ᠣᠴᠢᠵᠤ ᠶᠠᠪᠤᠨ᠎ᠠ ᠴᠢᠮ᠎ᠠ ᠤᠷᠤᠭᠤ ᠪᠠᠨ- ᠤ᠋ ᠪᠠᠶᠠᠨᠳᠠᠯᠠᠢОчиж явна чам руугаа-о баяндалай
ᠣᠴᠢᠵᠤ ᠶᠠᠪᠤᠨ᠎ᠠ ᠴᠢᠮ᠎ᠠ ᠤᠷᠤᠭᠤ ᠪᠠᠨ
ᠦᠭᠡ ᠂
ᠠᠶ᠎ᠠ ᠄ ᠶ · ᠪᠠᠶᠠᠷᠮᠠᠩᠨᠠᠢ
ᠳᠠᠭᠤᠴᠢᠨ ᠄ ᠤ᠋ · ᠪᠠᠶᠠᠨᠳᠠᠯᠠᠢ
ᠪᠣᠭᠣᠨᠢᠬᠠᠨ ᠬᠣᠷᠣᠮ ᠤ᠋ᠨ ᠭᠠᠵᠠᠷ ᠲᠤ᠌
ᠲᠦᠭᠵᠢᠷᠡᠭᠡᠳ ᠪᠠᠶ᠋ᠢᠭ᠎ᠠ ᠪᠣᠯᠬᠣᠷ
ᠪᠣᠯᠵᠣᠭᠰᠠᠨ ᠭᠠᠵᠠᠷ ᠤᠷᠤᠭᠤ ᠪᠠᠨ
ᠶᠠᠭᠠᠷᠠᠭᠠᠳ ᠪᠠᠶ᠋ᠢᠭ᠎ᠠ ᠪᠣᠯᠬᠣᠷ
ᠪᠣᠷᠣᠬᠠᠨ ᠵᠢᠷᠦᠬᠡ
ᠮᠢᠨᠢ ᠬᠠᠶ᠋ᠢᠷᠠᠨ ᠳᠤ ᠪᠠᠨ
ᠪᠤᠴᠠᠯᠤᠭᠠᠳ ᠪᠠᠶ᠋ᠢᠭ᠎ᠠ ᠪᠣᠯᠬᠣᠷ ᠢ᠋ᠶ᠋ᠠᠨ
ᠪᠡᠶ᠎ᠡ ᠪᠠᠶᠠᠨ ᠤᠷᠤᠭᠤ ᠪᠠᠨ ᠪᠢᠳᠡ ᠲᠡᠮᠡᠦᠯᠦᠭᠡᠳ ᠪᠠᠶ᠋ᠢᠭ᠎ᠠ ᠶᠤᠮ ᠪᠣᠯᠪᠠ ᠤᠤ
ᠣᠴᠢᠵᠤ ᠶᠠᠪᠤᠨ᠎ᠠ
ᠴᠢᠮ᠎ᠠ ᠤᠷᠤᠭᠤ ᠪᠠᠨ
ᠣᠴᠢᠵᠤ ᠶᠠᠪᠤᠨ᠎ᠠ ᠪᠢ
ᠴᠢᠮ᠎ᠠ ᠳᠤ ᠪᠠᠨ
ᠬᠠᠷᠢᠵᠤ ᠯᠠ ᠶᠠᠪᠤᠨ᠎ᠠ
ᠴᠢᠮ᠎ᠠ ᠤᠷᠤᠭᠤ ᠪᠠᠨ
ᠬᠠᠶ᠋ᠢᠷᠠᠲᠠᠢ ᠴᠢᠮ᠎ᠠ ᠳᠤ ᠪᠠᠨ ᠣᠴᠢᠵᠤ ᠶᠠᠪᠤᠨ᠎ᠠ
ᠡᠨᠡᠭᠦᠬᠡᠨ ᠬᠣᠶᠠᠷ ᠤ᠋ᠨ ᠬᠣᠭᠣᠷᠣᠨᠳᠣ ᠲᠦᠭᠵᠢᠷᠡᠭᠡᠳ ᠪᠠᠶ᠋ᠢᠭ᠎ᠠ ᠪᠣᠯᠬᠣᠷ
ᠡᠮᠵᠡᠭ ᠨᠠᠨᠳᠢᠨ
ᠳᠤᠷᠠᠯᠠᠯ ᠳᠤ ᠪᠠᠨ
ᠶᠠᠭᠠᠷᠠᠭᠠᠳ ᠪᠠᠶ᠋ᠢᠭ᠎ᠠ ᠪᠣᠯᠬᠣᠷ
ᠡᠨᠡᠬᠡᠨ ᠵᠢᠷᠦᠬᠡ ᠮᠢᠨᠢ ᠬᠠᠶ᠋ᠢᠷᠠᠨ ᠳᠤ ᠪᠠᠨ
ᠳᠡᠪᠡᠷᠡᠭᠡᠳ ᠪᠠᠶ᠋ᠢᠭ᠎ᠠ ᠪᠣᠯᠬᠣᠷ ᠢ᠋ᠶ᠋ᠠᠨ
ᠡᠩᠬᠦᠷᠡᠢ ᠬᠥᠭᠡᠷᠦᠬᠦᠨ
ᠴᠢᠮ᠎ᠠ ᠶ᠋ᠢ ᠪᠡᠨ
ᠶᠡᠬᠡ ᠯᠡ ᠬᠦᠰᠡᠭᠡᠳ ᠪᠠᠶ᠋ᠢᠭ᠎ᠠ ᠶᠤᠮ ᠪᠣᠯᠪᠠ ᠤᠤ
ᠳᠠᠭᠢᠯᠲᠠ
ᠬᠣᠷᠣᠮᠬᠠᠨ ᠵᠠᠭᠤᠷ᠎ᠠ ᠶ᠋ᠢᠨ ᠭᠠᠵᠠᠷ ᠲᠤ᠌
ᠲᠦᠭᠵᠢᠷᠡᠭᠡᠳ ᠪᠠᠶ᠋ᠢᠭ᠎ᠠ ᠪᠣᠯᠬᠣᠷ
ᠬᠣᠷᠸ᠋᠎ᠠ ᠳᠤ ᠭᠠᠭᠴᠠᠬᠠᠨ ᠴᠢᠮ᠎ᠠ
ᠤᠷᠤᠭᠤ ᠪᠠᠨ ᠶᠠᠭᠠᠷᠠᠭᠠᠳ ᠪᠠᠶ᠋ᠢᠭ᠎ᠠ ᠪᠣᠯᠬᠣᠷ
ᠬᠠᠯᠠᠭᠤᠬᠠᠨ ᠵᠢᠷᠦᠬᠡ
ᠮᠢᠨᠢ ᠬᠠᠶ᠋ᠢᠷᠠᠨ ᠳᠤ ᠪᠠᠨ
ᠪᠤᠴᠠᠯᠤᠭᠠᠳ ᠪᠠᠶ᠋ᠢᠭ᠎ᠠ ᠪᠣᠯᠬᠣᠷ ᠢ᠋ᠶ᠋ᠠᠨ
ᠬᠣᠶᠠᠷ ᠪᠠᠶᠠᠨ ᠤᠷᠤᠭᠤ ᠪᠠᠨ ᠬᠣᠷᠭᠣᠳᠠᠭᠠᠳ ᠯᠠ ᠪᠠᠶ᠋ᠢᠭ᠎ᠠ ᠶᠤᠮ ᠪᠣᠯᠪᠠ ᠤᠤ
ᠳᠠᠬᠢᠯᠲᠠ
ᠣᠴᠢᠵᠤ ᠶᠠᠪᠤᠨ᠎ᠠ
ᠴᠢᠮ᠎ᠠ ᠤᠷᠤᠭᠤ ᠪᠠᠨ
ᠣᠴᠢᠵᠤ ᠶᠠᠪᠤᠨ᠎ᠠ ᠪᠢ
ᠴᠢᠮ᠎ᠠ ᠳᠤ ᠪᠠᠨ
ᠬᠠᠷᠢᠵᠤ ᠯᠠ ᠶᠠᠪᠤᠨ᠎ᠠ
ᠴᠢᠮ᠎ᠠ ᠤᠷᠤᠭᠤ ᠪᠠᠨ
ᠬᠠᠶ᠋ᠢᠷᠠᠲᠠᠢ ᠴᠢᠮ᠎ᠠ ᠳᠤ ᠪᠠᠨ ᠶᠠᠭᠠᠷᠠᠵᠤ ᠶᠠᠪᠤᠨ᠎ᠠ
ᠦᠰᠦᠭ ᠬᠠᠲᠠᠭᠰᠠᠨ ᠨᠢ ᠄ ᠬᠠᠲᠠᠴᠢ ·ᠤᠷᠠᠨ᠎ᠠ
ᠦᠰᠦᠭ ᠠᠮᠢᠯᠠᠭᠤᠯᠤᠭᠴᠢ ᠄ᠬᠠᠲᠠᠴᠢ ·ᠤᠷᠠᠨ᠎ᠠ
ᠬᠢᠨᠠᠭᠴᠢ ᠄ᠰᠡᠷᠭᠦᠯᠡᠩ ᠂ ᠠ᠊᠂ ᠰᠠᠷᠠᠩᠭᠡᠷᠡᠯ
