ᠰᠠᠢᠨ ᠡᠷ᠎ᠡ ᠶᠢᠨ ᠰᠦᠬᠡ – ᠷᠠᠳᠨᠠᠪᠠᠽᠠᠷ Сайн эрийн сүх – Раднаабазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠡᠷ᠎ᠡ ᠶᠢᠨ ᠰᠦᠬᠡ – ᠷᠠᠳᠨᠠᠪᠠᠽᠠᠷ Сайн эрийн сүх – Раднаабазар

ᠰᠠᠢᠨ ᠡᠷ᠎ᠡ ᠶᠢᠨ ᠰᠦᠬᠡ – ᠷᠠᠳᠨᠠᠪᠠᠽᠠᠷ Сайн эрийн сүх – Раднаабазар

2023-03-25

339

ᠰᠠᠢᠨ ᠡᠷ᠎ᠡ ᠶᠢᠨ ᠰᠦᠬᠡ


                ᠷᠠᠳᠨᠠᠪᠠᠽᠠᠷ

ᠲᠦᠰᠢ ᠲᠡᠮᠦᠷ ᠲᠦ ᠳᠠᠪᠲᠠᠭᠳᠠᠭᠰᠠᠭᠠᠷ ᠪᠠᠶ᠋ᠢᠵᠤ
ᠭᠠᠩ ᠰᠦᠬᠡ ᠪᠣᠯᠤᠭᠰᠠᠨ ᠶᠤᠮ
ᠲᠦᠭᠦᠬᠡᠢ ᠴᠢᠯᠠᠭᠤᠨ  ᠳ᠋ᠦ᠍  ᠪᠢᠯᠡᠭᠦᠳᠡᠭᠰᠡᠭᠡᠷ ᠪᠠᠶ᠋ᠢᠵᠤ
ᠬᠤᠷᠴᠠ ᠰᠦᠬᠡ ᠪᠣᠯᠤᠭᠰᠠᠨ ᠶᠤᠮ
ᠶᠠᠰᠤᠯᠢᠬ ᠳᠠᠩᠰᠠᠨ  ᠳ᠋ᠦ᠍ ᠡᠰᠢᠯᠡᠭᠳᠡᠨ ᠪᠠᠶ᠋ᠢᠵᠤ
ᠭᠠᠷ ᠰᠦᠬᠡ ᠪᠣᠯᠤᠭᠰᠠᠨ ᠶᠤᠮ
ᠢᠷ ᠳᠤᠬᠤᠨ ᠪ ᠪᠠᠨ ᠣᠨᠴᠠ ᠡᠷᠲᠡᠮ ᠶ᠋ᠢᠡᠷ
ᠬᠤᠪᠢᠯᠭᠠᠨ ᠰᠦᠬᠡ ᠪᠣᠯᠤᠭᠰᠠᠨ ᠶᠤᠮ ᠃

ᠵᠡᠷᠯᠢᠭ ᠪᠤᠲᠠ ᠶ᠋ᠢ ᠲᠡᠭᠦᠵᠦ ᠬᠠᠲᠤᠬᠤ  ᠳ᠋ᠦ᠍
ᠭᠠᠶ᠋ᠢᠭᠤᠢ ᠬᠣᠶᠠᠷ ᠳᠣᠶᠢᠬᠤ ᠦᠭᠡᠢ
ᠵᠢᠰᠢᠭᠦᠦ ᠰᠠᠯᠠᠬ᠋᠎ᠠ ᠶ᠋ᠢ ᠵᠠᠰᠠᠵᠤ ᠱᠤᠯᠤᠬᠤ  ᠳ᠋ᠦ᠍
ᠭᠠᠭᠴᠠ ᠠ᠋ᠴᠠ ᠢᠯᠡᠭᠦᠦ ᠴᠠᠪᠴᠢᠬᠤ ᠦᠭᠡᠢ
ᠬᠥᠨᠲᠡᠢ ᠦᠵᠢᠷᠡᠭᠰᠡᠨ ᠬᠤᠪᠠᠬᠠᠢ ᠮᠣᠲᠣᠨ  ᠳ᠋ᠦ᠍
ᠠᠷᠤ ᠳᠤᠬᠤ ᠪᠠᠷ ᠶ᠋ᠢᠠᠨ  ᠵᠥᠪᠯᠡᠴᠢᠭᠡᠳᠡᠭ
ᠬᠥᠰᠡᠷ ᠬᠠᠶᠠᠭᠲᠠᠭᠰᠠᠨ ᠲᠦᠯᠡᠭᠡ ᠡᠪᠡᠰᠦᠨ  ᠳ᠋ᠦ᠍
ᠠᠯᠠᠬ᠋᠎ᠠ ᠲᠦᠭᠦᠰᠢ ᠪᠡᠷ ᠶ᠋ᠢᠡᠨ  ᠢᠷᠯᠡᠴᠢᠭᠡᠳᠡᠭ ᠃

ᠡᠰᠢᠯᠡᠵᠦ ᠴᠢᠲᠠᠬᠤ ᠦᠭᠡᠢ ᠬᠥᠮᠦᠨ  ᠳ᠋ᠦ᠍
ᠪᠠᠷᠢᠭᠤᠯ ᠡᠷᠢᠵᠦ ᠶᠠᠪᠤᠬᠤ ᠦᠭᠡᠢ
ᠡᠷᠭᠢᠭᠦᠯᠵᠦ ᠴᠢᠲᠠᠬᠤ ᠦᠭᠡᠢ ᠬᠥᠮᠦᠨ  ᠳ᠋ᠦ᠍
ᠪᠢᠯᠡᠭᠦᠦ ᠰᠤᠷᠠᠵᠤ ᠶᠠᠪᠤᠬᠤ ᠦᠭᠡᠢ
ᠰᠠᠶ᠋ᠢᠬᠠᠨ ᠪᠢᠯᠡᠭᠦᠦ ᠲᠣᠬᠢᠶᠠᠵᠤ ᠲᠠᠭᠠᠷᠠᠪᠠᠯ
ᠪᠤᠶ᠋ᠢᠯᠠᠲᠤᠵᠤ ᠮᠣᠬᠣᠵᠤ ᠶᠠᠪᠤᠬᠤ ᠦᠭᠡᠢ
ᠰᠠᠢᠨ ᠴᠠᠤᠠᠲᠠᠯ᠎ᠠ ᠢᠷ ᠰᠠᠭᠤᠯᠭᠠᠪᠠᠯ
ᠪᠠᠷᠢᠯᠠᠵᠤ ᠪᠢᠰᠢᠭᠦᠷᠬᠡᠵᠦ ᠶᠠᠪᠤᠬᠤ ᠦᠭᠡᠢ

ᠭᠠᠷᠮᠠᠭᠠᠢ ᠰᠠᠢᠨ ᠡᠵᠡᠨ ᠲᠠᠭᠠᠷᠠᠪᠠᠯ
ᠣᠮᠣᠭ ᠪᠠᠷᠲᠠᠮ ᠶᠠᠪᠤᠬᠤ ᠨᠢ ᠦᠨᠡᠨ
ᠭᠠᠩ ᠰᠢᠷᠬᠡᠭ ᠲᠡᠢ ᠮᠣᠲᠣ ᠲᠠᠭᠠᠷᠠᠭᠰᠠᠨ  ᠴᠤ᠌
ᠭᠠᠷ ᠦ᠋ᠨ ᠠᠶ᠎ᠠ ᠪᠠᠷ  ᠰᠡᠭᠴᠢᠬᠦ ᠨᠢ ᠨᠠᠭᠠᠲᠤᠮ
ᠵᠢᠭᠠᠭᠰᠠᠨ ᠭᠠᠵᠠᠷ ᠰᠢᠯᠵᠢᠬᠦ ᠦᠭᠡᠢ
ᠣᠩᠭᠢᠨ ᠳ᠋ᠠᠭᠠᠨ ᠲᠤᠯᠲᠠᠯ᠎ᠠ  ᠢᠳᠡᠳᠡᠭ ᠨᠢ ᠦᠨᠡᠨ
ᠵᠢᠪᠡᠷᠡᠭᠰᠡᠨ ᠲᠡᠮᠦᠷ ᠬᠠᠲᠠᠭᠠᠰᠤ ᠶ᠋ᠢ ᠪᠠᠶ᠋ᠢᠲᠠᠯ᠎ᠠ
ᠬᠥᠯᠲᠡᠭᠦᠦ  ᠳ᠋ᠦ᠍ ᠨᠡᠪᠲᠡ ᠳᠡᠯᠡᠰᠬᠦ ᠨᠢ ᠲᠣᠭᠯᠠᠭᠠᠮ ᠃

ᠪᠤᠷᠤᠭᠤ  ᠡᠰᠢᠯᠡᠭᠰᠡᠨ ᠰᠦᠬᠡ ᠪᠣᠯ
ᠪᠤᠷᠤᠭᠤ ᠬᠠᠨᠲᠤᠵᠤ ᠲᠤᠰᠤᠨ᠎ᠠ
ᠵᠥᠷᠢᠭᠦᠦ  ᠡᠰᠢᠯᠡᠭᠰᠡᠨ ᠰᠦᠬᠡ ᠪᠣᠯ
ᠵᠥᠷᠢᠭᠦᠦ ᠪᠡᠨ ᠤᠨᠤᠵᠤ ᠲᠤᠰᠤᠨ᠎ᠠ
ᠵᠥᠷᠢᠭᠦᠦ ᠪᠡᠷ ᠰᠡᠤᠠᠬᠢᠵᠦ ᠴᠣᠬᠢᠪᠠᠯ
ᠵᠥᠪ ᠲᠡᠭᠡᠨ ᠡᠷᠭᠢᠵᠦ ᠲᠤᠰᠤᠨ᠎ᠠ ᠃
ᠰᠣᠯᠣᠭᠠᠢ  ᠡᠰᠢᠯᠡᠭᠰᠡᠨ ᠰᠦᠬᠡ ᠪᠣᠯ
ᠰᠠᠯᠬᠢᠨ ᠊ᠢ ᠳᠠᠭᠠᠵᠤ ᠡᠷᠭᠢᠨ᠎ᠡ
ᠰᠣᠩᠭᠣᠵᠤ ᠵᠢᠭᠠᠵᠤ ᠴᠠᠪᠴᠢᠪᠠᠯ
ᠰᠥᠭᠥᠮ ᠵᠠᠢ  ᠳ᠋ᠦ᠍ ᠬᠥᠨᠲᠡᠯᠢᠰᠦᠨ᠎ᠡ
ᠡᠨᠡᠲᠡᠢ ᠲᠠᠯ᠎ᠠ ᠳ᠋ᠤᠨᠢ ᠭᠠᠷᠴᠤ
ᠡᠷᠭᠢᠭᠦᠯᠵᠦ ᠵᠥᠪ ᠴᠠᠪᠴᠢᠪᠠᠯ
ᠡᠲᠡᠭᠡᠳ ᠠᠰᠲᠠᠭᠠᠨ ᠣᠷᠣᠨ  ᠳ᠋ᠦ᠍
ᠡᠰᠢ ᠪᠡᠨ ᠲᠤᠯᠲᠠᠯ᠎ᠠ  ᠰᠢᠭᠳᠡᠷᠡᠨ᠎ᠡ ᠃

ᠵᠥᠪ  ᠡᠰᠢᠯᠡᠭᠰᠡᠨ ᠰᠦᠬᠡ ᠪᠣᠯ
ᠵᠦᠭᠡᠷ ᠴᠠᠪᠴᠢᠬᠤ ᠦᠭᠡᠢ
ᠵᠦᠭ ᠲᠡᠭᠡᠨ ᠵᠥᠪ ᠬᠠᠨᠲᠤᠵᠤ
ᠵᠦᠩ  ᠪᠢᠯᠢᠭ᠌ ᠶ᠋ᠢᠡᠷ ᠲᠤᠰᠤᠨ᠎ᠠ
ᠵᠥᠪ  ᠡᠰᠢᠯᠡᠭᠰᠡᠨ ᠰᠦᠬᠡ ᠪᠣᠯ
ᠰᠠᠶ᠎ᠠ ᠲᠦᠮᠡᠨ ᠪ  ᠵᠡᠪᠰᠡᠭ
ᠵᠣᠷᠢᠯᠲᠠ  ᠳ᠋ᠦ᠍ ᠳᠠᠶ᠋ᠢᠰᠤᠨ ᠦᠭᠡᠢ
ᠰᠠᠢᠨ ᠡᠷ᠎ᠡ ᠶ᠋ᠢᠨ ᠰᠦᠬᠡ ᠃

ᠰᠠᠢᠨ ᠡᠷ᠎ᠡ ᠶ᠋ᠢᠨ ᠰᠦᠬᠡ ᠪᠣᠯ
ᠥᠭᠡᠬᠦᠨ  ᠳ᠋ᠦ᠍ ᠡᠷ᠎ᠡ ᠭᠠᠷᠭᠠᠬᠤ ᠦᠭᠡᠢ
ᠰᠠᠢᠨ ᠡᠷ᠎ᠡ ᠶ᠋ᠢᠨ ᠰᠦᠬᠡ ᠪᠣᠯ
ᠡᠪᠡᠰᠦᠨ  ᠳ᠋ᠦ᠍ ᠢᠲᠡ ᠭᠠᠷᠭᠠᠬᠤ ᠦᠭᠡᠢ
ᠰᠠᠢᠨ ᠡᠷ᠎ᠡ ᠶ᠋ᠢᠨ ᠰᠦᠬᠡ ᠪᠣᠯ
ᠡᠰᠢ ᠪᠡᠨ ᠡᠷᠭᠢᠵᠦ ᠳᠠᠭᠠᠭᠠᠬᠤ ᠦᠭᠡᠢ
ᠰᠠᠢᠨ ᠡᠷ᠎ᠡ ᠶ᠋ᠢᠨ ᠰᠦᠬᠡ ᠪᠣᠯ
ᠡᠵᠡᠨ ᠶ᠋ᠢᠡᠨ ᠡᠷᠭᠢᠭᠦᠯᠵᠦ ᠴᠣᠬᠢᠬᠤ ᠦᠭᠡᠢ ᠃

ᠰᠠᠢᠨ ᠡᠷ᠎ᠡ ᠶ᠋ᠢᠨ ᠰᠦᠬᠡ ᠪᠣᠯ
ᠥᠪᠡᠷ ᠦ᠋ᠨ ᠶ᠋ᠢᠡᠨ ᠲᠥᠯᠥᠭᠡ ᠶᠠᠪᠤᠬᠤ ᠦᠭᠡᠢ
ᠰᠠᠢᠨ ᠡᠷ᠎ᠡ ᠶ᠋ᠢᠨ ᠰᠦᠬᠡ ᠪᠣᠯ
ᠥᠷᠥᠭᠡᠯ ᠦ᠋ᠨ ᠲᠥᠯᠥᠭᠡ ᠥᠷᠢᠲᠦᠬᠦ ᠦᠭᠡᠢ
ᠰᠠᠢᠨ ᠡᠷ᠎ᠡ ᠶ᠋ᠢᠨ ᠰᠦᠬᠡ ᠪᠣᠯ
ᠬᠦᠴᠦᠨ ᠳ᠋ᠡᠭᠡᠨ ᠡᠷᠲᠦᠵᠦ ᠶᠠᠪᠤᠬᠤ ᠦᠭᠡᠢ
ᠰᠠᠢᠨ ᠡᠷ᠎ᠡ ᠶ᠋ᠢᠨ ᠰᠦᠬᠡ ᠪᠣᠯ
ᠬᠥᠨᠲᠡᠯᠡᠨ ᠰᠦᠬᠡ ᠪᠣᠯᠬᠤ ᠦᠭᠡᠢ ᠃

ᠰᠠᠢᠨ ᠡᠷ᠎ᠡ ᠶ᠋ᠢᠨ ᠰᠦᠬᠡ ᠭᠡᠵᠦ
ᠡᠷ᠎ᠡ ᠬᠥᠮᠦᠨ ᠪ ᠡᠷ᠎ᠡ ᠮᠥᠰᠥ
ᠰᠠᠢᠨ ᠡᠷ᠎ᠡ ᠶ᠋ᠢᠨ ᠰᠦᠬᠡ ᠭᠡᠵᠦ
ᠡᠷ᠎ᠡ ᠬᠥᠮᠦᠨ ᠪ ᠡᠷ᠎ᠡ ᠰᠢᠨᠲᠠᠰᠤ
ᠰᠠᠢᠨ ᠡᠷ᠎ᠡ ᠶ᠋ᠢᠨ ᠰᠦᠬᠡ ᠭᠡᠵᠦ
ᠡᠷ᠎ᠡ ᠬᠥᠮᠦᠨ ᠪ ᠰᠦᠷ ᠵᠢᠪᠬᠤᠬ᠋᠎ᠠ
ᠰᠠᠢᠨ ᠡᠷ᠎ᠡ ᠶ᠋ᠢᠨ ᠰᠦᠬᠡ ᠭᠡᠵᠦ
ᠡᠷ᠎ᠡ ᠬᠥᠮᠦᠨ ᠪ ᠠᠯᠲᠠᠷ ᠴᠣᠯᠠ ᠃


           2012.1.20

          ᠦᠰᠦᠭ ᠠᠮᠢᠯᠠᠭᠤᠯᠤᠭᠴᠢ : ᠪᠠᠶᠠᠨᠰᠡᠷᠡᠩ