ᠰᠣᠯᠣᠩᠬ᠋᠎ᠠ – ᠭᠦᠷᠵᠠᠪ Солонго – Гүржав
ᠰᠣᠯᠣᠩᠬ᠋᠎ᠠ
ᠭᠦᠷᠵᠠᠪ
ᠵᠡᠭᠦᠨ ᠰᠢᠯᠢ ᠶ᠋ᠢᠨ
ᠵᠣ᠋ ᠨᠢᠷᠤᠭᠤ ᠳᠠᠮᠨᠠᠵᠤ
ᠵᠠᠭᠤᠨ ᠵᠦᠢᠯᠡᠰ ᠦ᠋ᠨ
ᠥᠩᠭᠡ ᠪᠣᠲᠣᠭ ᠮᠢᠷᠠᠯᠵᠠᠭᠤᠯᠵᠤ —
ᠵᠢᠷᠭᠤᠭᠠᠨ ᠨᠠᠰᠤᠲᠠᠢ
ᠪᠢᠴᠢᠬᠠᠨ ᠳᠡᠭᠦᠦ ᠳ᠋ᠦ᠍ ᠮᠢᠨᠢ ᠭᠠᠶ᠋ᠢᠬᠠᠭᠤᠯᠵᠤ
ᠵᠢᠷᠤᠭ ᠦ᠋ᠨ ᠳᠡᠪᠲᠡᠷ ᠳᠡᠭᠡᠷ᠎ᠡ ᠪᠡᠨ
ᠠᠪᠴᠢᠷᠠᠵᠤ ᠨᠠᠭᠠᠬᠤ ᠶ᠋ᠢ ᠭᠣᠷᠢᠯᠠᠭᠤᠯᠵᠤ
ᠰᠣᠯᠣᠩᠬ᠋᠎ᠠ ᠲᠠᠲᠠᠯ᠎ᠠ ᠁
ᠵᠤᠤᠬᠠᠲᠤ ᠶ᠋ᠢᠨ ᠠᠭᠤᠯᠠ ᠶ᠋ᠢᠨ ᠬᠥᠲᠥᠯ ᠳᠠᠮᠵᠢᠨ
ᠴᠢᠤᠠᠬᠤᠯᠠᠵᠤ ᠪᠠᠶ᠋ᠢᠬᠰᠠᠨ ᠰᠢᠷᠦᠭᠦᠨ ᠪᠣᠷᠣᠭᠠᠨ ᠊ᠢ
ᠵᠠᠭᠤᠷᠮᠠᠭ ᠵᠤᠭᠰᠤᠭᠠᠰᠬᠢᠨ —
ᠵᠢᠭᠤᠲᠠᠭᠰᠠᠨ ᠶᠤᠮ ᠰᠢᠭ᠋ ᠬᠣᠯᠠᠲᠠᠭᠤᠯᠤᠨ ᠴᠠᠭᠠᠰᠢᠯᠠᠭᠤᠯᠵᠤ
ᠵᠤᠰᠠᠯᠠᠩ ᠦ᠋ᠨ ᠳᠡᠨᠵᠢ ᠣᠷᠢᠶᠠᠨ —
ᠵᠢᠷᠤᠭᠠᠰᠤ ᠲᠠᠲᠠᠨ ᠭᠦᠶᠦᠬᠦ ᠤᠰᠤ ᠨᠤᠭᠤᠳ ᠊ᠢ
ᠲᠤᠭᠤᠯ ᠶ᠋ᠢᠠᠨ ᠤᠰᠤᠯᠠᠲᠠᠭ
ᠲᠤᠩᠭᠠᠯᠠᠭ ᠪᠦᠷᠢᠲᠦ ᠳ᠋ᠦ᠍ ᠮᠢᠨᠢ
ᠲᠤᠨᠤᠯᠵᠠᠲᠠᠯᠠ ᠴᠠᠶ᠋ᠢᠯᠵᠠᠲᠠᠯᠠ ᠳᠦᠭᠦᠷᠭᠡᠵᠦ
ᠰᠣᠯᠣᠩᠬ᠋᠎ᠠ ᠲᠠᠲᠠᠯ᠎ᠠ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
2023 ᠣᠨ ᠪ 3 ᠰᠠᠷ᠎ᠠ ᠶ᠋ᠢᠨ 16 ᠪ ᠡᠲᠦᠷ ᠃
