ᠲᠥᠷᠥᠯᠬᠢ ᠬᠡᠯᠡ- ᠰ ᠪᠥᠬᠡᠴᠢᠯᠠᠭᠤТөрөлх хэл-с бөхчлуу
ᠲᠥᠷᠥᠯᠬᠢ ᠬᠡᠯᠡ
ᠵᠣᠬᠢᠶᠠᠭᠴᠢ᠄ ᠰ · ᠪᠥᠬᠡᠴᠢᠯᠠᠭᠤ
ᠤᠶᠠᠩᠭᠠᠯᠠᠭᠴᠢ᠄ ᠣᠳᠬᠠᠨᠰᠣ᠎ᠠ
ᠢᠯᠭᠤᠮ ᠰᠠᠢᠬᠠᠨ ᠮᠣᠩᠭᠣᠯ ᠬᠡᠯᠡ ᠪᠡᠨ
ᠢᠮᠠᠭᠲᠠ ᠪᠢ ᠬᠠᠢᠷᠠᠯᠠᠳᠠᠭ ᠪᠣᠯᠬᠣᠷ
ᠢᠷᠠᠭᠤ ᠨᠠᠢᠷᠠᠭ ᠤ᠋ᠨ ᠪᠠᠶᠠᠨ ᠰᠠᠩ ᠳ᠋ᠤ᠌
ᠶᠠᠭᠠᠬᠢᠭᠰᠠᠨ ᠴᠤ᠌ ᠲᠡᠭᠦᠨ ᠦ᠌ ᠪᠡᠨ ᠮᠠᠭᠲᠠᠭᠠᠯ ᠢ᠋ ᠨᠡᠮᠡᠨ᠎ᠡ᠃
ᠮᠥᠩᠭᠥ ᠰᠢᠭ᠌ ᠴᠠᠢᠯᠭᠠᠨ ᠠᠰᠪᠤᠷ ᠰᠡᠳᠬᠢᠯ ᠲᠡᠢ
ᠮᠥᠷᠡᠨ ᠰᠢᠭ᠌ ᠥᠷᠭᠡᠨ ᠳᠡᠯᠭᠡᠷ ᠮᠡᠳᠡᠯᠭᠡ ᠲᠡᠢ
ᠮᠥᠴᠢᠷ ᠰᠢᠭ᠌ ᠠᠷᠢᠭᠤᠨ ᠴᠡᠪᠡᠷ ᠬᠦᠰᠡᠯᠡᠩ ᠲᠡᠢ
ᠮᠥᠩᠬᠡᠳᠡ ᠢᠯᠠᠭᠤᠬᠤ ᠡᠷᠡᠯᠬᠡᠭ ᠮᠣᠩᠭᠣᠯᠴᠤᠳ
ᠲᠦᠮᠡ ᠪᠣᠮᠨᠨ ᠡᠷᠳᠡᠨᠢ ᠶ᠋ᠢᠨ ᠣᠨᠢᠰᠣ ᠶ᠋ᠢ
ᠲᠥᠷᠥᠯᠬᠢ ᠬᠡᠯᠡ ᠪᠡᠷ ᠢ᠋ᠶ᠋ᠡᠨ ᠨᠡᠭᠡᠭᠡᠭᠰᠡᠨ ᠶᠤᠮ
ᠲᠡᠦᠬᠡ ᠱᠠᠰᠲᠢᠷ ᠤ᠋ᠨ ᠠᠯᠲᠠᠨ ᠲᠣᠪᠴᠢᠶ᠎ᠠ ᠶ᠋ᠢ
ᠲᠥᠷᠥᠯᠬᠢ ᠬᠡᠯᠡ ᠪᠡᠷ ᠢ᠋ᠶ᠋ᠡᠨ ᠪᠢᠴᠢᠭᠯᠡᠭᠰᠡᠨ ᠶᠤᠮ ᠃
ᠰᠣᠷᠭᠣᠭ ᠰᠠᠢᠬᠠᠨ ᠮᠣᠩᠭᠣᠯ ᠬᠡᠯᠡ
ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ ᠠ᠋!
ᠰᠣᠶᠣᠯ ᠤ᠋ᠨ ᠬᠦᠷᠢᠶᠡᠯᠡᠩ ᠳ᠋ᠦ᠍ ᠳᠤᠷᠠᠰᠬᠠᠯ ᠲᠠᠢ ᠬᠡᠯᠡ
ᠰᠣᠩᠭᠣᠳᠠᠭ ᠵᠣᠬᠢᠶᠠᠯ ᠤ᠋ᠨ ᠥᠪ ᠲᠡᠢ ᠬᠡᠯᠡ ᠠ᠋!
ᠬᠠᠷᠢ ᠶ᠋ᠢᠨ ᠨᠥᠯᠦᠭᠡᠨ ᠳ᠋ᠦ᠍ ᠬᠠᠢᠯᠤᠭᠳᠠᠬᠤ ᠦᠭᠡᠢ ᠬᠡᠯᠡ
ᠬᠠᠷᠢᠶᠠᠯ ᠪᠠᠯᠠᠮᠠᠳᠯᠠᠯ ᠳ᠋ᠤ᠌ ᠳᠠᠷᠤᠭᠳᠠᠬᠤ ᠦᠭᠡᠢ ᠬᠡᠯᠡ
ᠬᠠᠷ᠎ᠠ ᠰᠠᠨᠠᠭᠠᠲᠠᠨ ᠳ᠋ᠤ᠌ ᠨᠢᠴᠤᠭᠠᠭᠳᠠᠬᠤ ᠦᠭᠡᠢ ᠬᠡᠯᠡ
ᠬᠠᠯᠠᠭᠤᠨ ᠡᠯᠢᠭᠡᠳᠡᠨ ᠳ᠋ᠦ᠍ ᠬᠠᠶᠠᠭᠳᠠᠬᠤ ᠦᠭᠡᠢ ᠬᠡᠯᠡ
ᠡᠯᠪᠡᠭ ᠢ᠋ᠶ᠋ᠡᠨ ᠳᠡᠯᠡᠬᠡᠢ ᠳ᠋ᠦ᠍ ᠭᠠᠢᠬᠠᠭᠤᠯᠤᠭᠰᠠᠨ
ᠡᠷᠳᠡᠮ ᠢ᠋ᠶ᠋ᠡᠨ ᠳᠠᠶᠠᠩ ᠳ᠋ᠤ᠌ ᠲᠦᠭᠡᠭᠡᠭᠰᠡᠨ
ᠡᠭᠡᠰᠢᠭᠯᠡᠵᠦ ᠤᠶᠠᠩᠭᠠᠯᠠᠬᠤ ᠳ᠋ᠤ᠌ ᠨᠠᠢᠷᠠᠮᠵᠢᠲᠠᠢ
ᠡᠪᠯᠡᠵᠦ ᠣᠷᠴᠢᠭᠤᠯᠬᠤ ᠳ᠋ᠤ᠌ ᠪᠠᠭᠲᠠᠭᠠᠮᠵᠢᠲᠠᠢ
ᠢᠷᠠᠭᠤ ᠨᠠᠢᠷᠠᠭ ᠤ᠋ᠨ ᠦᠨᠡᠲᠦ ᠬᠥᠷᠥᠩᠭᠡ
ᠢᠮᠠᠭᠲᠠ ᠰᠤᠷᠤᠯᠴᠠᠬᠤ ᠰᠠᠭᠤᠷᠢ ᠬᠢᠴᠢᠶᠡᠯ!
ᠢᠯᠭᠤᠮ ᠰᠠᠢᠬᠠᠨ ᠮᠣᠩᠭᠣᠯ ᠬᠡᠯᠡ
ᠢᠯᠠᠭᠤᠭᠰᠠᠨ ᠮᠠᠨ ᠤ᠋ ᠲᠥᠷᠥᠯᠬᠢ ᠬᠡᠯᠡ ᠠ᠋!
ᠪᠠᠳᠠᠷᠠᠮ᠎ᠠ ᠰᠠᠢᠬᠠᠨ ᠮᠣᠩᠭᠣᠯ ᠬᠡᠯᠡ ᠪᠡᠨ
ᠪᠠᠶᠠᠯᠢᠭᠵᠢᠭᠤᠯᠵᠤ ᠬᠥᠭᠵᠢᠭᠦᠯᠬᠦ ᠨᠢ ᠪᠢᠳᠡᠨ ᠦ᠌ ᠡᠭᠦᠷᠭᠡ
ᠪᠠᠬ᠎ᠠ ᠶ᠋ᠢ ᠲᠠᠲᠠᠭᠰᠠᠨ ᠲᠥᠷᠥᠯᠬᠢ ᠬᠡᠯᠡ ᠪᠡᠨ
ᠪᠠᠷᠢᠮᠲᠠᠯᠠᠵᠤ ᠬᠠᠮᠠᠭᠠᠯᠠᠬᠤ ᠨᠢ ᠮᠠᠨ ᠤ᠋ ᠡᠷᠬᠡ!
ᠦᠰᠦᠭ ᠠᠮᠢᠯᠠᠭᠤᠯᠤᠭᠴᠢ ᠄ ᠣᠳᠬᠠᠨᠰᠣ᠎ᠠ
ᠦᠰᠦᠭ ᠬᠠᠲᠠᠭᠴᠢ᠄ ᠰᠣᠳᠣ
ᠬᠢᠨᠠᠭᠴᠢ ᠄ ᠠᠢ ᠵᠢᠶᠦ᠋ᠨ
※ ᠢᠷᠡᠯᠲᠡ᠄1983 ᠣᠨ ᠤ᠋ ᠪᠦᠬᠦᠯᠢ ᠡᠳᠦᠷ ᠦ᠋ᠨ ᠠᠷᠪᠠᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ ᠬᠡᠯᠡ ᠪᠢᠴᠢᠭ ᠨᠠᠢ᠍ᠮᠠᠳᠤᠭᠠᠷ ᠳᠡᠪᠲᠡᠷ
ᠭᠠᠷᠴᠠᠭ—《ᠮᠣᠩᠭᠣᠯ ᠬᠡᠯᠡ》 ᠭᠡᠵᠦ ᠪᠠᠢᠵᠠᠢ᠃
