ᠰᠠᠷᠠᠭᠤᠯ ᠮᠡᠷᠭᠡᠨ ᠢᠨᠵᠠᠨᠨᠠᠰᠢ - ᠣ ᠳᠠᠰᠢᠪᠠᠯᠪᠠᠷСаруул мэргэн инжиннаши-о дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠭᠤᠯ ᠮᠡᠷᠭᠡᠨ ᠢᠨᠵᠠᠨᠨᠠᠰᠢ - ᠣ ᠳᠠᠰᠢᠪᠠᠯᠪᠠᠷСаруул мэргэн инжиннаши-о дашбалбар

ᠰᠠᠷᠠᠭᠤᠯ ᠮᠡᠷᠭᠡᠨ ᠢᠨᠵᠠᠨᠨᠠᠰᠢ - ᠣ ᠳᠠᠰᠢᠪᠠᠯᠪᠠᠷСаруул мэргэн инжиннаши-о дашбалбар

2023-03-25

392

ᠰᠠᠷᠠᠭᠤᠯ ᠮᠡᠷᠭᠡᠨ ᠢᠨᠵᠠᠨᠨᠠᠰᠢ

᠂ ᠳᠠᠰᠢᠪᠠᠯᠪᠠᠷ 

ᠰᠠᠷᠠᠭᠤᠯ ᠮᠡᠷᠭᠡᠨ ᠢᠨᠵᠠᠨᠨᠠᠰᠢ ᠠᠯᠢ ᠨᠢᠭᠡᠨ ᠴᠢᠯᠠᠭᠤ ᠭᠢᠰᠬᠢᠵᠦ 

ᠰᠠᠷᠠᠨ ᠤ ᠳᠣᠣᠷ᠎ᠠ ᠬᠠᠮᠢᠭ᠎ᠠ ᠠᠯᠬᠤᠵᠤ ᠶᠠᠪᠤᠭᠰᠠᠨ ᠶᠤᠮ ᠪᠣᠯ ᠳ᠋ᠠ

ᠲᠡᠭᠦᠨ ᠤ ᠪᠢ ᠨᠠᠮᠤᠷ ᠠᠴᠠ ᠂ ᠦᠨᠳᠦᠰᠦᠨ ᠠᠴᠠ ᠂ ᠡᠯᠢᠨ ᠬᠠᠯᠢᠬᠤ ᠬᠠᠷᠢᠶᠠᠴᠠᠢ ᠠᠴᠠ 

ᠲᠦᠷᠭᠡᠨ ᠤᠷᠤᠰᠬᠠᠯᠲᠤ ᠭᠣᠣᠯ ᠠᠴᠠ ᠂ ᠰᠥᠨᠢ ᠶᠢᠨ ᠭᠡᠷᠡᠯᠲᠦ ᠴᠣᠬᠣ ᠠᠴᠠ ᠡᠷᠢᠨᠡᠮ 

 

ᠬᠡᠭᠡᠨ ᠮᠡᠷᠭᠡᠨ ᠢᠨᠵᠠᠨᠨᠠᠰᠢ ᠶᠠᠮᠠᠷᠬᠠᠨ ᠴᠡᠴᠡᠭᠡᠰ ᠢ ᠲᠠᠭᠠᠯᠠᠵᠤ 

ᠬᠡᠷᠡᠯ ᠲᠤᠶᠠᠭᠠᠨ ᠳᠣᠣᠷ᠎ᠠ ᠶᠠᠭᠤ ᠪᠣᠳᠣᠵᠤ ᠶᠠᠪᠤᠭᠰᠠᠨ ᠶᠤᠮ ᠪᠣᠯ ᠳ᠋ᠠ

ᠲᠡᠭᠦᠨ ᠢ ᠪᠢ ᠨᠣᠮ ᠠᠴᠠ ᠂ ᠬᠥᠮᠦᠨ ᠤ ᠬᠠᠷᠠᠴᠠ ᠠᠴᠠ ᠂ ᠥᠪᠡᠷ ᠤᠨ ᠢᠶᠠᠨ ᠰᠡᠳᠬᠢᠯ ᠠᠴᠠ 

ᠲᠡᠦᠬᠡ ᠶᠢᠨ ᠰᠢᠪᠡᠨᠡᠭᠡ ᠂ ᠡᠷᠲᠡᠨ ᠤ ᠪᠠᠯᠭᠠᠰᠤ ᠠᠴᠠ ᠂ ᠦᠳᠡᠰᠢ ᠶᠢᠨ ᠥᠯᠢᠭᠡᠷ ᠠᠴᠠ ᠡᠷᠢᠨᠡᠮ 

 

ᠲᠡᠭᠦᠰ ᠤᠬᠠᠭᠠᠨᠲᠤ ᠢᠨᠵᠠᠨᠨᠠᠰᠢ ᠶᠠᠮᠪᠠᠷ ᠪᠦᠰᠡᠭᠦᠢ ᠳᠤ ᠲᠡᠰᠴᠦ 

ᠲᠥᠷᠥᠯᠬᠢ ᠨᠤᠲᠤᠭ ᠤᠨ ᠢᠶᠠᠨ ᠶᠠᠮᠪᠠᠷ ᠰᠥᠨᠢ ᠶᠢ ᠴᠡᠩᠬᠡᠭᠦᠯᠡᠭᠡ ᠪᠣᠯ

ᠲᠡᠭᠦᠯᠳᠡᠷ ᠰᠢᠯᠦᠭ ᠤᠨ ᠢᠶᠠᠨ ᠶᠠᠮᠪᠠᠷ ᠮᠥᠷ ᠢ ᠲᠠᠷᠯᠠᠵᠤ 

ᠲᠥᠷᠥᠭᠰᠡᠨ ᠬᠡᠷ ᠤᠨ ᠶᠠᠮᠪᠠᠷ ᠪᠠᠭᠤᠷᠢᠨ ᠳᠤ ᠲᠣᠭᠯᠠᠭ᠎ᠠ ᠪᠣᠯ

 

ᠮᠣᠩᠭᠣᠯ ᠬᠡᠯᠡᠨ ᠤ ᠡᠷᠲᠡᠨ᠎ᠡ ᠦᠭᠡᠰ ᠤᠨ ᠰᠠᠩ ᠳᠤ ᠨᠤᠲᠤᠭᠯᠠᠵᠤ 

ᠮᠣᠷᠢᠨ ᠬᠤᠭᠤᠷ ᠤᠨ ᠡᠬᠡᠰᠢᠭ - ᠡᠮᠵᠡᠭ ᠦᠨᠡᠨ ᠳᠤ ᠨᠠᠢᠷᠰᠠᠵᠤ 

ᠬᠥᠬᠡ ᠰᠤᠳᠤᠷ ᠤᠨ ᠰᠤᠪᠤᠳ ᠦᠰᠦᠭ ᠢ ᠣᠨ ᠳᠠᠷᠠᠭᠠᠯᠠᠯ ᠳᠤ ᠰᠢᠭᠢᠳᠬᠡᠵᠦ 

ᠬᠥᠰᠢᠶ᠎ᠡ ᠳᠤᠷᠠᠰᠬᠠᠯ ᠢᠶᠠᠨ ᠪᠠᠳᠮᠠᠷᠠᠭ ᠪᠠᠳᠠᠭ ᠢᠶᠠᠷ ᠪᠤᠰᠬᠠᠵᠤᠬᠤᠢ ᠃ 

 

ᠨᠠᠮᠤᠷ ᠤᠨ ᠨᠠᠪᠴᠢ ᠰᠢᠭ᠋ ᠰᠢᠯᠦᠭ ᠨᠢ ᠢᠨᠵᠠᠨᠨᠠᠰᠢ ᠶᠢᠨ ᠠᠮᠢᠰᠬᠤᠯ ᠲᠠᠢ 

ᠨᠠᠳᠠ ᠦᠭᠡ ᠦᠨᠦᠷᠯᠡᠭᠦᠯᠵᠦ ᠠᠮᠲᠠᠯᠠᠭᠤᠯᠤᠭᠰᠠᠨ ᠨᠢ ᠠᠯᠠᠭᠠᠨ  ᠤ ᠬᠡ ᠰᠢᠭ 

ᠡᠨᠡ ᠳᠡᠯᠡᠬᠡᠷ ᠳᠡᠭᠡᠷ᠎ᠡ ᠢᠷᠡᠭᠡᠳ ᠲᠡᠭᠦᠨ ᠤ ᠰᠢᠯᠦᠭ ᠢ ᠤᠩᠰᠢᠨ᠎ᠠ ᠭᠡᠳᠡᠭ 

ᠡᠷᠳᠡᠨᠢ ᠶᠢᠨ ᠴᠢᠯᠠᠭᠤᠨ ᠳᠡᠭᠡᠷ᠎ᠡ ᠰᠠᠭᠤᠭᠠᠳ ᠠᠯᠲᠠᠨ ᠠᠶᠠᠭᠠᠨ ᠠᠴᠠ ᠤᠤᠭᠤᠬᠤ ᠮᠡᠲᠦ ᠠ᠋ 

     1984 ᠣᠨ