ᠡᠵᠡᠭᠦᠢ ᠬᠡᠭᠡᠷ᠎ᠡ ᠶ᠋ᠢᠨ ᠰᠠᠯᠬᠢ – ᠭᠦᠷᠵᠠᠪ Эзгүй хээрийн салхи – Гүржав
ᠡᠵᠡᠭᠦᠢ ᠬᠡᠭᠡᠷ᠎ᠡ ᠶ᠋ᠢᠨ ᠰᠠᠯᠬᠢ
ᠭᠦᠷᠵᠡᠪ
ᠡᠷᠭᠢᠲᠦ ᠭᠣᠣᠯ ᠦ᠋ᠨ ᠲᠣᠬᠣᠢ ᠠ᠋ᠴᠠ
ᠡᠷᠲᠡᠨᠢᠲᠦ ᠬᠠᠶ᠋ᠢᠷᠬᠠᠨ ᠪ ᠰᠡᠵᠢᠭᠦᠷ ᠡᠴᠡ
ᠡᠩᠰᠡᠷᠡᠨ ᠰᠡᠪᠡᠯᠵᠡᠭᠰᠡᠭᠡᠷ ᠢᠷᠡᠬᠦ
ᠡᠵᠡᠭᠦᠢ ᠬᠡᠭᠡᠷ᠎ᠡ ᠶ᠋ᠢᠨ ᠰᠠᠯᠬᠢ —
ᠡᠷᠬᠡᠲᠡᠨ ᠴᠣᠭᠴᠠᠰ ᠊ᠢ ᠴᠠᠬᠢᠷᠠᠭᠵᠢᠭᠤᠯᠵᠤ
ᠡᠮᠬᠡᠭ᠋ ᠵᠣᠪᠠᠯᠠᠩ ᠊ᠢ ᠠᠷᠢᠯᠭᠠᠬᠤ
ᠡᠷᠡᠭᠦᠯ ᠴᠡᠩᠬᠡᠭ ᠠᠭᠠᠷ ᠪᠢᠯᠡ
ᠡᠩᠬᠡ ᠲᠤᠩᠭᠠᠯᠠᠭ ᠤᠷᠤᠰᠬᠠᠯ ᠪᠢᠯᠡ
ᠡᠩᠭᠡᠷ ᠦ᠋ᠨ ᠲᠣᠪᠴᠢ ᠪᠠᠨ ᠲᠠᠶ᠋ᠢᠯᠤᠨ ᠪᠠᠶ᠋ᠢᠵᠤ
ᠡᠭᠡᠮ ᠵᠠᠭᠠᠮ᠎ᠠ ᠪᠠᠨ ᠢᠷᠡᠨ ᠪᠠᠶ᠋ᠢᠵᠤ
ᠡᠯᠢᠭᠡ ᠵᠢᠷᠦᠬᠡ ᠪᠡᠨ ᠠᠭᠤᠵᠢᠷᠠᠲᠠᠯ᠎ᠠ
ᠡᠷᠬᠡ ᠳᠤᠷ᠎ᠠ ᠪᠠᠷ ᠶ᠋ᠢᠠᠨ ᠠᠮᠢᠰᠬᠤᠪᠠᠯ
ᠡᠰ ᠡᠷᠬᠡᠰ ᠰᠠᠷᠠᠭᠤᠯᠵᠢᠵᠤ
ᠡᠷᠴᠢ ᠵᠣᠷᠢᠬ ᠨᠡᠮᠡᠭᠳᠡᠵᠦ
ᠡᠯᠲᠡᠪ ᠴᠢᠯᠡᠭᠡ ᠲᠠᠯᠪᠢᠬᠲᠠᠬᠤ ᠪᠢᠯᠡ
ᠡᠮᠵᠡᠭ ᠰᠡᠤᠠᠬᠢᠬᠦᠢ ᠲᠠᠶ᠋ᠢᠯᠤᠭᠲᠠᠬᠤ ᠪᠢᠯᠡ
ᠡᠷᠭᠢᠲᠦ ᠭᠣᠣᠯ ᠦ᠋ᠨ ᠲᠣᠬᠣᠢ ᠠ᠋ᠴᠠ
ᠡᠷᠲᠡᠨᠢᠲᠦ ᠬᠠᠶ᠋ᠢᠷᠬᠠᠨ ᠪ ᠰᠡᠵᠢᠭᠦᠷ ᠡᠴᠡ
ᠡᠩᠰᠡᠷᠡᠨ ᠰᠡᠪᠡᠯᠵᠡᠭᠰᠡᠭᠡᠷ ᠢᠷᠡᠬᠦ
ᠡᠵᠡᠭᠦᠢ ᠬᠡᠭᠡᠷ᠎ᠡ ᠶ᠋ᠢᠨ ᠰᠠᠯᠬᠢ ᠶ᠋ᠢ
ᠡᠭᠡᠯ ᠬᠥᠮᠦᠨ ᠪᠢ
ᠡᠭᠡᠨᠡᠭᠲᠡ ᠮᠥᠩᠬᠡ ᠠᠮᠢᠰᠬᠤᠵᠤ
ᠡᠰᠡᠨ ᠮᠡᠨᠲᠦ ᠶᠠᠪᠤᠬᠤ ᠰᠡᠨ
ᠡᠰᠡᠷᠩ ᠥᠭᠡᠲᠡ ᠶᠠᠪᠤᠬᠤ ᠰᠠᠨ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 21 ᠪ ᠡᠲᠦᠷ ᠃
