ᠨᠠᠷᠠ ᠵᠢᠷᠭᠠᠯ᠎ᠠ – ᠭᠦᠷᠵᠠᠪ Нар жаргалаа – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠ ᠵᠢᠷᠭᠠᠯ᠎ᠠ – ᠭᠦᠷᠵᠠᠪ Нар жаргалаа – Гүржав

ᠨᠠᠷᠠ ᠵᠢᠷᠭᠠᠯ᠎ᠠ – ᠭᠦᠷᠵᠠᠪ Нар жаргалаа – Гүржав

2023-03-25

265

ᠨᠠᠷᠠ ᠵᠢᠷᠭᠠᠯ᠎ᠠ


               ᠭᠦᠷᠵᠠᠪ
       — ᠳᠡᠭᠦᠦ ᠶ᠋ᠢᠨ ᠮᠢᠨᠢ ᠦᠭᠡ
       
 ᠨᠠᠷᠠ ᠵᠢᠷᠭᠠᠯ᠎ᠠ —
 ᠨᠠᠢ᠍ᠮᠠᠨ ᠵᠣᠪᠬᠢᠰ ᠲᠦ ᠰᠠᠴᠤᠷᠠᠲᠠᠭ
 ᠨᠠᠯᠠᠭᠠᠷ ᠰᠢᠷᠭᠠᠯ — ᠭᠡᠷᠡᠯ ᠪᠠ ᠭᠡᠭᠡ ᠪᠡᠨ
 ᠨᠠᠪᠴᠢ  ᠴᠡᠴᠡᠭ ᠂ ᠡᠪᠡᠰᠦ ᠤᠷᠭᠤᠮᠠᠯ ᠁
 ᠪᠦᠬᠦᠨ ᠳᠡᠭᠡᠷ᠎ᠡ ᠲᠦᠭᠡᠭᠡᠵᠦ ᠂ ᠰᠠᠴᠤᠵᠤ
 ᠨᠠᠮᠤᠭᠤᠬᠠᠨ ᠬᠦᠷᠡᠩ ᠠᠭᠤᠯᠠᠰ ᠦ᠋ᠨ ᠰᠡᠵᠢᠭᠦᠷ ᠰᠢᠭᠦᠷᠡᠨ
 ᠨᠠᠰᠤᠲᠠᠢ ᠪᠤᠭᠤᠷᠤᠯ ᠡᠮᠡᠭᠡ ᠶ᠋ᠢᠨ ᠮᠢᠨᠢ
 ᠦᠯᠢᠭᠡᠷ ᠊ᠢ ᠡᠬᠢᠯᠡᠭᠦᠯᠵᠦ
        ᠨᠠᠷᠠ ᠵᠢᠷᠭᠠᠯ᠎ᠠ
 ᠨᠠᠲᠠ ᠂ ᠨᠢᠭᠡ ᠡᠲᠦᠷ ᠦ᠋ᠨ
 ᠠᠶᠠᠨ ᠪ ᠤᠴᠠᠷᠠᠯ ᠶ᠋ᠢᠠᠨ ᠲᠣᠭᠠᠴᠢᠵᠤ
 ᠨᠠᠭᠠᠴᠤ  ᠳ᠋ᠦ᠍ ᠂ ᠨᠡᠭᠦᠲᠡᠯ ᠪᠠᠭᠤᠲᠠᠯ ᠦ᠋ᠨ
 ᠰᠠᠶ᠋ᠢᠬᠠᠨ ᠵᠦᠭ ᠵᠢᠭᠠᠵᠤ
 ᠨᠠᠷᠠᠰᠤᠨ ᠮᠣᠲᠣᠨ ᠪ ᠨᠠᠮᠠᠭᠠᠨ  ᠳ᠋ᠦ᠍
 ᠨᠢᠭᠡ ᠴᠤ᠌ ᠬᠤᠪᠢᠷᠠᠲᠠᠭ ᠦᠭᠡᠢ
 ᠨᠣᠭᠣᠭᠠᠨ ᠥᠩᠭᠡ ᠰᠠᠭᠤᠯᠭᠠᠵᠤ
 ᠨᠠᠰᠤ ᠪᠠᠬ᠋᠎ᠠ ᠮᠢᠨᠦ ᠳᠡᠭᠦᠦ  ᠳ᠋ᠦ᠍
 ᠨᠠᠭᠠᠲᠤᠮ  ᠳ᠋ᠦ᠍ ᠥᠩᠭᠡᠷᠡᠦ ᠰᠢᠨᠤᠬᠠᠶ᠋ᠢᠷᠠᠬᠤ ᠶ᠋ᠢᠨ
 ᠬᠣᠣᠷ ᠂ ᠰᠢᠷ᠎ᠠ ᠶ᠋ᠢ ᠰᠠᠨᠠᠭᠤᠯᠵᠤ
        ᠨᠠᠷᠠ ᠵᠢᠷᠭᠠᠯ᠎ᠠ ᠁
 ᠨᠤᠭᠤᠰᠤ ᠭᠠᠯᠠᠭᠤᠨ  ᠰᠦᠷᠦᠭ ᠊ᠢ
 ᠨᠠᠭᠤᠷ ᠭᠣᠣᠯ ᠳ᠋ᠤᠨᠢ ᠲᠠᠪᠠᠲᠠᠢ ᠨᠣᠷᠭᠢᠭᠤᠯᠵᠤ —
 ᠨᠤᠲᠤᠭ ᠦ᠋ᠨ ᠰᠢᠷᠭᠠᠯ ᠦᠲᠡᠰᠢ  ᠳ᠋ᠦ᠍
 ᠢᠷᠠᠭᠤ ᠬᠥᠭ ᠠᠵᠠᠲᠠᠢ ᠡᠷᠭᠦᠭᠦᠯᠵᠦ
 ᠨᠢᠷᠤᠭᠤᠨ ᠠᠯᠠᠭ ᠦᠬᠡᠷ ᠦ᠋ᠳ ᠊ᠢ
 ᠬᠣᠲᠠ ᠤᠰᠤᠨ ᠎ᠳ᠋ᠦ᠍ᠨᠢ ᠠᠮᠤᠭᠤᠯᠠᠩ ᠪᠤᠴᠠᠭᠤᠯᠵᠤ —
 ᠨᠣᠯ ᠨᠣᠭᠣᠭᠠᠨ ᠬᠢᠶᠠᠭ ᠊ᠢ
 ᠳᠤᠯᠠᠭᠠᠨ ᠬᠡᠪᠲᠡᠯᠭᠡᠨ ᠳ᠋ᠤᠨᠢ ᠰᠢᠮᠡᠲᠡᠢ ᠬᠡᠪᠢᠭᠦᠯᠵᠦ
         ᠨᠠᠷᠠ ᠵᠢᠷᠭᠠᠯ᠎ᠠ
 ᠨᠣᠮᠣᠬᠠᠨ ᠪᠣᠷᠣᠯᠠᠭ ᠮᠣᠷᠢ ᠶ᠋ᠢ ᠮᠢᠨᠢ
 ᠡᠪᠦᠭᠡ ᠪᠡᠷ — ᠬᠣᠯᠠ ᠠᠷᠭᠠᠮᠵᠢᠭᠤᠯᠵᠤ
 ᠨᠣᠭᠲᠣ ᠂ ᠬᠠᠵᠠᠭᠠᠷ ᠂ ᠲᠠᠰᠢᠭᠤᠷ ᠊ᠢ
 ᠡᠭᠦᠲᠡᠨ ᠠᠷᠤ  ᠳ᠋ᠦ᠍ ᠲᠣᠬᠢᠲᠠᠢ ᠡᠯᠭᠦᠭᠦᠯᠵᠦ
 ᠨᠣᠮ ᠰᠤᠷᠲᠠᠯ ᠰᠠᠶ᠋ᠢᠲᠠᠢ ᠠᠶ᠋ᠢᠯ ᠦ᠋ᠨ ᠨᠣᠬᠠᠳ ᠊ᠢ
 ᠬᠣᠷᠣᠬ᠋᠎ᠠ ᠬᠠᠰᠢᠶᠠᠨ ᠪ ᠴᠠᠭᠠᠨ᠎ᠠ ᠣᠴᠢᠭᠤᠯᠵᠤ
 ᠨᠣᠭᠣᠭᠠᠨ ᠭᠡᠷᠡᠯ — ᠨᠢᠲᠦ ᠲᠡᠢ
 ᠰᠡᠭᠰᠡᠭᠡᠷ ᠰᠠᠷᠠᠯ ᠊ᠢ ᠴᠠᠭᠲᠠᠭᠤᠯᠵᠤ
         ᠨᠠᠷᠠ ᠵᠢᠷᠭᠠᠯ᠎ᠠ  ᠁

  ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠪᠠᠶᠠᠷᠴᠡᠴᠡᠭ
         ᠬᠢᠨᠠᠭᠴᠢ ᠄  ᠪᠠᠶᠠᠷᠴᠡᠴᠡᠭ
         2023032