ᠬᠠᠪᠤᠷᠵᠢᠶᠠᠨ ᠳᠤ ᠮᠠᠨ ᠪ ᠬᠢᠨ ᠨᠡᠭᠦᠨ᠎ᠡ – ᠭᠦᠷᠵᠠᠪ Хаваржаанд манайхан нүүнээ   –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷᠵᠢᠶᠠᠨ ᠳᠤ ᠮᠠᠨ ᠪ ᠬᠢᠨ ᠨᠡᠭᠦᠨ᠎ᠡ – ᠭᠦᠷᠵᠠᠪ Хаваржаанд манайхан нүүнээ   –  Гүржав

ᠬᠠᠪᠤᠷᠵᠢᠶᠠᠨ ᠳᠤ ᠮᠠᠨ ᠪ ᠬᠢᠨ ᠨᠡᠭᠦᠨ᠎ᠡ – ᠭᠦᠷᠵᠠᠪ Хаваржаанд манайхан нүүнээ   –  Гүржав

2023-03-26

335

ᠬᠠᠪᠤᠷᠵᠢᠶᠠᠨ ᠳᠤ ᠮᠠᠨ ᠪ ᠬᠢᠨ ᠨᠡᠭᠦᠨ᠎ᠡ


                ᠭᠦᠷᠵᠠᠪ

 ᠡᠪᠦᠯ ᠦ᠋ᠨ ᠴᠡᠪᠳᠡᠭ — ᠡᠲᠦᠷ ᠦ᠋ᠳ ᠊ᠢ ᠦᠲᠡᠵᠦ
 ᠥᠯᠥᠰᠬᠦ ᠶ᠋ᠢᠨ ᠲᠡᠪᠵᠢᠶᠡᠷᠢ — ᠵᠤᠳ ᠊ᠢ ᠦᠯᠲᠡᠵᠦ
 ᠥᠭᠡᠲᠡᠯᠡᠨ ᠮᠠᠨᠲᠤᠬᠤ ᠪᠣᠲᠣᠯ ᠡᠷᠭᠦᠵᠦ
 ᠥᠯᠵᠡᠢ ᠮᠥᠷ ᠲᠡᠢ ᠵᠦᠭ ᠊ᠢ ᠵᠣᠷᠢᠵᠤ
 ᠬᠠᠪᠤᠷᠵᠢᠶᠠᠨ  ᠳ᠋ᠦ᠍ ᠮᠠᠨ ᠪ ᠬᠢᠨ ᠨᠡᠭᠦᠨ᠎ᠡ
 ᠡᠪᠦᠯᠵᠢᠨ ᠳᠠᠷᠤᠭᠳᠠᠭᠰᠠᠨ ᠲᠣᠭᠣᠰᠣ ᠪᠠᠨ ᠭᠦᠪᠢᠵᠦ
 ᠥᠷᠭᠥᠭᠡ ᠴᠠᠭᠠᠨ ᠭᠡᠷ ᠶ᠋ᠢᠡᠨ ᠲᠡᠭᠡᠭᠡᠵᠦ
 ᠡᠪᠦᠲᠦᠭ᠋ ᠠᠯᠠᠭ ᠱᠠᠷ ᠶ᠋ᠢᠠᠨ ᠪᠠᠷᠢᠵᠤ
 ᠦᠯᠡᠮᠵᠢ ᠠᠴᠢᠶᠠᠲᠦ ᠲᠡᠷᠭᠡᠨ ᠳ᠋ᠡᠭᠡᠨ ᠬᠦᠯᠵᠦ
 ᠬᠠᠪᠤᠷᠵᠢᠶᠠᠨ  ᠳ᠋ᠦ᠍ ᠮᠠᠨ ᠪ ᠬᠢᠨ ᠨᠡᠭᠦᠨ᠎ᠡ
 ᠲᠦᠮᠡᠨ ᠭᠠᠵᠠᠷ ᠦ᠋ᠨ ᠵᠠᠮ ᠬᠥᠭᠡᠭᠡᠵᠦ
 ᠳᠥᠭᠥᠮ ᠦ᠋ᠨ ᠰᠠᠶ᠋ᠢᠬᠠᠨ ᠪᠡᠯᠴᠢᠭᠡᠷ ᠰᠣᠩᠭᠣᠵᠤ
 ᠲᠦᠭᠡᠮᠡᠯ ᠪᠠᠲᠠᠷᠠᠯᠲᠤ — ᠪᠠᠭᠤᠴᠠ ᠰᠢᠨᠵᠢᠵᠦ
 ᠲᠥᠯ ᠦ᠋ᠨ ᠭᠣᠶᠣᠬᠠᠨ ᠲᠠᠭᠤ ᠴᠢᠩᠨᠠᠵᠤ
 ᠬᠠᠪᠤᠷᠵᠢᠶᠠᠨ  ᠳ᠋ᠦ᠍ ᠮᠠᠨ ᠪ ᠬᠢᠨ ᠨᠡᠭᠦᠨ᠎ᠡ
 ᠡᠪ ᠦ᠋ᠨ  ᠴᠠᠶ᠋ᠢᠯᠭᠠᠬᠠᠨ ᠰᠡᠤᠠᠬᠢᠯ ᠬᠠᠯᠭᠢᠭᠤᠯᠵᠤ
 ᠡᠩᠬᠡ ᠶ᠋ᠢᠨ ᠮᠡᠨᠲᠦᠬᠡᠨ ᠤᠶᠠᠩᠬ᠋᠎ᠠ  ᠴᠠᠯᠭᠢᠭᠤᠯᠵᠤ
 ᠡᠯᠪᠡᠭ ᠡᠰᠡᠷᠡᠭᠬᠡᠨ  ᠢᠷᠥᠭᠡᠯ ᠲᠠᠯᠪᠢᠭᠤᠯᠵᠤ
 ᠡᠯᠲᠡᠩ ᠠᠭᠤᠵᠢᠮᠬᠠᠨ ᠰᠡᠤᠠᠬᠢᠯ ᠲᠦᠰᠢᠵᠦ
 ᠬᠠᠪᠤᠷᠵᠢᠶᠠᠨ  ᠳ᠋ᠦ᠍ ᠮᠠᠨ ᠪ ᠬᠢᠨ ᠨᠡᠭᠦᠨ᠎ᠡ

 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠃
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠳᠠᠰᠢᠮ᠎ᠠ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ15 ᠪ ᠡᠲᠦᠷ ᠃