡ ᠬᠠᠷ᠎ᠠ ᠤᠨᠠᠭ᠎ᠠ ᠭᠠᠷᠴᠠᠢ
ᠡᠭᠦᠨ ᠢ ᠡᠷᠭᠢᠨ ᠲᠣᠭᠣᠷᠢᠬᠰᠠᠨ ᠤᠯᠤᠰ
ᠡᠷᠭᠢᠭᠦᠦ ᠲᠡᠨᠡᠭ ᠡᠪᠡᠳᠴᠢᠲᠡᠢ ᠪᠣᠯᠵᠠᠢ
( ᠠᠷᠢᠬᠢᠨ ᠳᠤ ᠰᠣᠭᠲᠣᠬᠤ )
ᠬᠣᠲᠣᠭᠣᠷ ᠲᠣᠲᠣᠷ᠎ᠠ
ᠬᠣᠶᠠᠷ ᠵᠠᠩᠵᠤᠨ ᠪᠠᠶ᠋ᠢᠯᠳᠤᠨᠠ
ᠵᠢᠯᠠᠭ᠎ᠠ ᠤᠷᠤᠭᠤ
ᠲᠥᠮᠨᠨ ᠴᠡᠷᠢᠭ ᠴᠣᠪᠤᠨᠠ
( ᠠᠶᠠᠭ᠎ᠠ ᠪᠠᠷ ᠪᠤᠳᠠᠭ᠎ᠠ ᠢᠳᠡᠬᠦ )
ᠴᠢᠪᠠᠭᠠᠨᠴᠠ ᠳᠤ ᠪᠠᠷᠢᠬᠳᠠᠭᠠᠳ
ᠴᠠᠭᠠᠯᠬᠠᠢ ᠪᠠᠷ ᠴᠠᠪᠴᠢᠬᠳᠠᠭᠠᠳ
ᠬᠤᠯᠤ ᠪᠠᠷ ᠬᠤᠳᠬᠤᠭᠠᠳ
ᠬᠤᠳᠳᠤᠭ ᠤᠷᠤᠭᠤ ᠴᠢᠬᠢᠨ᠎ᠡ
( ᠬᠣᠭᠣᠯᠠ ᠢᠳᠡᠬᠦ )
ᠡᠯᠪᠡᠭ ᠬᠠᠷ᠎ᠠ ᠪᠠᠷ ᠡᠬᠢᠯᠡᠭᠦᠯᠦᠭᠡᠳ
ᠡᠷᠳᠡᠨᠢ ᠨᠡᠪᠴᠢ ᠥᠩᠭᠡᠯᠡᠭᠦᠯᠦᠭᠡᠳ
ᠬᠤᠯᠤᠰᠤᠨ ᠰᠢᠷᠭ᠎ᠠ ᠪᠠᠷ ᠬᠣᠪᠢᠷᠠᠭᠤᠯᠤᠭᠠᠳ
ᠬᠤᠷᠳᠤᠨ ᠴᠠᠭᠠᠨ ᠢᠶ᠋ᠠᠷ ᠪᠢᠯᠬᠠᠭᠤᠯᠤᠨ᠎ᠠ
( ᠴᠠᠢ ᠴᠢᠨᠠᠵᠤ ᠰᠦᠯᠡᠬᠦ )
ᠲᠠᠪᠤᠨ ᠠᠭᠤᠯᠠ ᠶ᠋ᠢᠨ ᠣᠷᠣᠢ ᠳᠡᠭᠡᠷ᠎ᠡ
ᠲᠠᠩᠰᠤᠭ ᠪᠦᠷᠢᠳᠦᠭᠰᠡᠨ ᠨᠠᠭᠤᠷ
ᠲᠠᠭᠠᠯᠠᠵᠤ ᠬᠡᠷᠡᠭᠯᠡᠬᠦ ᠳᠦ ᠠᠮᠲᠠᠲᠠᠶ᠋ᠢᠬᠠᠨ
ᠲᠠᠭᠠᠷᠠᠯᠳᠤᠵᠤ ᠢᠷᠡᠪᠡᠯ ᠪᠠᠰᠠ ᠲᠡᠳᠦᠢ ᠦᠭᠡᠢ
( ᠴᠠᠢ ᠤᠤᠭᠤᠬᠤ )
ᠬᠦᠮᠥᠨ ᠬᠥᠮᠦᠨ ᠬᠦᠷᠢᠶᠡᠯᠡᠨ᠎ᠡ
ᠬᠦᠷᠡᠩ ᠠᠵᠢᠷᠭ᠎ᠠ ᠵᠢᠷᠣᠭᠠᠯᠠᠨᠠ
ᠲᠠᠭᠠᠬᠠᠢ ( ᠲᠠᠭᠠᠲᠠᠢ ) ᠳᠠᠭᠰᠢᠨᠠ
ᠲᠠᠪᠤᠨ ᠬᠤᠷᠤᠭᠤ ᠯᠤᠭᠰᠢᠨ᠎ᠠ
( ᠴᠠᠢ ᠪᠤᠴᠠᠯᠭᠠᠵᠤ ᠤᠤᠭᠤᠬᠤ )
ᠱᠠᠭᠠᠵᠠᠭᠠᠢ ᠱᠠᠭ ᠱᠠᠭ
ᠰᠢᠷᠠᠬᠦᠦ ᠪᠦᠭ ᠪᠦᠭ
ᠬᠤᠯᠤᠭᠠᠨ᠎ᠠ ᠬᠤᠷᠳᠤᠨ
ᠬᠣᠪ ᠬᠠᠷ᠎ᠠ ᠲᠦᠷᠭᠡᠨ
( ᠴᠠᠢ ᠴᠢᠨᠠᠬᠤ )
ᠲᠡᠮᠡᠴᠠᠭᠠᠨ ᠬᠠᠲᠤᠨ ᠡᠪᠡᠳᠬᠦ ᠳᠦ
ᠲᠠᠪᠤᠨ ᠬᠢᠶ᠎ᠡ ᠦᠢᠯᠡᠴᠢᠯᠡᠨ᠎ᠡ
( ᠰᠢᠳᠦ ᠰᠢᠪᠡᠬᠦ )
ᠲᠠᠢ ᠲᠠᠢ ᠡᠵᠢ ᠨᠢ ᠡᠪᠡᠳᠦᠭᠡᠳ
ᠲᠠᠪᠤᠨ ᠢᠨᠵᠢ ᠪᠡᠨ ᠵᠠᠷᠤᠭᠠᠳ
ᠵᠡᠭᠦᠴᠢ ᠪᠠᠭᠰᠢ ᠶ᠋ᠢ ᠵᠠᠯᠠᠵᠤ
ᠵᠡᠭᠦᠯᠡᠵᠦ ᠬᠠᠳᠬᠤᠭᠠᠳ ᠡᠳᠡᠭᠡᠭᠡᠪᠡ
( ᠰᠢᠳᠦ ᠰᠢᠪᠡᠬᠦ )
ᠭᠦᠨ ᠬᠤᠳᠳᠤᠭ ᠲᠦ
ᠭᠦᠩᠭᠡᠷ ᠭᠠᠩᠭᠠᠷ
( ᠬᠦᠮᠦᠨ ᠬᠡᠯᠡᠯᠴᠡᠬᠦ )
ᠤᠷᠳᠤ ᠶ᠋ᠢᠨ ᠭᠣᠣᠯ ᠢᠶ᠋ᠠᠷ
ᠤᠨᠢᠶᠠᠷ ᠲᠠᠲᠠᠨ᠎ᠠ
ᠤᠷᠢᠳᠤ ᠲᠣᠯᠣᠭᠠᠢ ᠳᠤ
ᠲᠣᠶ᠋ᠢᠮᠠᠷ ᠰᠢᠲᠠᠨ᠎ᠠ
( ᠭᠠᠩᠰᠠ ᠪᠠᠷ ᠲᠠᠮᠠᠬᠢ ᠲᠠᠲᠠᠬᠤ )
ᠭᠤᠷᠪᠠᠯᠵᠢᠨ ᠲᠣᠯᠣᠭᠠᠢ ᠳᠤ
ᠬᠣᠷᠣ ᠪᠤᠴᠠᠯᠤᠨ᠎ᠠ
( ᠭᠠᠩᠰᠠ ᠪᠠᠷ ᠲᠠᠮᠠᠬᠢ ᠲᠠᠲᠠᠬᠤ )
ᠪᠠᠷᠠᠭᠤᠨ ᠭᠠᠵᠠᠷ ᠤᠨ ᠪᠠᠭᠰᠢ
ᠪᠠᠯᠭᠠᠷ ᠮᠤᠳᠤᠨ ᠤ ᠨᠠᠪᠴᠢ
ᠬᠣᠨ ᠭᠠᠯᠠᠭᠤᠨ ᠬᠦᠵᠦᠭᠦᠦ
ᠬᠤᠷᠮᠤᠰᠲᠠ ᠲᠡᠭᠷᠢ ᠶ᠋ᠢᠨ ᠮᠠᠨᠠᠨ
( ᠭᠠᠩᠰᠠ ᠪᠠᠷ ᠲᠠᠮᠠᠬᠢ ᠲᠠᠲᠠᠬᠤ )
ᠬᠦᠬᠦ ᠶ᠋ᠢ ᠨᠢ ᠬᠦᠬᠦᠵᠦ
ᠬᠦᠢᠰᠦ ᠶ᠋ᠢ ᠨᠢ ᠲᠥᠭᠡᠨᠡᠨᠡ
( ᠭᠠᠩᠰᠠ ᠪᠠᠷ ᠲᠠᠮᠠᠬᠢ ᠲᠠᠲᠠᠬᠤ )
ᠮᠠᠨ ᠤ ᠡᠨᠳᠡ ᠮᠠᠨᠠᠨ ᠲᠠᠲᠠᠨ᠎ᠠ
ᠮᠠᠩᠭᠤᠰ ᠤᠨ ᠲᠣᠯᠣᠭᠠᠢ ᠳᠤ ᠲᠤᠶ᠋ᠢᠮᠡᠷ ᠰᠢᠲᠠᠨ᠎ᠠ
( ᠭᠠᠩᠰᠠ ᠪᠠᠷ ᠲᠠᠮᠠᠬᠢ ᠲᠠᠲᠠᠬᠤ )
ᠭᠡᠷᠡᠯ ᠪᠠᠲᠠᠷᠠᠮᠠᠭᠴᠠ ᠡᠭᠦᠯᠡ ᠨᠡᠭᠥᠨᠡ
( ᠲᠠᠮᠠᠬᠢ ᠲᠠᠲᠠᠬᠤ )
ᠲᠣᠲᠣᠷ ᠭᠠᠵᠠᠷ ᠤᠨ ᠨᠠᠪᠴᠢᠨ ᠭᠠᠶ᠋ᠢᠬᠠᠯ
ᠳᠠᠭᠤᠰᠲᠠᠯ᠎ᠠ ᠰᠢᠲᠠᠬᠤ ᠦᠨᠡᠰᠦᠨ ᠭᠠᠶ᠋ᠢᠬᠠᠯ
ᠪᠤᠯᠠᠢ ᠲᠠᠷᠢᠲᠠᠭ ᠤᠷᠰᠢᠬᠲᠤ ᠭᠠᠶ᠋ᠢᠬᠠᠯ
ᠪᠥᠬᠦᠨ ᠊ᠢ ᠬᠣᠣᠷᠯᠠᠲᠠᠭ ᠬᠥᠨᠥᠭᠡᠯᠲᠦ ᠭᠠᠶ᠋ᠢᠬᠠᠯ
( ᠲᠠᠮᠡᠬᠢ )
ᠭᠠᠲᠠᠰᠤᠨ ᠪ ᠦᠵᠦᠭᠦᠷ ᠭᠠᠯ ᠠᠰᠠᠭᠠᠪᠠ
( ᠲᠠᠮᠠᠬᠢ ᠲᠠᠲᠠᠬᠤ )
ᠤᠶᠠᠭᠠᠨ ᠪ ᠦᠵᠦᠭᠦᠷ ᠡᠴᠡ ᠤᠲᠤᠬ᠋᠎ᠠ ᠪᠤᠷᠭᠢᠨᠠ
(ᠲᠠᠮᠡᠬᠢ ᠳᠠᠲᠠᠬᠤ )
ᠳᠡᠷᠡᠰᠦᠨ ᠡᠭᠦᠲᠡ ᠳᠡᠪᠢᠬᠦ ᠳ᠋ᠦ᠍
ᠳᠡᠷᠭᠡᠳᠡᠬᠢ ᠬᠦᠮᠦᠨ ᠨᠢ ᠰᠣᠨᠤᠰᠬᠤ ᠦᠭᠡᠢ
( ᠨᠢᠲᠦ ᠴᠪᠴᠢᠬᠤ )
ᠪᠤᠷᠬᠠᠨ ᠪ ᠬᠦᠦ ᠪᠤᠷᠭᠠᠰᠤ ᠪᠠᠷ ᠨᠠᠭᠠᠲᠤᠨᠠ
(ᠨᠢᠲᠦ ᠴᠪᠴᠢᠬᠤ )
ᠠᠲᠠᠨ ᠲᠡᠮᠡᠭᠡ ᠠᠩᠭᠠᠰ ᠬᠢᠬᠦ
ᠠᠷᠭᠠᠮᠵᠢ ᠶ᠋ᠢᠨ ᠦᠵᠦᠭᠦᠷ ᠭᠢᠯᠠᠰ ᠬᠢᠬᠦ
( ᠡᠷᠦᠬᠡ ᠳᠠᠲᠠᠬᠤ )
ᠬᠡᠯᠦᠩ ᠯᠠᠮᠠ ᠭᠡᠲᠠᠷᠬᠦ ᠪᠡᠨ ᠤᠨᠠᠬᠤ
( ᠡᠷᠤᠬᠡ ᠳᠠᠲᠠᠬᠤ )
ᠭᠡᠷ ᠶ᠋ᠢᠡᠷ ᠡᠷᠭᠢᠭᠰᠡᠭᠡᠷ
ᠭᠡᠲᠡᠰᠦ ᠪᠡᠨ ᠴᠠᠤᠠᠬᠠᠭᠠᠪᠠ
( ᠤᠲᠠᠰᠤ ᠡᠭᠡᠷᠡᠬᠦ )
ᠡᠷᠢᠶᠡᠨ ᠦᠬᠡᠷ
ᠡᠷᠭᠢᠯᠲᠦᠨ ᠡᠷᠭᠢᠯᠲᠦᠨ ᠲᠠᠷᠭᠤᠯᠠᠨ᠎ᠠ
( ᠤᠲᠠᠰᠤ ᠡᠭᠡᠷᠡᠬᠦ )
ᠪᠣᠷᠣ ᠢᠰᠢᠭᠡ
ᠪᠣᠨᠲᠤᠭᠤᠨᠠᠨ ᠪᠣᠨᠲᠤᠭᠤᠨᠠᠨ ᠲᠠᠷᠭᠤᠯᠠᠨ᠎ᠠ
( ᠤᠲᠠᠰᠤ ᠡᠭᠡᠷᠡᠬᠦ )
ᠱᠤᠪᠠᠷ ᠱᠤᠪᠠᠷ ᠶᠠᠪᠤᠲᠠᠯ ᠲᠠᠢ
ᠰᠢᠪᠠᠭᠤᠨ ᠬᠥᠬᠡ ᠮᠣᠷᠢᠲᠠᠢ
( ᠵᠡᠭᠦᠦ ᠪᠡᠷ ᠣᠶᠤᠬᠤ )
ᠬᠠᠷ᠎ᠠ ᠬᠤᠷᠠᠭᠠᠨ ᠮᠠᠯᠠᠭᠠᠢ ᠲᠠᠢ
ᠬᠠᠪᠲᠠᠭᠠᠢ ᠪᠥᠭᠲᠦᠷ ᠪᠡᠶ᠎ᠡ ᠲᠠᠢ
ᠱᠣᠷ ᠱᠠᠷ ᠶᠠᠪᠤᠲᠠᠯ ᠲᠠᠢ
ᠰᠢᠯᠤᠭᠤᠨ ᠰᠠᠶ᠋ᠢᠬᠠᠨ ᠮᠥᠷ ᠲᠡᠢ
( ᠣᠶᠤᠲᠠᠯ ᠣᠶᠤᠬᠤ )
ᠨᠢᠭᠡ ᠨᠦᠬᠡ ᠪᠡᠷ ᠬᠣᠶᠠᠷ ᠮᠣᠭᠠᠢ ᠰᠦᠯᠵᠢᠯᠲᠦᠨᠡ
( ᠭᠤᠲᠤᠯ ᠤᠯᠠᠯᠠᠬᠤ )
ᠠᠩᠭᠠᠷ ᠵᠠᠩᠭᠠᠷ ᠣᠯᠠᠨ ᠭᠡᠰᠡᠭ
ᠠᠤᠠᠬᠤᠭᠠᠳ ᠠᠪᠤᠪᠠᠯ ᠬᠣᠶᠠᠷ ᠭᠡᠰᠡᠭ
( ᠭᠤᠲᠤᠯ ᠬᠠᠪᠴᠢᠬᠤ )
ᠦᠭᠡ ᠬᠡᠯᠡᠭᠡ ᠦᠭᠡᠢ ᠪᠠᠶ᠋ᠢᠬᠤ ᠳ᠋ᠤ᠌ ᠪᠠᠷᠢᠭᠠᠳ ᠠᠪᠤᠨ᠎ᠠ
ᠡᠭᠦᠯᠡ ᠭᠠᠷᠤᠭ᠎ᠠ ᠦᠭᠡᠢ ᠪᠠᠶ᠋ᠢᠬᠤ ᠳ᠋ᠤ᠌ ᠪᠣᠷᠣᠭᠠᠨ ᠣᠷᠣᠨ᠎ᠠ
ᠦᠬᠦᠵᠦ ᠳᠠᠭᠤᠰᠤᠭ᠎ᠠ ᠦᠭᠡᠢ ᠪᠠᠶ᠋ᠢᠬᠤ ᠳ᠋ᠤ᠌ ᠴᠢᠷᠦᠭᠡᠳ ᠶᠠᠪᠤᠨ᠎ᠠ
( ᠢᠰᠡᠭᠡᠢ ᠬᠢᠬᠦ )
ᠲᠣᠯᠣᠭᠠᠢ ᠳᠡᠭᠡᠭᠦᠷ ᠲᠣᠭᠯᠠᠨ ᠨᠠᠭᠠᠳᠤᠨ᠎ᠠ
ᠲᠣᠷᠭᠠᠨ ᠤᠲᠠᠰᠤ ᠵᠠᠩᠭᠢᠳᠤᠨ ᠨᠠᠭᠠᠳᠤᠨ᠎ᠠ
ᠡᠷᠭᠢᠨ ᠳᠡᠭᠡᠭᠦᠷ ᠡᠷᠬᠡᠯᠡᠨ ᠨᠠᠭᠠᠳᠤᠨ᠎ᠠ
ᠡᠷᠬᠡᠯᠡᠨ ᠲᠡᠭᠦᠯᠢᠭᠰᠡᠭᠡᠷ ᠭᠦᠶᠦᠵᠦ ᠨᠠᠭᠠᠲᠤᠨᠠ
( ᠢᠰᠡᠭᠡᠢ ᠬᠢᠬᠦ )
ᠠᠯᠲᠠᠢ ᠳᠡᠭᠡᠭᠦᠷ ᠭᠦᠶᠦᠳᠡᠭ
ᠠᠷᠪᠠᠨ ᠬᠣᠶᠠᠷ ᠠᠷᠭᠠᠯᠢ
ᠠᠯᠳᠠᠯ ᠦᠭᠡᠢ ᠨᠠᠮᠨᠠᠭᠠᠴᠢ
ᠠᠷᠰᠢ ᠶ᠋ᠢᠨ ᠬᠣᠶᠠᠷ ᠠᠩᠴᠢᠨ
( ᠱᠠᠭ᠎ᠠ ᠬᠠᠷᠪᠤᠬᠤ )
ᠬᠣᠲᠠ ᠢᠷᠡᠵᠡᠢ
ᠬᠤᠷᠠᠬ᠋ᠠ ᠠᠯᠠᠵᠠᠢ
ᠬᠣᠲᠠ ᠨᠢ ᠰᠢᠲᠤ ᠦᠭᠡᠢ
ᠬᠤᠷᠠᠬ᠋ᠠ ᠨᠢ ᠶᠠᠰᠤ ᠦᠭᠡᠢ
( ᠬᠡᠦᠬᠡᠳ ᠬᠥᠬᠥᠬᠦ)
ᠪᠦᠩ ᠪᠦᠩ ᠭᠦᠶᠦᠭᠡᠳ ᠢᠷᠡᠨ᠎ᠡ
ᠪᠥᠭᠡᠷ᠎ᠡ ᠶ᠋ᠢ ᠨᠢ ᠰᠤᠭᠤᠯᠤᠭᠠᠳ ᠬᠠᠶᠠᠴᠢᠬᠠᠨ᠎ᠠ
( ᠨᠢᠰᠦ ᠨᠢᠭᠢᠬᠦ )
ᠪᠥᠵᠥᠩ ᠲᠠᠤᠯᠠᠢ ᠪᠥᠭᠬᠦᠭᠡᠳ ᠢᠷᠡᠨ᠎ᠡ
ᠪᠥᠭᠰᠡ ᠡᠴᠡ ᠨᠢ ᠠᠪᠤᠭᠠᠳ ᠰᠠᠵᠢᠭᠠᠳ ᠤᠨᠠᠭᠠᠨ᠎ᠠ
( ᠨᠢᠰᠦ ᠨᠢᠭᠢᠬᠦ )
ᠬᠥᠨᠲᠡᠢ ᠪᠡᠷ ᠬᠥᠬᠡ ᠴᠢᠨᠣ᠎ᠠ ᠭᠦᠶᠦᠭᠡᠳ ᠢᠷᠡᠬᠦ ᠳ᠋ᠦ᠍
ᠬᠦᠯ ᠡᠴᠡ ᠨᠢ ᠠᠪᠤᠭᠠᠳ ᠭᠠᠵᠠᠷ ᠰᠠᠪᠠᠨᠠ
( ᠨᠢᠰᠦ ᠨᠢᠭᠢᠬᠦ )
ᠲᠠᠭᠲᠠᠭᠠᠷ ᠬᠠᠲᠤᠨ ᠴᠢᠯᠡᠷᠡᠭᠡᠳ
ᠲᠠᠪᠤᠨ ᠡᠯᠴᠢ ᠪᠡᠨ ᠶᠠᠪᠤᠭᠤᠯᠵᠤ
ᠪᠦᠢ ᠪᠠᠭᠰᠢ ᠶ᠋ᠢ ᠵᠠᠯᠠᠵᠤ ᠢᠷᠡᠭᠡᠳ
ᠪᠥᠭᠡᠰᠦᠨ ᠡᠴᠡ ᠪᠠᠬ᠋᠎ᠠ ᠭᠠᠢ ᠭᠠᠷᠭᠠᠪᠠ
( ᠥᠷᠭᠡᠰᠦ ᠠᠪᠬᠤ)
ᠪᠤᠯᠠᠭ ᠦ᠋ᠨ ᠡᠬᠢ ᠪᠡᠷ
ᠳᠠᠭᠠᠷᠢᠭᠠᠳ ᠭᠠᠷᠤᠯ᠎ᠠ
ᠪᠣᠷᠣ ᠪᠤᠷᠭᠠᠰᠤ
ᠬᠠᠲᠤᠭᠠᠳ ᠭᠠᠷᠤᠯ᠎ᠠ
( ᠡᠪᠴᠢᠭᠦᠦ ᠬᠠᠲᠤᠬᠤ)
ᠡᠪᠦᠭᠡᠨ ᠨᠢ ᠦᠴᠦᠩ ᠦᠴᠦᠩ
ᠡᠮᠡᠭᠡᠨ ᠨᠢ ᠠᠯᠴᠠᠩ ᠠᠯᠴᠠᠩ
ᠬᠥᠨᠵᠢᠯᠡ ᠨᠢ ᠬᠦᠪᠦᠩ ᠬᠦᠪᠦᠩ
ᠬᠥᠯ ᠭᠠᠷ ᠨᠢ ᠢᠲᠡᠩ ᠲᠡᠲᠡᠩ
( ᠬᠡᠲᠡᠷᠭᠡ ᠪᠡᠷ ᠠᠷᠠᠰᠤ ᠡᠯᠲᠡᠬᠦ )
ᠠᠭᠰᠠᠭᠠᠯᠲᠠᠢ ᠡᠮᠡᠭᠡᠨ ᠊ᠢ
ᠠᠷᠪᠠᠨ ᠬᠡᠦᠬᠡᠨ ᠮᠣᠷᠲᠠᠭᠤᠯᠤᠨᠠ
( ᠮᠠᠯᠠᠭᠠᠢ ᠡᠮᠦᠰᠬᠦ )
ᠠᠪᠠᠭᠠᠯᠲᠠᠢ ᠬᠦᠦ ᠶ᠋ᠢ
ᠠᠷᠪᠠᠭᠤᠯᠠ ᠪᠠᠨ ᠮᠣᠷᠲᠠᠭᠤᠯᠤᠨᠠ
( ᠮᠠᠯᠠᠭᠠᠢ ᠡᠮᠦᠰᠬᠦ )
ᠵᠢᠷᠣᠬ᠋᠎ᠠ ᠬᠠᠷ᠎ᠠ ᠨᠢ
ᠵᠣᠭᠰᠣᠵᠤ ᠪᠠᠶ᠋ᠢᠨ᠎ᠠ
ᠵᠠᠭᠤᠲᠠᠭ ᠬᠠᠷ᠎ᠠ ᠨᠢ
ᠴᠠᠪᠴᠢᠵᠤ ᠪᠠᠶ᠋ᠢᠨ᠎ᠠ
( ᠭᠡᠵᠢᠭᠡ ᠰᠠᠮᠨᠠᠬᠤ)
ᠵᠠᠭᠤᠨ ᠠᠲᠤᠭᠤ ᠵᠣᠭᠰᠣᠵᠤ
ᠵᠢᠷᠣᠬ᠋᠎ᠠ ᠰᠠᠷᠠᠯ ᠴᠠᠪᠴᠢᠨ᠎ᠠ
ᠮᠢᠩᠭᠠᠨ ᠠᠲᠤᠭᠤ ᠵᠣᠭᠰᠣᠵᠤ
ᠮᠢᠲᠠᠭᠠᠷ ᠰᠠᠷᠠᠯ ᠴᠠᠪᠴᠢᠨ᠎ᠠ
( ᠭᠡᠵᠢᠭᠡ ᠰᠠᠮᠨᠠᠬᠤ)
ᠪᠣᠰᠤᠨ ᠪᠣᠰᠤᠨ ᠪᠣᠷᠣ ᠳᠠᠬ᠋ᠠ ᠪᠠᠨ ᠵᠠᠶ᠋ᠢᠲᠠᠯᠠᠨᠠ
( ᠪᠣᠰᠤᠬ᠋᠎ᠠ ᠠᠯᠬᠤᠬᠤ )
ᠭᠠᠵᠠᠷ ᠦ᠋ᠨ ᠬᠦᠦ ᠭᠠᠶ᠋ᠢᠬᠠᠨᠠ
ᠭᠠᠭᠴᠠ ᠮᠣᠲᠣ ᠨᠠᠶ᠋ᠢᠭᠤᠨ᠎ᠠ
( ᠮᠣᠷᠢ ᠤᠷᠭᠠᠯᠠᠬᠤ )
ᠳᠡᠮ ᠰᠠᠶ᠋ᠢᠲᠤ ᠪᠦᠷᠭᠦᠳ
ᠲᠡᠯᠤ ᠰᠠᠶ᠋ᠢᠲᠤ ᠬᠠᠷᠴᠠᠭᠠᠢ
ᠤᠷᠲᠤ ᠰᠠᠶ᠋ᠢᠬᠠᠨ ᠴᠡᠯᠮᠡᠨ
ᠤᠷᠠᠨ ᠰᠠᠶ᠋ᠢᠬᠠᠨ ᠠᠷᠬ᠋᠎ᠠ
( ᠮᠣᠷᠢ ᠤᠷᠭᠠᠯᠠᠬᠤ )
ᠤᠷᠲᠤ ᠰᠠᠶ᠋ᠢᠬᠠᠨ ᠤᠲᠠᠰᠤ
ᠤᠷᠠᠨ ᠰᠠᠶ᠋ᠢᠬᠠᠨ ᠰᠢᠨᠲᠠᠰᠤ
ᠳᠡᠪᠢᠭᠦᠷ ᠰᠠᠶ᠋ᠢᠲᠠᠢ ᠬᠠᠷᠴᠠᠭᠠᠢ
ᠳᠦᠷᠪᠡᠨ ᠬᠦᠯ ᠲᠡᠢ ᠰᠢᠷᠡᠭᠡ
( ᠮᠣᠷᠢ ᠤᠷᠭᠠᠯᠠᠬᠤ )
ᠳᠠᠴᠢ ᠶ᠋ᠢᠨ ᠲᠡᠷᠡ ᠲᠠᠯ᠎ᠠ
ᠨᠠᠨ ᠲᠠᠯ᠎ᠠ ᠬᠣᠶᠠᠷ ᠠ᠋ᠴᠠ
ᠬᠡᠨ ᠠᠯᠢᠨ ᠲᠠᠢ ᠪᠠᠨ
ᠬᠡᠯᠡ ᠠᠮᠠ ᠠᠪᠤᠯᠴᠠᠨᠠ
( ᠣᠯᠣᠩ ᠵᠢᠷᠢᠮ ᠲᠠᠲᠠᠬᠤ )
ᠮᠢᠬᠠᠨ ᠳᠠᠪᠠᠬ᠋ᠠ ᠶ᠋ᠢ ᠲᠡᠮᠦᠷ ᠱᠠᠲᠤ ᠪᠠᠷ ᠳᠠᠪᠠᠨ᠎ᠠ
( ᠳᠥᠷᠥᠭᠡ ᠢᠰᠬᠦᠯᠦᠨ ᠮᠣᠷᠢ ᠤᠨᠤᠬᠤ )
ᠠᠷᠠᠰᠤᠨ ᠰᠢᠷᠡᠭᠡ
ᠠᠮᠢᠲᠤ ᠭᠦᠶᠦᠮᠡᠯ
ᠠᠪᠤ ᠨᠢ ᠰᠠᠭᠤᠮᠠᠯ
ᠬᠦᠦ ᠨᠢ ᠳᠦᠢᠪᠡᠭᠡᠭᠴᠢ
( ᠮᠣᠷᠢ ᠲᠠᠢ ᠬᠥᠮᠦᠨ )
ᠠᠭᠤᠯᠠ ᠶ᠋ᠢ ᠤᠲᠠᠰᠤ ᠪᠠᠷ ᠬᠥᠲᠥᠯᠦᠨ᠎ᠡ
( ᠲᠡᠮᠡᠭᠡ ᠬᠥᠲᠥᠯᠬᠦ )
ᠬᠠᠷ᠎ᠠ ᠨᠣᠬᠠᠢ ᠬᠠᠪ ᠭᠡᠵᠦ
ᠰᠢᠷ᠎ᠠ ᠨᠣᠬᠠᠢ ᠱᠠᠪ ᠭᠡᠨ᠎ᠡ
( ᠵᠡᠲᠤᠤ ᠪᠠᠷ ᠡᠪᠡᠰᠦ ᠬᠡᠷᠴᠢᠬᠦ )
ᠲᠣᠭᠣᠲᠠᠭ ᠲᠣᠩᠭᠣᠰ
ᠲᠣᠯᠢ ᠭᠢᠯᠠᠰ
( ᠡᠪᠡᠰᠦ ᠬᠠᠲᠤᠬᠤ )
ᠲᠦᠮᠡᠨ ᠠᠲᠤᠭᠤ ᠶ᠋ᠢ
ᠲᠡᠮᠦᠷ ᠶ᠋ᠢᠡᠷ ᠲᠠᠭᠤᠨ᠎ᠠ
( ᠡᠪᠡᠰᠦ ᠬᠠᠲᠤᠬᠤ )
ᠭᠠᠷᠬᠤ ᠳ᠋ᠠᠭᠠᠨ ᠮᠣᠭᠠᠢ ᠡᠭᠦᠷᠦᠨ᠎ᠡ
ᠢᠷᠡᠬᠦ ᠳ᠋ᠡᠭᠡᠨ ᠵᠠᠷᠠᠬ᠋ᠠ ᠡᠭᠦᠷᠦᠨ᠎ᠡ
( ᠲᠦᠯᠡᠭᠡ ᠡᠭᠦᠷᠬᠦ )
ᠲᠣᠭᠣᠷᠤᠤ ᠲᠣᠩᠭᠣᠰ
ᠲᠣᠭᠣᠰᠣ ᠨᠢ ᠭᠢᠯᠠᠰ
( ᠲᠦᠯᠡᠭᠡ ᠬᠠᠭᠠᠯᠬᠤ )
ᠣᠢ ᠳᠣᠲᠣᠷ᠎ᠠ
ᠥᠨᠲᠥᠷ ᠬᠥᠬᠡ ᠨᠣᠬᠠᠢ ᠬᠤᠴᠠᠨ᠎ᠠ
( ᠰᠦᠬᠡ ᠪᠡᠷ ᠮᠣᠲᠣ ᠴᠠᠪᠴᠢᠬᠤ )
ᠬᠠᠲᠠᠨ ᠳᠡᠭᠡᠷ᠎ᠡ
ᠬᠠᠷ᠎ᠠ ᠮᠣᠷᠢ ᠵᠢᠷᠣᠭᠠᠯᠠᠨᠠ
( ᠬᠢᠲᠤᠬ᠋ᠠ ᠪᠢᠯᠡᠭᠦᠲᠡᠬᠦ )
ᠬᠠᠷ᠎ᠠ ᠲᠣᠷᠬ᠋᠎ᠠ
ᠨᠡᠮᠡᠰ ᠭᠡᠨ᠎ᠡ
( ᠲᠣᠭᠣᠬ᠋᠎ᠠ ᠬᠦᠯᠡᠬᠦ )
ᠳᠣᠪᠣᠴᠠᠭ ᠬᠠᠩᠭᠠᠢ ᠶ᠋ᠢᠨ ᠮᠣᠲᠣ ᠶ᠋ᠢ
ᠲᠤᠯᠠᠢ ᠮᠠᠩᠬᠠᠨ ᠪ ᠪᠦᠷᠭᠦᠳ ᠰᠢᠭᠦᠷᠦᠭᠡᠳ ᠶᠠᠪᠤᠯ᠎ᠠ
( ᠦᠰᠦ ᠠᠪᠬᠤ )
ᠳᠣᠭᠣᠯᠠᠩ ᠱᠠᠭᠠᠵᠠᠭᠠᠢ
ᠳᠣᠪᠣ ᠲᠣᠭᠣᠷᠢᠨ᠎ᠠ
( ᠦᠰᠦ ᠠᠪᠬᠤ )
ᠮᠢᠩᠭᠠᠨ ᠬᠣᠨᠢ ᠶ᠋ᠢ
ᠲᠡᠮᠦᠷ ᠰᠢᠯᠪᠢᠭᠦᠷ ᠶ᠋ᠢᠡᠷ ᠰᠢᠯᠪᠢᠭᠦᠷᠲᠡᠨᠡ
( ᠦᠰᠦ ᠠᠪᠬᠤ )
ᠬᠠᠷ᠎ᠠ ᠪᠤᠤᠷ᠎ᠠ ᠬᠠᠩᠭᠢᠰ ᠭᠡᠨ᠎ᠡ
ᠬᠠᠵᠠᠭᠤ ᠶ᠋ᠢᠨ ᠡᠪᠡᠰᠦ ᠨᠤᠷᠠᠰ ᠭᠡᠨ᠎ᠡ
( ᠦᠰᠦ ᠠᠪᠬᠤ )
ᠣᠷᠣᠢ ᠳ᠋ᠦ᠍ ᠭᠠᠷᠤᠭᠰᠠᠨ ᠠᠲᠤᠭᠤ ᠶ᠋ᠢ
ᠣᠭᠳᠤᠷ ᠪᠣᠷᠣ ᠪᠠᠷ ᠬᠤᠷᠢᠶᠠᠨ᠎ᠠ
( ᠦᠰᠦ ᠠᠪᠬᠤ )
ᠣᠯᠠᠨ ᠮᠢᠩᠭᠠᠨ ᠬᠠᠷ᠎ᠠ ᠬᠣᠨᠢ ᠶ᠋ᠢ
ᠨᠢᠭᠡ ᠲᠠᠶᠠᠭ ᠶ᠋ᠢᠠᠷ ᠭᠡᠯᠢᠨᠡ
( ᠦᠰᠦ ᠠᠪᠬᠤ )
ᠠᠷᠤ ᠶ᠋ᠢᠨ ᠠᠭᠤᠯᠠ ᠳ᠋ᠦ᠍ ᠠᠯᠢᠮ᠎ᠠ ᠵᠢᠮᠢᠰ ᠲᠥᠷᠥᠵᠡᠢ
ᠠᠬ᠎ᠠ ᠳᠡᠭᠦᠦ ᠠᠷᠪᠠᠭᠤᠯᠠ ᠣᠴᠢᠭᠠᠳ ᠠᠪᠴᠢᠷᠠᠵᠤ ᠴᠢᠲᠠᠭᠰᠠᠨ ᠦᠭᠡᠢ ᠶ᠋ᠢ
ᠠᠯᠠᠩᠲᠠᠢ ᠴᠠᠯᠠᠩᠲᠠᠢ ᠬᠣᠶᠠᠭᠤᠯᠠ ᠣᠴᠢᠭᠠᠳ
ᠠᠮᠠ ᠳ᠋ᠠᠭᠠᠨ ᠵᠠᠭᠤᠭᠠᠳ ᠢᠷᠡᠵᠡᠢ
( ᠬᠠᠪᠴᠢ ᠪᠠᠷ ᠭᠠᠯ ᠬᠠᠪᠴᠢᠬᠤ )
ᠰᠡᠯᠭᠢᠲᠤ ᠭᠣᠣᠯ ᠦ᠋ᠨ ᠠᠮᠠᠨ ᠳ᠋ᠦ᠍
ᠰᠠᠶ᠋ᠢᠬᠠᠨ ᠬᠣᠩᠭᠣᠷ ᠭᠡᠭᠦᠦ ᠤᠨᠠᠭᠠᠯᠠᠯᠠ
ᠠᠬ᠎ᠠ ᠳᠡᠭᠦᠦ ᠠᠷᠪᠠᠭᠤᠯᠠ ᠠᠪᠴᠤ ᠶᠠᠲᠠᠭᠰᠠᠨ ᠊ᠢ
ᠠᠪᠤᠷᠭᠤ ᠬᠠᠷ᠎ᠠ ᠭᠠᠭᠴᠠᠭᠠᠷ ᠶ᠋ᠢᠠᠨ ᠠᠪᠤᠯ᠎ᠠ
( ᠬᠥᠭᠡᠷᠭᠡ ᠶ᠋ᠢᠨ ᠭᠠᠯ ᠳ᠋ᠦ᠍ ᠤᠯᠠᠶ᠋ᠢᠬᠰᠠᠨ ᠲᠡᠮᠦᠷ ᠊ᠢ ᠬᠠᠪᠴᠢᠬᠤ )
ᠬᠦᠢᠲᠡᠨ ᠰᠠᠯᠬᠢ ᠲᠠᠢ ᠬᠥᠨᠲᠡᠢ ᠶ᠋ᠢᠨ ᠠᠮᠠ ᠳ᠋ᠦ᠍
ᠬᠦᠷᠡᠩ ᠵᠡᠭᠡᠷᠲᠡ ᠭᠡᠭᠦᠦ ᠤᠨᠠᠭᠠᠯᠠᠭᠠᠳ
ᠬᠥᠮᠦᠨ ᠠᠮᠢᠲᠠᠨ ᠬᠠᠯᠠᠵᠤ ᠠᠪᠤᠭᠠᠲᠤᠢ ᠪᠠᠶ᠋ᠢᠬᠤ ᠳ᠋ᠦ᠍
ᠬᠤᠨ ᠰᠢᠪᠠᠭᠤ ᠬᠣᠰᠢᠭᠤ ᠪᠠᠷ ᠶ᠋ᠢᠠᠨ ᠵᠠᠭᠤᠨ ᠠᠪᠴᠢᠷᠠᠪᠠ
( ᠬᠠᠪᠴᠢᠭᠤᠷ ᠶ᠋ᠢᠠᠷ ᠬᠠᠯᠠᠭᠤᠨ ᠲᠡᠮᠦᠷ ᠬᠠᠪᠴᠢᠬᠤ )
ᠬᠥᠮᠦᠨ ᠬᠥᠮᠦᠨ ᠬᠦᠷᠢᠶᠡᠯᠡᠨ᠎ᠡ
ᠬᠦᠷᠡᠩ ᠠᠵᠢᠷᠬ᠋ᠠ ᠵᠢᠷᠣᠭᠠᠯᠠᠨᠠ
( ᠴᠠᠮ ᠴᠠᠮᠨᠠᠬᠤ )
ᠲᠦᠮᠡᠨ ᠬᠣᠨᠢ ᠲᠦᠷᠳ᠋ᠬᠢᠨᠡ
ᠲᠦᠨᠲᠦᠭᠡᠷ ᠡᠮ᠎ᠡ ᠤᠬᠤᠰᠬᠢᠨᠡ
( ᠪᠤᠲᠠᠬ᠋᠎ᠠ ᠬᠠᠭᠤᠷᠬᠤ )
ᠡᠭᠦᠷᠢᠲᠡ ᠳᠡᠯᠭᠡᠷᠡᠭᠴᠢ ᠦᠵᠡᠰᠭᠦᠯᠡᠩᠲᠦ ᠯᠢᠩᠬᠤ᠎ᠠ
ᠡᠪᠲᠡᠷᠡᠰᠢ ᠦᠭᠡᠢ ᠭᠤᠷᠪᠠᠨ ᠶᠡᠬᠡ ᠵᠢᠬᠰᠠᠭᠠᠯ
ᠡᠰᠡᠷᠭᠦᠴᠡᠨ ᠲᠤᠯᠬᠤ ᠳᠥᠷᠪᠡᠨ ᠮᠥᠷ ᠦ᠋ᠨ ᠪᠠᠭᠠᠲᠤᠷ
ᠡᠭᠦᠨ ᠊ᠢ ᠬᠠᠮᠢᠶᠠᠷᠬᠤ ᠠᠷᠪᠠ ᠭᠠᠷᠦᠢ ᠡᠷᠲᠡᠮᠲᠡᠨ
( ᠲᠤᠯᠬ᠋ᠠ ᠳ᠋ᠦ᠍ ᠭᠠᠯ ᠲᠦᠯᠡᠬᠦ )
ᠡᠯᠢᠶ᠎ᠡ ᠨᠢ ᠡᠷᠭᠢᠨ᠎ᠡ
ᠡᠯᠡᠰᠦ ᠨᠢ ᠨᠤᠷᠠᠨ᠎ᠠ
ᠭᠠᠯᠠᠭᠤ ᠨᠢ ᠭᠠᠩᠭᠢᠨᠠᠨᠠ
ᠭᠠᠭᠴᠠ ᠮᠣᠲᠣ ᠨᠢ ᠨᠠᠶ᠋ᠢᠭᠤᠨ᠎ᠠ
( ᠲᠠᠷᠢᠶ᠎ᠠ ᠳᠡᠭᠡᠷᠡᠮᠳᠡᠬᠦ )
ᠪᠠᠬ᠋᠎ᠠ ᠲᠩᠷᠢ ᠡᠴᠡ
ᠪᠠᠭ ᠪᠠᠭ ᠴᠠᠰᠤ ᠤᠨᠠᠨ᠎ᠠ
( ᠭᠤᠯᠢᠷ ᠰᠠᠶ᠋ᠢᠵᠠᠲᠠᠬᠤ )
ᠡᠯᠢᠶ᠎ᠡ ᠡᠷᠭᠢᠵᠦ
ᠡᠯᠡᠰᠦ ᠨᠤᠷᠠᠪᠠ
( ᠭᠤᠯᠢᠷ ᠳᠡᠭᠡᠷᠡᠮᠳᠡᠬᠦ )
ᠡᠮᠦᠨ᠎ᠡ ᠡᠴᠡ ᠢᠷᠡᠭᠰᠡᠨ ᠴᠠᠭᠠᠨ ᠳᠡᠯᠳᠡᠭᠡᠢ
ᠥᠩᠬᠥᠷᠢᠵᠦ ᠲᠥᠩᠬᠥᠷᠢᠵᠦ ᠬᠤᠤᠠᠲᠤᠭ ᠲᠤ ᠤᠨᠠᠨ᠎ᠠ
(ᠪᠡᠩᠰᠢ ᠴᠢᠨᠠᠬᠤ )
ᠡᠪᠡᠰᠦ ᠦᠭᠡᠢ ᠳᠥᠭᠥᠮ ᠤᠷᠤᠭᠤ
ᠡᠭᠦᠯᠡ ᠦᠭᠡᠢ ᠪᠣᠷᠣᠭᠠᠨ ᠣᠷᠣᠨ᠎ᠠ
( ᠲᠣᠭᠣᠭᠠᠨ ᠳ᠋ᠦ᠍ ᠤᠰᠤ ᠬᠢᠬᠦ )
ᠡᠪᠡᠰᠦ ᠦᠭᠡᠢ ᠳᠥᠬᠦᠮ ᠳ᠋ᠦ᠍
ᠡᠯᠵᠢᠭᠡ ᠰᠡᠭᠦᠯ ᠶ᠋ᠢᠡᠨ ᠰᠢᠷᠪᠠᠨᠠ
( ᠲᠣᠭᠣᠬ᠋᠎ᠠ ᠤᠬᠢᠶᠠᠬᠤ )
ᠮᠠᠯᠲᠠᠭᠠᠳ ᠯᠠ ᠪᠠᠶ᠋ᠢᠪᠠᠯ ᠭᠦᠨ ᠪᠣᠯᠤᠨ᠎ᠠ
ᠮᠠᠭᠠᠵᠢᠭᠠᠳ ᠯᠠ ᠪᠠᠶ᠋ᠢᠪᠠᠯ ᠪᠤᠯᠠᠭ ᠤᠨᠲᠤᠷᠤᠨᠠ
( ᠬᠤᠤᠠᠲᠤᠭ ᠮᠠᠯᠲᠠᠬᠤ )
ᠪᠥᠭᠳᠦᠷ ᠮᠣᠲᠣᠨ ᠪᠥᠬᠥᠶ᠋ᠢᠰᠬᠢᠨ
ᠪᠦᠬᠦᠯᠢ ᠴᠢᠯᠠᠭᠤ ᠨᠢ ᠭᠢᠯᠠᠰᠬᠢᠨ
ᠳᠥᠷᠪᠡᠨ ᠪᠠᠭᠠᠲᠤᠷ ᠵᠢᠤᠠᠬᠦᠰᠬᠢᠨ
ᠨᠠᠢ᠍ᠮᠠᠨ ᠰᠣᠯᠣᠩᠬ᠋᠎ᠠ ᠲᠠᠲᠠᠰᠬᠢᠨ
ᠠᠯᠲᠠᠨ ᠮᠣᠭᠠᠢ ᠰᠡᠷᠪᠡᠰᠬᠢᠨ
ᠠᠮᠢᠲᠤ ᠡᠷᠲᠡᠨᠢ ᠳᠠᠭᠠᠰᠬᠢᠨᠡ
( ᠠᠨᠵᠢᠰᠤ ᠪᠠᠷ ᠲᠠᠷᠢᠶ᠎ᠠ ᠲᠠᠷᠢᠬᠤ )
ᠬᠡᠭᠡᠷ ᠮᠣᠷᠢ ᠬᠠᠩᠭᠢᠰ ᠭᠡᠨ᠎ᠡ
ᠭᠡᠰᠡᠭ ᠡᠭᠦᠯᠡ ᠪᠠᠤᠠᠬᠠᠰ ᠭᠡᠨ᠎ᠡ
ᠵᠠᠭᠤᠲᠠᠭ ᠬᠣᠷᠣᠬᠠᠢ ᠵᠤᠮᠠᠰ ᠭᠡᠨ᠎ᠡ
ᠵᠣᠲᠣᠬᠤ ᠶᠠᠭᠤᠮ᠎ᠠ ᠪᠠᠨ ᠪᠡᠯᠡᠨ ᠬᠢ
( ᠲᠡᠮᠦᠷ ᠳᠠᠪᠲᠠᠬᠤ )
ᠬᠦᠷᠡᠩ ᠦᠬᠡᠷ ᠬᠦᠨᠲᠦᠰ ᠭᠡᠨ᠎ᠡ
ᠬᠦᠵᠦᠭᠦᠦ ᠰᠡᠭᠡᠷ ᠶ᠋ᠢᠡᠷ ᠶ᠋ᠢᠡᠨ ᠠᠭᠵᠢᠰ ᠭᠡᠨ᠎ᠡ
ᠬᠥᠮᠦᠨ ᠪ ᠬᠦᠦ ᠬᠥᠢ ᠭᠡᠨ᠎ᠡ
ᠬᠥᠷᠥᠰᠥᠲᠦ ᠳᠡᠯᠡᠬᠡᠢ ᠬᠥᠷᠪᠡᠰ ᠭᠡᠨ᠎ᠡ
( ᠭᠠᠵᠠᠷ ᠬᠠᠭᠠᠯᠪᠤᠷᠢᠯᠠᠬᠤ )
ᠵᠠᠭᠤ ᠨᠠᠢ᠍ᠮᠠᠨ ᠪᠠᠨᠲᠢ
ᠵᠠᠮ ᠨᠢᠭᠡᠲᠡᠢ ᠭᠦᠶᠦᠨ᠎ᠡ
( ᠮᠠᠨᠢ ᠲᠣᠭᠠᠯᠠᠬᠤ )
ᠵᠢᠩ ᠳᠥᠷᠪᠡᠨ ᠪᠠᠭᠠᠨ᠎ᠠ
ᠵᠢᠵᠦᠦ ᠭᠤᠷᠪᠠᠨ ᠴᠣᠣᠵᠢ
( ᠮᠣᠷᠢ ᠴᠢᠲᠥᠷᠯᠡᠬᠦ )
ᠲᠩᠷᠢ ᠡᠴᠡ ᠢᠷᠡᠭᠰᠡᠨ
ᠲᠡᠭ ᠳᠥᠷᠪᠡᠯᠵᠢᠨ
ᠮᠠᠨ ᠪ ᠥᠭᠭᠦᠭᠰᠡᠨ
ᠮᠠᠰᠢ ᠭᠤᠷᠪᠠᠯᠵᠢᠨ
( ᠮᠣᠷᠢ ᠴᠢᠲᠥᠷᠯᠡᠬᠦ )
ᠬᠠᠷ᠎ᠠ ᠬᠤᠴᠠ
ᠬᠠᠷᠳ᠋ ᠭᠡᠨ᠎ᠡ
ᠬᠠᠮᠤᠭ ᠬᠣᠨᠢᠳ
ᠪᠡᠷᠳ᠋ ᠭᠡᠨ᠎ᠡ
( ᠪᠤᠲᠠᠬ᠋᠎ᠠ ᠬᠠᠭᠤᠷᠬᠤ )
ᠴᠠᠭᠠᠨ ᠢᠮᠠᠬ᠋ᠠ ᠶ᠋ᠢ
ᠵᠣᠲᠣᠵᠤ ᠢᠰᠢᠭᠡᠯᠡᠭᠦᠯᠦᠨᠡ
( ᠴᠢᠮᠥᠭᠡ ᠬᠠᠭᠠᠯᠬᠤ )
ᠠᠯᠲᠠ ᠶ᠋ᠢ ᠨᠢ ᠠᠪᠤᠭᠠᠳ
ᠠᠪᠲᠠᠷ᠎ᠠ ᠶ᠋ᠢ ᠨᠢ ᠬᠠᠶᠠᠬᠤ
( ᠴᠢᠮᠥᠭᠡ ᠬᠠᠭᠠᠯᠬᠤ )
ᠲᠥᠭᠦᠷᠢᠭ ᠨᠠᠭᠤᠷ ᠦ᠋ᠨ ᠬᠥᠪᠡᠭᠡᠨ ᠳᠡᠭᠡᠷ᠎ᠡ
ᠲᠥᠯᠥᠭᠡ ᠣᠷᠬᠢᠭᠠᠳ ᠢᠷᠡᠭᠰᠡᠨ ᠴᠢᠨᠢ
ᠨᠢᠲᠦ ᠨᠢ ᠪᠦᠯᠲᠡᠶ᠋ᠢᠵᠦ ᠴᠢᠬᠢ ᠨᠢ ᠳᠡᠯᠳᠡᠶ᠋ᠢᠵᠦ
ᠠᠮᠠ ᠨᠢ ᠠᠩᠭᠠᠶ᠋ᠢᠪᠠ
( ᠪᠤᠲᠠᠬ᠋᠎ᠠ ᠴᠢᠨᠠᠬᠤ )
ᠲᠤᠯᠤᠨ ᠨᠠᠭᠤᠷ ᠦ᠋ᠨ ᠠᠲᠤᠭᠤᠨ ᠪ
ᠣᠷᠣᠬ᠋ᠠ ᠭᠡᠳᠡᠭ ᠨᠢ ᠶᠠᠭᠤ ᠭᠡᠬᠦ ᠪᠤᠢ
ᠲᠤᠨᠲᠤᠪ ᠯᠥᠨᠲᠥᠪ ᠦ᠋ᠨ ᠤᠷᠭᠠᠨ ᠪ
ᠥᠨᠲᠥᠷ ᠭᠡᠳᠡᠭ ᠨᠢ ᠴᠤ᠌ ᠶᠠᠭᠤ ᠭᠡᠬᠦ ᠪᠤᠢ
( ᠹᠸᠡᠲ᠋ᠢᠶᠣᠣᠽᠢ ᠰᠠᠪᠠᠭᠯᠠᠬᠤ )
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠤᠯᠠᠭᠠᠨᠭᠡᠷᠡᠯ ᠂ ᠳᠠᠷᠬᠠᠰ ·ᠠᠯᠲᠠᠨᠲᠤᠶᠠᠭ᠎ᠠ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
