ᠨᠣᠭᠣᠭᠠᠨ ᠲᠠᠯ᠎ᠠ ᠳᠡᠭᠡᠷ᠎ᠡ ᠪᠡᠨ ᠪᠢ ᠬᠡᠪᠲᠡᠬᠦ ᠳᠤᠷᠠᠲᠠᠢ – ᠭᠦᠷᠵᠠᠪ Ногоон тал дээрээ би хэвтэх дуртай    –   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠭᠣᠭᠠᠨ ᠲᠠᠯ᠎ᠠ ᠳᠡᠭᠡᠷ᠎ᠡ ᠪᠡᠨ ᠪᠢ ᠬᠡᠪᠲᠡᠬᠦ ᠳᠤᠷᠠᠲᠠᠢ – ᠭᠦᠷᠵᠠᠪ Ногоон тал дээрээ би хэвтэх дуртай    –   Гүржав

ᠨᠣᠭᠣᠭᠠᠨ ᠲᠠᠯ᠎ᠠ ᠳᠡᠭᠡᠷ᠎ᠡ ᠪᠡᠨ ᠪᠢ ᠬᠡᠪᠲᠡᠬᠦ ᠳᠤᠷᠠᠲᠠᠢ – ᠭᠦᠷᠵᠠᠪ Ногоон тал дээрээ би хэвтэх дуртай    –   Гүржав

2023-03-26

413

ᠨᠣᠭᠣᠭᠠᠨ ᠲᠠᠯ᠎ᠠ ᠳᠡᠭᠡᠷ᠎ᠡ ᠪᠡᠨ ᠪᠢ ᠬᠡᠪᠲᠡᠬᠦ ᠳᠤᠷᠠᠲᠠᠢ


                ᠭᠦᠷᠵᠡᠪ

ᠵᠥᠭᠡᠯᠡᠨ ᠨᠣᠭᠣᠭᠠᠨ ᠥᠩᠭᠡ ᠪᠡᠷ ᠨᠠᠮᠢᠯᠵᠠᠵᠤ
ᠵᠥᠯᠭᠡᠨ ᠰᠡᠪᠡᠭᠦᠨ ᠬᠤᠷ᠎ᠠ ᠪᠠᠷ ᠱᠠᠭᠢᠵᠤ
ᠵᠠᠭᠦᠲᠦᠨ ᠴᠡᠩᠬᠡᠷ ᠠᠮᠢᠰᠬᠤᠯ ᠶ᠋ᠢᠠᠷ  ᠰᠡᠪᠡᠯᠵᠡᠭᠰᠡᠨ
ᠵᠦᠢᠲᠡᠢ ᠨᠣᠭᠣᠭᠠ ᠲᠠᠯ᠎ᠠ ᠳᠡᠭᠡᠷ᠎ᠡ ᠪᠡᠨ
            ᠪᠢ ᠬᠡᠪᠲᠡᠬᠦ ᠳᠤᠷᠠᠲᠠᠢ
ᠬᠥᠪᠡᠭᠡ ᠵᠠᠬ᠎ᠠ ᠦᠭᠡᠢ ᠨᠡᠯᠡᠶ᠋ᠢᠨ ᠴᠠᠶ᠋ᠢᠯᠵᠠᠭᠰᠠᠨ
ᠬᠥᠬᠡ ᠨᠣᠮᠢᠨ ᠲᠩᠷᠢ ᠪᠡᠨ ᠪᠠᠷᠠᠲᠠᠭᠠᠳ
ᠬᠥᠪᠪᠥᠨ ᠂  ᠳᠡᠭᠳᠡᠨ — ᠳᠤᠷ᠎ᠠ ᠪᠠᠷ  ᠶ᠋ᠢᠡᠨ ᠳᠠᠪᠬᠢᠬᠰᠠᠨ
ᠬᠥᠩᠭᠡᠨ ᠴᠠᠭᠠᠨ ᠡᠭᠦᠯᠡᠰ ᠶ᠋ᠢᠡᠨ ᠰᠢᠷᠲᠡᠭᠡᠳ
            ᠪᠢ ᠬᠡᠪᠲᠡᠬᠦ ᠳᠤᠷᠠᠲᠠᠢ
ᠲᠣᠭᠯᠠᠨ ᠂ ᠲᠣᠶ᠋ᠢᠯᠠᠨ ᠂ ᠲᠣᠩᠭᠤᠴᠠᠨ ᠲᠣᠷᠣᠯᠵᠠᠭᠰᠠᠨ  
ᠲᠤᠭᠤᠯ ᠬᠤᠷᠠᠭᠠᠳ ᠦ᠋ᠨ ᠶ᠋ᠢᠠᠨ  ᠰᠦᠷᠦᠭ ᠊ᠢ ᠬᠠᠷᠠᠭᠠᠳ
ᠲᠣᠩ  ᠴᠤ᠌ ᠰᠠᠶ᠋ᠢᠬᠠᠨ ᠶ᠋ᠢᠠᠷ ᠠᠯᠠᠭᠷᠠᠨ ᠢᠷᠠᠯᠵᠠᠭᠰᠠᠨ
ᠲᠣᠷᠭᠠᠨ ᠴᠡᠴᠡᠭᠡᠰ ᠦ᠋ᠨ ᠶ᠋ᠢᠡᠨ ᠥᠨᠥᠷ ᠊ᠢ ᠠᠮᠲᠠᠯᠠᠭᠠᠳ
              ᠪᠢ ᠬᠡᠪᠲᠡᠬᠦ ᠳᠤᠷᠠᠲᠠᠢ
ᠤᠶᠠᠩᠬ᠋᠎ᠠ ᠢᠷᠠᠭᠤ ᠬᠠᠩᠭᠢᠨᠠᠨ ᠳᠠᠭᠤᠷᠢᠰᠤᠭᠰᠠᠨ
ᠣᠯᠠᠨ ᠪᠣᠯᠵᠣᠮᠣᠷ ᠦ᠋ᠨ ᠶ᠋ᠢᠠᠨ ᠳᠠᠭᠤ ᠶ᠋ᠢ ᠴᠢᠩᠨᠠᠭᠠᠳ
ᠤᠷᠬ᠋᠎ᠠ ᠶ᠋ᠢᠨ ᠦᠵᠦᠭᠦᠷ ᠊ᠢ ᠳᠠᠭᠠᠭᠠᠳ  ᠢᠰᠭᠡᠷᠦᠭᠰᠡᠨ
ᠬᠣᠯᠠ ᠶ᠋ᠢᠨ ᠰᠠᠯᠬᠢᠨ ᠪ ᠪᠠᠨ ᠳᠡᠪᠵᠢᠶ᠎ᠡ ᠶ᠋ᠢ ᠵᠠᠶ᠋ᠢᠲᠠᠯᠠᠭᠠᠳ
            ᠪᠢ ᠬᠡᠪᠲᠡᠬᠦ ᠳᠤᠷᠠᠲᠠᠢ ᠁ 
ᠨᠣᠭᠣᠭᠠᠨ ᠲᠠᠯ᠎ᠠ ᠳᠡᠭᠡᠷ᠎ᠡ ᠪᠡᠨ ᠪᠢ ᠬᠡᠪᠲᠡᠬᠦ ᠳᠤᠷᠠᠲᠠᠢ
ᠨᠣᠶ᠋ᠢᠷ ᠶ᠋ᠢᠠᠨ ᠰᠡᠷᠭᠦᠲᠡᠯ᠎ᠡ ᠬᠡᠪᠲᠡᠬᠦ ᠳᠤᠷᠠᠲᠠᠢ
ᠬᠠᠶ᠋ᠢᠷ᠎ᠠ ᠪᠠᠨ ᠰᠢᠩᠭᠡᠲᠡᠯ᠎ᠡ ᠬᠡᠪᠲᠡᠬᠦ ᠳᠤᠷᠠᠲᠠᠢ  
ᠨᠣᠭᠲᠣ ᠬᠠᠵᠠᠭᠠᠷ ᠦᠭᠡᠢ ᠡᠮᠨᠢᠭ ᠬᠥᠯᠥᠭ ᠰᠢᠭ᠌
ᠬᠠᠨᠲᠠᠯ᠎ᠠ ᠂ ᠮᠣᠬᠣᠲᠠᠯ᠎ᠠ ᠬᠥᠷᠪᠡᠬᠦ ᠳᠤᠷᠠᠲᠠᠢ !

 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ 3 ᠰᠠᠷ᠎ᠠ ᠶ᠋ᠢᠨ 15 ᠪ ᠡᠲᠦᠷ ᠃