ᠬᠣᠷᠸ᠋᠎ᠠ — ᠮᠢᠨᠦᠬᠢ ᠄ ᠭᠦᠷᠵᠠᠪ Хорвоо — минийх ᠄ Гүржав
ᠬᠣᠷᠸ᠋᠎ᠠ — ᠮᠢᠨᠦᠬᠢ
ᠭᠦᠷᠵᠠᠪ
ᠬᠣᠷᠸ᠋᠎ᠠ ᠮᠢᠨᠦᠬᠢ
ᠬᠣᠯᠠ ᠶ᠋ᠢᠨ ᠬᠣᠯᠠ ᠳ᠋ᠠᠭᠠᠨ ᠰᠦᠮᠡᠯᠵᠡᠭᠰᠡᠨ
ᠬᠣᠯᠪᠣᠬ᠋᠎ᠠ ᠴᠡᠩᠬᠡᠷ ᠠᠭᠤᠯᠠᠰ — ᠮᠢᠨᠦᠬᠢ
ᠬᠣᠨᠣᠭ ᠦ᠋ᠨ ᠵᠡᠭᠦᠲᠦᠨ ᠳ᠋ᠦ᠍ ᠮᠢᠨᠢ ᠬᠠᠲᠠᠩᠰᠢᠬᠰᠠᠨ
ᠬᠤᠤᠰ ᠦᠭᠡᠢ ᠰᠦᠷᠯᠢᠭ ᠳᠦᠷᠬᠦ — ᠲᠡᠷᠡ
ᠬᠣᠷᠮᠣᠢ ᠶ᠋ᠢ ᠨᠢ ᠳᠠᠭᠠᠭᠠᠳ ᠵᠢᠷᠢᠯᠵᠡᠭᠰᠡᠨ
ᠬᠤᠪᠢᠯᠭᠠᠨ ᠡᠷᠲᠡᠨᠢ ᠶ᠋ᠢᠨ ᠵᠡᠷᠭᠡᠯᠭᠡᠨ — ᠮᠢᠨᠦᠬᠢ
ᠬᠣᠩᠭᠣᠷ ᠪᠠᠬ᠋᠎ᠠ ᠶ᠋ᠢᠨ ᠮᠢᠨᠢ ᠬᠦᠰᠡᠯ ᠳ᠋ᠠᠬᠢ
ᠬᠤᠯᠭᠤᠲᠠᠵᠤ — ᠵᠠᠶ᠋ᠢᠲᠠᠯᠠᠬᠤ ᠬᠥᠯᠥᠭ ᠮᠢᠨᠢ — ᠲᠡᠷᠡ !
ᠬᠣᠭᠣᠯᠠᠢ ᠶ᠋ᠢᠨ ᠰᠠᠯᠬᠢᠨ ᠳ᠋ᠦ᠍ ᠦᠶᠡᠯᠵᠡᠭᠰᠡᠨ
ᠬᠣᠩᠭᠣᠷᠴᠣᠭᠲᠤ ᠨᠣᠭᠣᠭᠠᠨ ᠪᠡᠯᠴᠢᠭᠡᠷ— ᠮᠢᠨᠦᠬᠢ
ᠬᠤᠪᠢᠲᠠᠯ ᠵᠢᠷᠦᠬᠡᠨ ᠪ ᠮᠢᠨᠢ ᠭᠦᠨ ᠳ᠋ᠡᠬᠢ
ᠬᠣᠷᠭᠣᠢ ᠲᠣᠷᠭᠠᠨ ᠳᠡᠯᠡᠬᠡᠢ ᠮᠢᠨᠢ — ᠲᠡᠷᠡ !
ᠬᠣᠪᠣᠷ ᠰᠢᠮ᠎ᠡ ᠳ᠋ᠤᠨᠢ ᠢᠳᠡᠰᠢᠯᠡᠭᠰᠡᠨ
ᠬᠣᠨᠢ ᠂ ᠥᠬᠡᠷ ᠂ ᠠᠲᠤᠭᠤ ᠂ ᠂ ᠂ ᠂ — ᠮᠢᠨᠦᠬᠢ
ᠬᠤᠪᠢ ᠪᠡᠶ᠎ᠡ ᠪᠡᠨ ᠬᠠᠶ᠋ᠢᠷᠠᠯᠠᠵᠤ ᠶᠠᠪᠤᠬᠤ
ᠬᠣᠭᠰᠢᠯ ᠂ ᠬᠥᠷᠥᠩᠭᠡ ᠂ ᠥᠪ ᠮᠢᠨᠢ — ᠲᠡᠷᠡ !
ᠬᠣᠷᠸ᠋᠎ᠠ ᠮᠢᠨᠦᠬᠢ
ᠤᠮᠠᠷᠠᠰᠢ ᠴᠢᠭᠯᠡᠨ ᠨᠢᠰᠬᠦ
ᠤᠯᠠᠭᠠᠨ ᠭᠠᠯᠠᠭᠤᠨ ᠴᠤᠪᠤᠬ᠋ᠠ — ᠮᠢᠨᠦᠬᠢ
ᠠᠭᠤᠲᠠᠮ ᠪᠠᠶ᠋ᠢᠭᠠᠯᠢ ᠶ᠋ᠢᠨ ᠬᠢᠵᠠᠭᠠᠷ ᠲᠤ ᠣᠴᠢᠬᠤ
ᠤᠨᠠᠭᠠᠨ ᠵᠢᠩᠭᠢᠷ ᠪᠣᠲᠣᠯ ᠮᠢᠨᠢ — ᠲᠡᠷᠡ !
ᠤᠨᠠᠭᠰᠠᠨ ᠨᠤᠲᠤᠭ ᠲᠠᠭᠠᠨ ᠬᠣᠴᠣᠷᠬᠤ
ᠤᠶᠠᠬᠠᠨ ᠴᠡᠭᠡᠯᠬᠡᠨ ᠳᠠᠭᠤᠤ ᠨᠢ — ᠮᠢᠨᠦᠬᠢ
ᠤᠶᠠᠩᠬ᠋᠎ᠠ ᠨᠠᠶ᠋ᠢᠷᠠᠭ ᠰᠢᠭ᠋ ᠮᠥᠩᠬᠡᠷᠡᠵᠦ ᠴᠠᠬᠢᠯᠵᠠᠬᠤ
ᠤᠵᠠᠭᠤᠷ ᠦ᠋ᠨ ᠴᠠᠭᠠᠨ ᠤᠬᠠᠭᠠᠨ ᠮᠢᠨᠢ — ᠲᠡᠷᠡ !
ᠤᠨᠲᠤᠷᠤᠨ ᠲᠤᠨᠤᠯᠵᠠᠨ ᠴᠠᠬᠢᠯᠵᠠᠬᠤ
ᠤᠰᠤ ᠂ ᠭᠤᠤᠯ ᠂ ᠮᠥᠷᠡᠨ — ᠮᠢᠨᠦᠬᠢ
ᠤᠯᠢᠶᠠᠷᠬᠠᠭ ᠴᠣᠭᠴᠠ ᠶ᠋ᠢ ᠮᠢᠨᠢ ᠴᠢᠬᠢᠷᠠᠭᠵᠢᠭᠤᠯᠬᠤ ᠲᠠᠮᠢᠷᠵᠢᠭᠤᠯᠬᠤ
ᠤᠭᠠᠯᠵᠠᠷᠠᠨ ᠳᠣᠯᠭᠢᠶᠠᠷᠠᠨ ᠠᠷᠯᠠᠬᠤ
ᠤᠷᠤᠰᠬᠠᠯ ᠂ ᠴᠣᠯᠭᠢᠶᠠ ᠂ ᠬᠠᠯᠭᠢᠶ᠎ᠠ ᠨᠢ — ᠮᠢᠨᠦᠬᠢ
ᠤᠷᠤᠭᠰᠢ ᠲᠡᠮᠡᠦᠯᠦᠨ ᠵᠢᠤᠠᠬᠦᠬᠦ ᠤᠷᠠᠨ ᠰᠠᠨᠠᠭᠠᠨ ᠵᠢᠭᠦᠷ ᠮᠢᠨᠢ — ᠲᠡᠷᠡ !
ᠲᠡᠷᠡ ᠬᠡᠵᠢᠶᠡᠲᠡ — ᠮᠢᠨᠦᠬᠢ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠮᠢᠭᠮᠡᠷ
ᠬᠢᠨᠠᠭᠴᠢ ᠄ ᠪᠠᠶᠠᠷᠴᠡᠴᠡᠭ
2023 ᠂3 ᠂15 ᠪ ᠡᠲᠦᠷ
