ᠵᠤᠨ – ᠭᠦᠷᠵᠠᠪ  Зун      – гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠤᠨ – ᠭᠦᠷᠵᠠᠪ  Зун      – гүржав

ᠵᠤᠨ – ᠭᠦᠷᠵᠠᠪ  Зун      – гүржав

2023-03-26

341

ᠵᠤᠨ


           ᠭᠦᠷᠵᠡᠪ  

ᠬᠣᠯᠠ ᠶ᠋ᠢᠨ ᠬᠣᠯᠠᠬᠢ ᠠᠭᠤᠯᠠᠨ  ᠳ᠋ᠦ᠍  
ᠬᠦᠲᠡᠩ ᠤᠨᠢᠶᠠᠷ ᠬᠥᠰᠢᠭᠡᠯᠡᠭᠦᠯᠵᠦ 
ᠬᠤᠨᠲᠤ ᠶ᠋ᠢᠨ ᠲᠡᠷᠭᠡᠯ ᠨᠠᠭᠤᠷ ᠲᠦ 
ᠨᠤᠭᠤᠰᠤᠨ  ᠰᠦᠷᠦᠭ ᠢᠷᠠᠯᠵᠠᠭᠤᠯᠵᠤ 
ᠬᠣᠶ᠋ᠢᠲᠤ ᠰᠢᠯᠢ ᠶ᠋ᠢᠨ ᠡᠬᠢᠨ  ᠳ᠋ᠦ᠍ 
ᠵᠤᠰᠠᠭᠠᠯ ᠦ᠋ᠨ ᠠᠶ᠋ᠢᠯ ᠦ᠋ᠳ ᠵᠢᠭᠳᠡᠷᠡᠭᠦᠯᠵᠦ 
ᠬᠣᠤᠠᠲᠤᠭ ᠦ᠋ᠨ ᠳᠡᠷᠭᠡᠳᠡᠬᠢ ᠱᠠᠯᠪᠠᠭ ᠲᠤ 
ᠠᠯᠢᠶ᠎ᠠ ᠬᠡᠦᠬᠡᠳ ᠦ᠋ᠳ ᠊ᠢ ᠤᠮᠪᠠᠭᠤᠯᠵᠤ
    ᠵᠤᠨ
    ᠵᠤᠤᠮᠠᠯᠵᠠᠭᠰᠠᠭᠠᠷ ᠢᠷᠡᠪᠡ ᠂
    ᠵᠢᠷᠤᠭ ᠲᠠᠢ ᠦᠵᠡᠮᠵᠢ ᠲᠡᠢ
    ᠵᠤᠤᠮᠠᠯᠵᠠᠭᠰᠠᠭᠠᠷ ᠢᠷᠡᠪᠡ ᠃
ᠬᠣᠲᠠ ᠶ᠋ᠢᠨ ᠰᠠᠬᠢᠲᠠᠭ ᠬᠠᠯᠲᠠᠷ ᠦ᠋ᠨ ᠬᠡᠯᠡ ᠶ᠋ᠢ
ᠤᠷᠲᠤ ᠠ᠋ᠴᠠ ᠤᠷᠲᠤ ᠤᠨᠵᠢᠢᠯᠭᠠᠵᠤ 
ᠬᠤᠷᠤᠳ ᠲᠤ ᠳᠤᠷᠠᠲᠠᠢ ᠮᠢᠨᠦ ᠳᠡᠭᠦᠦ ᠶ᠋ᠢ
ᠡᠲᠦᠷ ᠡᠲᠦᠷ ᠲᠣᠭᠣᠬ᠋᠎ᠠ ᠬᠠᠷᠠᠭᠤᠯᠵᠤ
ᠬᠣᠲᠣᠭᠣᠷ ᠶ᠋ᠢᠠᠷ  ᠳᠦᠭᠦᠷᠦᠮ᠎ᠡ ᠮᠢᠩᠭᠠᠨ ᠠᠲᠤᠭᠤ ᠶ᠋ᠢ
ᠮᠠᠨ ᠪ ᠵᠡᠯᠡᠨ ᠳᠡᠭᠡᠷ᠎ᠡ ᠵᠣᠭᠰᠣᠭᠠᠵᠤ ᠂
ᠮᠢᠨᠦ ᠲᠠᠷᠢᠬᠰᠠᠨ  ᠴᠡᠴᠡᠭ ᠦ᠋ᠨ ᠳᠡᠭᠡᠷ᠎ᠡ
ᠮᠥᠩᠬᠡ ᠶ᠋ᠢᠨ ᠰᠢᠮ᠎ᠡ — ᠪᠣᠷᠣᠭᠠᠨ ᠶ᠋ᠢᠠᠨ ᠪᠠᠭᠤᠯᠭᠠᠵᠤ
ᠮᠢᠨᠦ ᠠᠪᠤ ᠶ᠋ᠢᠨ ᠨᠢᠭᠤᠷ ᠦ᠋ᠨ ᠬᠥᠯᠥᠰᠥ  ᠶ᠋ᠢ
ᠮᠢᠨᠲᠠᠰᠤᠨ ᠵᠥᠭᠡᠯᠡᠨ ᠰᠠᠯᠬᠢ ᠪᠠᠷ ᠶ᠋ᠢᠠᠨ ᠠᠷᠴᠢᠵᠤ
     ᠵᠤᠨ 
     ᠵᠤᠮᠠᠯᠵᠠᠭᠰᠠᠭᠠᠷ ᠢᠷᠡᠪᠡ ᠂
     ᠵᠤᠬ᠋᠎ᠠ ᠲᠠᠢ ᠴᠡᠩᠭᠡᠯ ᠲᠡᠢ
     ᠵᠤᠤᠮᠠᠯᠵᠠᠭᠰᠠᠭᠠᠷ ᠢᠷᠡᠪᠡ ᠃
ᠵᠤᠤᠮᠠᠯᠵᠠᠭᠰᠠᠭᠠᠷ ᠢᠷᠡᠬᠦ ᠵᠤᠨ ᠊ᠢ
ᠵᠢᠷᠦᠬᠡᠨ ᠤᠭ ᠠ᠋ᠴᠠ ᠪᠠᠨ 
ᠪᠠᠬᠠᠷᠠᠨ᠎ᠠ  ᠡ ᠂  ᠪᠢ !
ᠵᠣᠯᠪᠣᠬ᠋᠎ᠠ ᠲᠠᠢ ᠪᠣᠶ᠋ᠢᠵᠢᠬᠤ 
ᠵᠢᠭᠠᠯ ᠪᠠᠬ᠋᠎ᠠ ᠨᠠᠰᠤ ᠪᠠᠨ
ᠵᠦᠢᠯ ᠦ᠋ᠨ ᠮᠡᠲᠡᠯᠭᠡ ᠪᠡᠷ ᠴᠢᠮᠡᠭᠯᠡᠵᠦ
ᠵᠤᠨ ᠪ ᠳᠡᠯᠭᠡᠷ  ᠴᠡᠴᠡᠭ ᠰᠢᠤ 
ᠮᠢᠷᠠᠯᠵᠠᠵᠤ ᠶᠠᠪᠤᠨ᠎ᠠ ᠡ ᠂ ᠪᠢ !

    ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ16 ᠪ ᠡᠲᠦᠷ ᠃