ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-3Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-3
ᠨᠢᠭᠡᠳᠦᠭᠡᠷ
ᠪᠦᠯᠦᠭ ᠰᠤᠷᠭᠠᠯ ᠰᠢᠯᠦᠭ
ᠭᠤᠷᠪᠠ
ᠡᠷᠲᠡ ᠶ᠋ᠢᠨ
ᠴᠠᠭᠠᠨ ᠪᠤᠶᠠᠨ ᠢ᠋ᠶ᠋ᠠᠷ ᠬᠥᠮᠦᠨ ᠦ᠌ ᠪᠡᠶ᠎ᠡ ᠶ᠋ᠢ ᠣᠯᠤᠭᠰᠠᠨ ᠂
ᠡᠳᠦᠷ ᠦ᠋ᠨ
ᠣᠳᠣ ᠮᠡᠲᠦ ᠴᠤᠬᠠᠭ ᠭᠡᠮᠡᠨ ᠨᠣᠮᠯᠠᠭᠰᠠᠨ ᠊ᠢ ᠰᠣᠨᠣᠰᠪᠠ ᠤᠤ?
ᠡᠷᠳᠡᠨᠢ ᠡᠴᠡ
ᠦᠯᠡᠮᠵᠢᠳᠡ ᠡᠷᠬᠢᠮ ᠰᠣᠨᠢᠨ ᠪᠡᠶ᠎ᠡ ᠶ᠋ᠢ ᠴᠦ᠍ ᠂
ᠡᠪᠳᠡᠷᠡᠬᠦ
ᠮᠠᠰᠢ ᠬᠢᠯᠪᠠᠷ ᠭᠡᠮᠡᠨ ᠨᠣᠮᠯᠠᠭᠰᠠᠨ ᠊ᠢ ᠮᠡᠳᠡᠪᠡ ᠤᠤ?
ᠬᠣᠶᠠᠳᠤᠭᠠᠷ
ᠢᠯᠭᠤᠭᠰᠠᠨ ᠰᠤᠳᠤᠷ ᠲᠠᠷᠨᠢ ᠶ᠋ᠢᠨ ᠱᠠᠵᠢᠨ ᠊ᠢ ᠂
ᠬᠣᠵᠢᠮ
ᠦᠭᠡᠢ ᠬᠣᠪᠣᠷ ᠭᠡᠮᠡᠨ ᠨᠣᠮᠯᠠᠭᠰᠠᠨ ᠊ᠢ ᠰᠣᠨᠣᠰᠪᠠ ᠤᠤ?
ᠬᠤᠪᠢ
ᠥᠭᠡᠳᠡ ᠤᠴᠠᠷᠠᠭᠰᠠᠨ ᠦᠨᠡᠨ ᠭᠠᠶ᠋ᠢᠬᠠᠯ ᠡᠨᠡ ᠴᠦ᠍ ᠂
ᠬᠣᠷᠣᠮᠬᠠᠨ ᠢ᠋ᠶ᠋ᠠᠷ
ᠰᠠᠯᠬᠤ ᠬᠢᠯᠪᠠᠷ ᠭᠡᠮᠡᠨ ᠨᠣᠮᠯᠠᠭᠰᠠᠨ ᠊ᠢ ᠮᠡᠳᠡᠪᠡ ᠤᠤ?
ᠤᠴᠠᠷᠠᠭᠰᠠᠨ
ᠪᠡᠶ᠎ᠡ ᠶᠦ᠍ᠭᠡᠨ ᠡᠷᠬᠢᠮ ᠴᠤᠬᠠᠭ ᠡᠷᠳᠡᠮ ᠊ᠢ
ᠣᠨᠣᠯ
ᠦᠭᠡᠢ ᠭᠠᠯᠵᠠᠭᠤᠷᠠᠨ ᠰᠣᠭᠲᠣᠭᠤᠷᠠᠨ ᠶᠠᠪᠤᠵᠤ᠂
ᠤᠮᠲᠠᠬᠤ
ᠪᠠ ᠢᠳᠡᠬᠦ ᠪᠡᠷ ᠨᠥᠭᠴᠢᠭᠡᠬᠦ ᠪᠣᠯᠪᠠᠰᠤ
ᠣᠶᠤᠨ
ᠦᠭᠡᠢ ᠠᠳᠤᠭᠤᠰᠤ ᠲᠠᠢ ᠢᠯᠭᠠᠪᠤᠷᠢ ᠶᠠᠭᠤᠨ ᠪᠣᠢ ᠃
ᠨᠢᠭᠡᠨ
ᠴᠠᠭ ᠤ᠋ᠨ ᠨᠤᠲᠠ ᠦᠭᠡᠢ ᠮᠥᠩᠬᠡ ᠪᠤᠰᠤ ᠶ᠋ᠢᠨ ᠵᠢᠮ᠎ᠡ ᠶ᠋ᠢ
ᠨᠢᠭᠲᠠ
ᠰᠠᠢᠬᠠᠨ ᠨᠣᠮᠯᠠᠯ ᠢ᠋ᠶ᠋ᠠᠷ ᠤᠨᠤᠬᠤ ᠪᠡᠷᠬᠡ ᠬᠡᠮᠡᠪᠡᠴᠦ
ᠨᠢᠳᠦᠨ ᠢ᠋ᠶ᠋ᠡᠷ
ᠢᠯᠡ ᠦᠵᠡᠨ ᠮᠡᠳᠡᠬᠦ ᠦᠭᠡᠢ ᠪᠣᠯᠪᠠᠰᠤ ᠂
ᠨᠢᠭᠡᠮᠦᠰᠦᠨ
ᠦᠬᠦᠭᠰᠡᠳ ᠦ᠋ᠨ ᠬᠡᠭᠦᠷ ᠪᠤᠯᠠᠰᠢ ᠪᠤᠰᠤ ᠦᠦ?
ᠡᠷᠲᠡ ᠶ᠋ᠢᠨ
ᠨᠥᠬᠥᠴᠡᠯ ᠶᠠᠭᠤᠨ ᠢ᠋ᠶ᠋ᠠᠷ ᠡᠶ᠋ᠢᠮᠦ ᠲᠥᠷᠥᠯ ᠣᠯᠤᠭᠰᠠᠨ ᠂
ᠡᠳᠦᠭᠡ ᠳ᠋ᠦ᠍ᠷ
ᠶᠠᠭᠤᠨ ᠢ᠋ᠶ᠋ᠠᠷ ᠡᠶ᠋ᠢᠮᠦ ᠬᠥᠮᠦᠨ ᠪᠣᠯᠤᠭᠰᠠᠨ ᠂
ᠡᠴᠦᠰ ᠲᠡᠭᠡᠨ
ᠶᠠᠭᠤᠨ ᠢ᠋ᠶ᠋ᠠᠷ ᠦᠷ᠎ᠡ ᠬᠤᠲᠤᠭ ᠤᠯᠬᠤᠢ ᠶ᠋ᠢ ᠂
ᠡᠷᠭᠢᠴᠡᠭᠦᠯᠦᠨ
ᠰᠠᠨᠠᠪᠠᠯᠡ ᠰᠠᠶᠢ ᠬᠥᠮᠦᠨ ᠬᠡᠮᠡᠮᠦᠢ᠃
ᠡᠴᠢᠭᠡ
ᠡᠬᠡ ᠶ᠋ᠢᠨ ᠦᠷ᠎ᠡ ᠪᠣᠯᠬᠤ ᠪᠠᠷᠢᠯᠳᠤᠯᠭ᠎ᠠ ᠪᠦᠷᠢᠳᠦᠨ
ᠡᠭᠦᠰᠦᠭᠰᠡᠨ
ᠤᠴᠢᠷ ᠠᠨᠤ ᠪᠠᠭ᠎ᠠ ᠪᠤᠰᠤ ᠶ᠋ᠢᠨ ᠳᠡᠭᠡᠷ᠎ᠡ ᠂
ᠡᠭᠦᠦᠷᠡᠲᠡᠬᠦ
ᠵᠣᠪᠠᠯᠠᠩ ᠢ᠋ᠶ᠋ᠠᠷ ᠬᠡᠪᠡᠯᠢᠨ ᠳ᠋ᠦ᠍ᠷ ᠡᠭᠦᠷᠦᠨ ᠂
ᠡᠭᠦᠲᠦᠭᠰᠡᠨ
ᠠᠴᠢ ᠠᠨᠤ ᠶᠠᠭᠤᠨ ᠠ᠋ᠴᠠ ᠭᠠᠷᠤᠮᠤᠢ᠃
ᠴᠠᠭᠠᠨ
ᠰᠦᠨ ᠊ᠢ ᠬᠥᠬᠥᠭᠦᠯᠦᠨ ᠲᠠᠮᠢᠷ ᠢ᠋ᠶ᠋ᠠᠨ ᠪᠠᠷᠠᠮᠤᠢ ᠂
ᠴᠠᠮᠴᠠ
ᠰᠢᠷᠲᠡᠭ ᠪᠡᠶ᠎ᠡ ᠪᠦᠬᠦᠢ ᠶ᠋ᠢ ᠪᠠᠯᠪᠢᠪᠠᠴᠤ ᠪᠡᠶᠡᠰᠦᠨ
ᠴᠠᠭ ᠤ᠋ᠨ
ᠨᠢᠭᠲᠠ ᠡᠨᠡᠷᠢᠬᠦ ᠶ᠋ᠢᠨ ᠡᠯᠢᠭᠡᠨ ᠳ᠋ᠦ᠍ᠷ ᠲᠡᠪᠡᠷᠢᠨ ᠂
ᠴᠠᠷᠤᠨ
ᠡᠷ᠎ᠡ ᠪᠣᠯᠭᠠᠭᠰᠠᠨ ᠊ᠢ ᠬᠡᠨ ᠦ᠌ ᠠᠴᠢ ᠬᠡᠮᠡᠮᠦᠢ᠃
ᠤᠮᠲᠠᠬᠤ
ᠪᠠ ᠢᠳᠡᠬᠦᠢ ᠶ᠋ᠢ ᠵᠣᠷᠢᠭ ᠢ᠋ᠶ᠋ᠠᠷ ᠬᠥᠩᠭᠡᠯᠡᠨ ᠂
ᠤᠰᠤ
ᠭᠠᠯ ᠤ᠋ᠨ ᠠᠶᠤᠯ ᠠ᠋ᠴᠠ ᠠᠮᠢ ᠵᠢᠳᠬᠦᠨ ᠰᠠᠬᠢᠵᠤ
ᠤᠰᠬᠠᠯ ᠢ᠋ᠶ᠋ᠠᠷ
ᠪᠦᠪᠡᠶ᠋ᠢᠯᠡᠵᠦ ᠤᠷᠠᠨ ᠢ᠋ᠶ᠋ᠠᠷ ᠳᠠᠭᠤᠳᠠᠨ ᠂
ᠣᠯᠪᠠᠢ
ᠬᠥᠮᠦᠨ ᠪᠣᠯᠭᠠᠭᠰᠠᠨ ᠨᠢ ᠡᠵᠢ ᠶ᠋ᠢᠨ ᠠᠴᠢ ᠪᠢᠰᠢ ᠦᠦ?
ᠡᠬᠡ
ᠦᠷ᠎ᠡ ᠬᠣᠶᠠᠭᠤᠯᠠ ᠶ᠋ᠢ ᠠᠮᠢ ᠬᠠᠮᠲᠤ ᠡᠨᠡᠷᠢᠨ ᠂
ᠡᠨᠳᠡᠭᠳᠡᠯ
ᠢ᠋ ᠠᠷᠢᠯᠭᠠᠵᠤ ᠠᠰᠠᠷᠠᠯ ᠊ᠢ ᠪᠦᠷᠢᠳᠬᠡᠨ ᠂
ᠡᠭᠦᠦᠷᠲᠦᠨ
ᠶᠠᠪᠤᠬᠤ ᠪᠠ ᠵᠣᠪᠠᠬᠤᠢ ᠳ᠋ᠤᠷ ᠤᠷᠢᠤᠠᠲᠠᠨ ᠂
ᠡᠷᠬᠢᠮ
ᠪᠦᠷ ᠢ᠋ ᠲᠡᠭᠦᠰᠬᠡᠳᠡᠭ ᠠᠪᠤ ᠶ᠋ᠢᠨ ᠠᠴᠢ ᠪᠢᠰᠢ ᠦᠦ?
ᠠᠪᠤ
ᠡᠵᠢ ᠶ᠋ᠢᠨ ᠠᠴᠢ ᠬᠦᠴᠦᠨ ᠡᠶ᠋ᠢᠮᠦ ᠢᠯᠡ ᠪᠠᠶ᠋ᠢᠲᠠᠯ᠎ᠠ ᠂
ᠠᠳᠠᠭ
ᠴᠠᠭ ᠤ᠋ᠨ ᠠᠮᠢᠲᠠᠨ ᠊ᠢ ᠠᠵᠢᠭᠯᠠᠵᠤ ᠦᠵᠡᠪᠡᠯ᠂
ᠠᠰᠠᠷᠠᠬᠤ
ᠲᠠᠬᠢᠮᠳᠠᠬᠤ ᠠᠴᠢᠯᠠᠬᠤ ᠪᠠᠶ᠋ᠢᠲᠤᠭᠠᠢ ᠂
ᠠᠲᠠᠯᠠᠬᠤ
ᠮᠠᠭᠤᠯᠠᠬᠤ ᠵᠥᠨᠥᠭᠯᠡᠬᠦ ᠣᠯᠠᠨ ᠪᠣᠢ᠃
ᠡᠯᠢᠭᠡᠨ ᠦ᠌
ᠢᠯᠴᠢᠨ ᠳ᠋ᠤᠨᠢ ᠡᠷᠬᠡᠯᠡᠵᠦ ᠥᠰᠦᠭᠡᠳ ᠂
ᠡᠷ᠎ᠡ ᠶ᠋ᠢᠨ
ᠲᠠᠮᠢᠷ ᠪᠠᠳᠠᠷᠠᠵᠤ ᠵᠢᠷᠦᠬᠡ ᠨᠢ ᠬᠥᠪᠬᠡᠶ᠋ᠢᠵᠦ ᠂
ᠡᠷᠬᠡᠯᠡᠬᠦ ᠶ᠋ᠢᠨ
ᠲᠥᠯᠥᠭᠡᠰᠦᠨ ᠬᠤᠷᠭᠢᠯᠵᠠᠵᠤ ᠪᠤᠯᠭᠢᠯᠠᠨ
ᠡᠷᠡᠯᠬᠡᠬᠦ
ᠦᠬᠡᠷ ᠲᠡᠷᠢᠭᠦᠨ ᠡᠪᠡᠷ ᠢ᠋ᠶ᠋ᠡᠨ ᠰᠡᠷᠲᠠᠶ᠋ᠢᠮᠦᠢ ᠃
ᠡᠴᠢᠭᠡ
ᠡᠬᠡ ᠦᠷ᠎ᠡ ᠶᠦ᠍ᠭᠡᠨ ᠬᠥᠮᠦᠨ ᠪᠣᠯᠬᠤ ᠶ᠋ᠢ ᠰᠡᠯᠪᠢᠵᠦ ᠂
ᠡᠭᠦᠨ
ᠲᠡᠭᠦᠨ ᠢ᠋ ᠴᠤᠭᠯᠠᠭᠤᠯᠤᠨ ᠡᠯᠳᠡᠪ ᠢ᠋ᠶ᠋ᠡᠷ ᠴᠢᠷᠮᠠᠶ᠋ᠢᠵᠤ ᠂
ᠡᠮᠡᠰ
ᠥᠬᠢᠳ ᠪᠣᠭᠲᠣᠯᠠᠬᠤ ᠬᠤᠷᠢᠮ ᠪᠠᠶᠠᠷ ᠦᠢᠯᠡᠳᠦᠨ ᠂
ᠡᠷᠬᠢᠮ
ᠵᠢᠷᠤᠮ ᠬᠦᠯᠢᠶᠡᠵᠦ ᠬᠡᠳᠦᠨ ᠰᠠᠷ᠎ᠠ ᠪᠣᠯᠬᠤᠯ᠎ᠠ᠃
ᠡᠵᠢ ᠶ᠋ᠢᠨ
ᠴᠠᠭᠠᠨ ᠰᠦᠨ ᠦ᠌ ᠴᠢᠨᠠᠷ ᠬᠣᠪᠣᠷ ᠬᠣᠮᠰᠠ ᠰᠠᠨᠠᠭᠳᠠᠨ ᠂
ᠡᠨᠳᠡᠭᠳᠡᠯ ᠦ᠋ᠨ
ᠱᠥᠯᠥ ᠤᠰᠤ ᠪᠤᠯᠭᠢᠯᠠᠵᠤ ᠪᠤᠴᠠᠯᠤᠨ ᠂
ᠡᠨᠳᠡᠭᠦᠷᠡᠯ
ᠰᠢᠨᠤᠬᠠᠶ᠋ᠢᠷᠠᠯ ᠤᠯᠠᠮ ᠢ᠋ᠶ᠋ᠠᠷ ᠳᠡᠭᠳᠡᠵᠦ ᠂
ᠡᠴᠢᠭᠡ
ᠡᠬᠡ ᠪᠣᠶ᠋ᠢᠳᠠ ᠳᠠᠯᠳᠠ ᠠᠮᠤᠷ ᠭᠡᠮᠡᠨ ᠬᠡᠯᠡᠯᠴᠡᠮᠦᠢ᠃
ᠬᠠᠷᠢᠨ
ᠪᠠᠰᠠ ᠮᠠᠲᠠᠯ ᠴᠢᠳᠠᠯ ᠪᠤᠯᠢᠶᠠᠯᠳᠤᠨ ᠡᠵᠡᠷᠬᠡᠨ ᠂
ᠬᠠᠪᠢᠷ
ᠦᠤᠠᠲᠦᠷ ᠬᠠᠵᠠᠯᠠᠯᠳᠤᠨ ᠬᠠᠶ᠋ᠢᠴᠢ ᠠᠷᠭᠠᠯ ᠴᠣᠬᠢᠯᠠᠨ ᠂
ᠬᠠᠶ᠋ᠢᠷᠠᠨ
ᠵᠢᠷᠤᠮ ᠰᠦᠨᠦᠭᠦᠯᠥᠨ ᠬᠡᠳᠦᠨ ᠵᠢᠯ ᠦ᠋ᠨ ᠳᠣᠲᠣᠷ᠎ᠠ ᠂
ᠬᠠᠭᠠᠴᠠᠯᠳᠤᠨ
ᠰᠠᠯᠤᠯᠴᠠᠬᠤ ᠲᠦᠮᠡᠨ ᠢᠷᠣ᠎ᠠ ᠶ᠋ᠢ ᠦᠵᠡᠮᠦᠢ᠃
ᠰᠠᠯᠤᠯᠴᠠᠬᠤ ᠶ᠋ᠢᠨ
ᠰᠠᠨᠠᠭᠠᠨ ᠳ᠋ᠤᠷ ᠰᠠᠷᠠᠭᠤᠯᠰᠢᠭ ᠪᠣᠯᠪᠠᠴᠤ᠂
ᠰᠠᠢᠬᠠᠨ
ᠵᠢᠷᠤᠮ ᠰᠠᠷᠨᠢᠭᠤᠯᠬᠤᠯᠠ ᠲᠡᠭᠷᠢ ᠦᠯᠦ ᠢᠪᠡᠭᠡᠨ ᠂
ᠰᠠᠢᠬᠢ
ᠦᠢᠯᠡ ᠶ᠋ᠢᠨ ᠪᠣᠯᠪᠠᠰᠤᠷᠠᠯ ᠲᠣᠯᠣᠭᠠᠢ ᠳ᠋ᠤᠷ ᠰᠢᠷᠭᠤᠵᠤ ᠂
ᠰᠠᠨᠳᠤᠷᠬᠤ
ᠵᠦᠳᠡᠷᠡᠬᠦ ᠶ᠋ᠢᠨ ᠳᠣᠷᠣᠶ᠋ᠢᠲᠠᠯ ᠳ᠋ᠤᠷ ᠲᠤᠯᠭᠠᠮᠤᠢ ᠃
ᠡᠮᠡᠰ
ᠥᠬᠢᠳ ᠬᠡᠯᠡᠪᠡᠰᠦ ᠴᠣᠷᠪᠣᠯᠵᠠᠵᠤ ᠢᠨᠢᠶᠡᠨ ᠂
ᠡᠯᠳᠡᠪ ᠢ᠋ᠶ᠋ᠡᠷ
ᠵᠥᠪ ᠊ᠢ ᠣᠯᠭᠣᠨ ᠡᠶ᠎ᠡ ᠵᠢᠷᠤᠮ ᠨᠡᠶ᠋ᠢᠯᠡᠯᠴᠡᠨ ᠂
ᠡᠴᠢᠭᠡ
ᠡᠬᠡ ᠬᠡᠯᠡᠪᠡᠰᠦ ᠮᠤᠰᠬᠢᠯᠵᠠᠵᠤ ᠠᠭᠤᠷᠯᠠᠨ ᠂
ᠡᠨᠡ
ᠵᠥᠨᠥᠭ ᠲᠡᠷᠡ ᠮᠤᠨᠤᠭ ᠴᠠᠯᠴᠢᠴᠢᠪᠠ ᠬᠡᠮᠡᠮᠦᠢ᠃
ᠲᠠᠮᠲᠤᠭ
ᠪᠣᠯᠬᠢ ᠰᠢᠩᠭᠡᠨ ᠬᠦᠢᠲᠡ ᠊ᠢ ᠡᠪᠦᠭᠡᠳ ᠲᠣᠷ ᠭᠠᠷᠭᠠᠵᠤ᠂
ᠲᠠᠷᠭᠤᠨ
ᠲᠣᠰᠣ ᠰᠢᠬᠢᠷ ᠪᠣᠭᠣᠷᠰᠣᠭ ᠊ᠢ ᠪᠡᠶᠡᠨ ᠳ᠋ᠡᠭᠡᠨ ᠡᠲᠯᠡᠭᠡᠳ ᠂
ᠲᠠᠬᠢᠮᠳᠠᠬᠤ
ᠠᠴᠢᠯᠠᠬᠤ ᠶ᠋ᠢ ᠮᠡᠳᠡᠬᠦ ᠦᠭᠡᠢ ᠵᠥᠨᠥᠳᠦᠭ ᠦ᠋ᠳ ᠂
ᠲᠠᠭᠳᠠᠪᠠᠴᠤ
ᠰᠠᠨᠠᠭᠠᠨ ᠊ᠢ ᠮᠠᠭᠤ ᠭᠡᠮᠡᠨ ᠬᠡᠯᠡᠯᠴᠡᠮᠦᠢ᠃
ᠦᠷ᠎ᠡ
ᠪᠡᠷᠢ ᠡᠪᠡᠳᠬᠦᠯᠡ ᠡᠬᠡ ᠶᠡᠬᠡᠰ ᠵᠣᠪᠠᠨᠢᠨ ᠂
ᠦᠤᠠᠲᠦᠷ
ᠲᠦᠷᠭᠡᠨ ᠲᠤᠰᠠ ᠶ᠋ᠢ ᠡᠭᠡᠷᠢᠵᠦ ᠪᠯᠠᠮ᠎ᠡ ᠡᠮᠴᠢ ᠤᠷᠢᠮᠤᠢ ᠂
ᠦᠲᠡᠯᠦᠭᠰᠡᠳ
ᠡᠪᠡᠳᠬᠦᠯᠡ ᠨᠠᠰᠤ ᠨᠠᠰᠤ ᠬᠡᠮᠡᠯᠳᠦᠨ ᠂
ᠦᠬᠦᠬᠦ ᠶ᠋ᠢ
ᠪᠡᠯᠡᠳᠬᠡᠵᠦ ᠠᠷᠪᠢᠯᠠᠬᠤ ᠶ᠋ᠢ ᠰᠡᠳᠬᠢᠮᠦᠢ ᠃
ᠠᠴᠢᠲᠠᠨ
ᠨᠢ ᠦᠬᠦᠬᠦᠯᠡ ᠪᠤᠶᠠᠨ ᠨᠣᠮ ᠤ᠋ᠨ ᠵᠦᠢᠯ ᠊ᠢ ᠨᠢ ᠂
ᠠᠷᠪᠢᠯᠠᠵᠤ
ᠬᠠᠷᠠᠮᠯᠠᠵᠤ ᠶᠣᠰᠣ ᠶ᠋ᠢᠨ ᠲᠡᠳᠦᠢ ᠤᠷᠤᠯᠳᠤᠨ ᠂
ᠠᠴᠢ
ᠬᠦᠴᠦᠨ ᠬᠠᠷᠢᠭᠤᠯᠬᠤ ᠰᠡᠳᠬᠢᠯ ᠦᠭᠡᠢ ᠪᠢᠷᠢᠳ ᠲᠣᠷ ᠂
ᠠᠷᠢᠭᠤᠨ
ᠬᠡᠰᠢᠭ ᠲᠣᠭᠲᠠᠭᠠᠬᠤ ᠪᠤᠷᠬᠠᠨ ᠲᠡᠭᠷᠢ ᠦᠭᠡᠢ ᠪᠠ!
ᠲᠦᠰᠢᠭ
ᠦᠭᠡᠢ ᠪᠡᠶ᠎ᠡ ᠢᠨᠤ ᠡᠯᠳᠡᠪ ᠢ᠋ᠶ᠋ᠡᠷ ᠭᠠᠴᠢᠭᠳᠠᠨ ᠂
ᠳᠦᠷᠰᠦ
ᠦᠭᠡᠢ ᠳᠤᠷ᠎ᠠ ᠪᠠᠨ ᠵᠣᠷᠢᠭ ᠮᠡᠳᠡᠨ ᠲᠠᠯᠪᠢᠯᠠᠨ ᠂
ᠳᠦᠷᠢᠮ
ᠦᠭᠡᠢ ᠨᠥᠬᠥᠷ ᠵᠠᠮ ᠤ᠋ᠨ ᠡᠨᠳᠡᠭᠳᠡᠯ ᠢ᠋ᠶ᠋ᠡᠷ ᠳᠦᠭᠦᠷᠭᠡᠨ ᠂
ᠲᠦᠪᠰᠢᠨ
ᠦᠭᠡᠢ ᠬᠥᠮᠦᠨ ᠪᠣᠯᠵᠤ ᠣᠷᠬᠢᠭᠳᠠᠬᠤ ᠬᠠᠶ᠋ᠢᠷᠠᠨ ᠃
ᠠᠶ᠋ᠢᠯ ᠤ᠋ᠨ
ᠥᠬᠢᠳ ᠵᠥᠪ ᠊ᠢ ᠣᠯᠵᠤ ᠡᠵᠡᠯᠡᠬᠦ ᠨᠢᠭᠡᠨ ᠵᠦᠢᠯ ᠂
ᠠᠪᠤ
ᠡᠵᠢ ᠠᠬ᠎ᠠ ᠶᠡᠬᠡᠰ ᠪᠤᠷᠤᠭᠤ ᠪᠣᠯᠬᠤ ᠬᠣᠶᠠᠷ ᠵᠦᠢᠯ ᠂
ᠠᠯᠮᠠᠢ
ᠪᠡᠶ᠎ᠡ ᠮᠠᠲᠠᠯ ᠠᠯᠲᠠᠨ ᠪᠣᠭᠣᠯ ᠪᠣᠯᠬᠤ ᠭᠤᠷᠪᠠᠨ ᠵᠦᠢᠯ ᠂
ᠠᠮᠢ
ᠪᠡᠶ᠎ᠡ ᠶᠠᠪᠤᠭᠰᠠᠨ ᠠ᠋ᠴᠠ ᠦᠬᠦᠭᠰᠡᠨ ᠴᠦ᠍ ᠳᠡᠭᠡᠷ᠎ᠡ᠃
ᠪᠠᠭᠰᠢ
ᠪᠯᠠᠮ᠎ᠡ ᠶ᠋ᠢᠨ ᠰᠤᠷᠭᠠᠯ ᠦᠭᠡ ᠤᠳᠬ᠎ᠠ ᠦᠭᠡᠢ ᠶᠠᠷᠢᠭ ᠪᠠᠶ᠋ᠢᠨ᠎ᠠ ᠂
ᠪᠠᠷᠵᠠᠩ
ᠰᠠᠷᠵᠠᠩ ᠬᠡᠯᠡᠬᠦ ᠨᠢ ᠳᠠᠩᠴᠤ ᠮᠠᠭᠤ ᠱᠠᠯᠢᠭ ᠪᠠᠶ᠋ᠢᠨ᠎ᠠ ᠂
ᠪᠠᠰᠤᠭᠳᠠᠵᠤ
ᠭᠣᠯᠣᠭᠳᠠᠪᠠᠯ ᠲᠠᠨᠽᠠᠨᠸᠠᠩᠵᠢᠯ ᠶᠠᠭᠤ ᠪᠠᠶ᠋ᠢᠨ᠎ᠠ ᠂
ᠪᠠᠯᠠᠯᠬᠤ
ᠴᠤ᠌ ᠠᠷᠭ᠎ᠠ ᠦᠭᠡᠢ ᠲᠡᠨᠡᠭ ᠢᠯᠡ ᠭᠠᠷᠴᠢᠶᠡ ᠃
ᠠᠮᠢᠯᠠᠭᠤᠯᠤᠨ
ᠪᠢᠴᠢᠭᠰᠡᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠤᠤᠠᠬᠠᠨᠰᠤ᠎ᠡ
