ᠵᠤᠨ ᠪ ᠨᠣᠭᠣᠭᠠᠨ ᠰᠠᠯᠬᠢ – ᠭᠦᠷᠵᠠᠪ Зуны ногоон салхи — Гүржав
ᠵᠤᠨ ᠪ ᠨᠣᠭᠣᠭᠠᠨ ᠰᠠᠯᠬᠢ
ᠭᠦᠷᠵᠠᠪ
ᠵᠤᠨ ᠪ ᠨᠣᠭᠣᠭᠠᠨ ᠰᠠᠯᠬᠢ
ᠵᠤᠯᠠᠢ ᠶ᠋ᠢ ᠮᠢᠨᠢ ᠦᠨᠦᠰᠦᠨ ᠰᠡᠩᠭᠢᠨᠡᠨ᠎ᠡ
ᠵᠤᠭᠠᠴᠠᠬᠤ ᠪᠡᠷ ᠭᠠᠷ᠂ ᠭᠠᠲᠠᠭᠰᠢ ᠪᠠᠨ ᠭᠡᠳ
ᠵᠣ᠋ ᠶ᠋ᠢ ᠮᠢᠨᠢ ᠢᠯᠪᠢᠨ ᠰᠡᠩᠭᠢᠨᠡᠨ᠎ᠡ
ᠵᠢᠷᠤᠭ ᠵᠢᠷᠤ ᠂ ᠨᠤᠲᠤᠭ ᠦ᠋ᠨ ᠶ᠋ᠢᠠᠨ ᠭᠡᠳ
ᠭᠠᠷ ᠊ᠢ ᠮᠢᠨᠢ ᠡᠷᠭᠦᠨ ᠰᠡᠩᠭᠢᠨᠡᠨ᠎ᠡ
ᠵᠢᠷᠤᠭᠰᠠᠨ ᠶ᠋ᠢᠠᠨ ᠵᠠᠰᠠ ᠂ ᠬᠡᠵᠢᠶᠡᠲᠡ ᠪᠡᠨ ᠭᠡᠳ
ᠬᠠᠴᠠᠷ ᠊ᠢ ᠮᠢᠨᠢ ᠲᠠᠭᠠᠯᠠᠨ ᠰᠡᠩᠭᠢᠨᠡᠨ᠎ᠡ
ᠵᠠᠭᠤ ᠣᠯ ! ᠴᠢᠷᠮᠠᠢ ᠭᠡᠳ
ᠭᠡᠵᠢᠭᠡ ᠶ᠋ᠢ ᠮᠢᠨᠢ ᠰᠠᠮᠨᠠᠨ ᠰᠡᠩᠭᠢᠨᠡᠨ᠎ᠡ
ᠵᠠᠭᠤᠷᠮ᠎ᠠ ᠪᠤᠤ ᠵᠣᠭᠰᠣ ! ᠮᠡᠷᠡᠢ ᠭᠡᠳ
ᠭᠡᠲᠡᠰᠦ ᠶ᠋ᠢ ᠮᠢᠨᠢ ᠠᠯᠠᠭᠠᠲᠠᠨ ᠰᠡᠩᠭᠢᠨᠡᠨ᠎ᠡ
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠳᠠᠰᠢᠮ᠎ᠠ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ16 ᠪ ᠡᠲᠦᠷ
