ᠲᠤᠤᠯᠠ ᠭᠣᠣᠯ ᠤᠨ ᠴᠢᠯᠠᠭᠤ – ᠭᠦᠷᠵᠠᠪ Туул голын чулуу – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠤᠯᠠ ᠭᠣᠣᠯ ᠤᠨ ᠴᠢᠯᠠᠭᠤ – ᠭᠦᠷᠵᠠᠪ Туул голын чулуу – Гүржав

ᠲᠤᠤᠯᠠ ᠭᠣᠣᠯ ᠤᠨ ᠴᠢᠯᠠᠭᠤ – ᠭᠦᠷᠵᠠᠪ Туул голын чулуу – Гүржав

2023-03-25

336

ᠲᠤᠤᠯᠠ ᠭᠣᠣᠯ ᠤᠨ ᠴᠢᠯᠠᠭᠤ


                    ᠭᠦᠷᠵᠡᠪ
       — ᠥᠬᠢᠨ ᠪ ᠪᠡᠨ ᠲᠤᠤᠯᠠ ᠭᠣᠣᠯ ᠦ᠋ᠨ ᠬᠥᠪᠡᠭᠡᠨ  ᠡᠴᠡ
            ᠲᠡᠭᠦᠵᠦ ᠢᠷᠡᠭᠰᠡᠨ ᠴᠢᠯᠠᠭᠤ ᠶ᠋ᠢ ᠦᠵᠡᠭᠡᠳ

 ᠲᠤᠤᠯᠠ ᠭᠣᠣᠯ ᠦ᠋ᠨ ᠴᠢᠯᠠᠭᠤ
 ᠲᠣᠩ  ᠴᠤ᠌ ᠰᠠᠶ᠋ᠢᠬᠠᠨ ᠴᠢᠯᠠᠭᠤ
 ᠲᠤᠶᠠᠭᠠᠲᠤ ᠨᠠᠷᠠᠨ  ᠳ᠋ᠦ᠍ ᠭᠢᠯᠠᠯᠵᠠᠭᠰᠠᠨ
 ᠲᠤᠩᠭᠠᠯᠠᠭ ᠴᠡᠭᠡᠨ ᠴᠢᠯᠠᠭᠤ
 ᠲᠠᠤᠯᠠᠢ ᠶ᠋ᠢᠨ ᠭᠦᠶᠦᠲᠡᠯᠲᠦ ᠰᠠᠯᠬᠢᠨ  ᠳ᠋ᠦ᠍
 ᠲᠤᠵᠢ ᠳ᠋ᠠᠭᠠᠨ ᠤᠯᠠᠶ᠋ᠢᠰᠲᠠᠭ ᠴᠢᠯᠠᠭᠤ
 ᠲᠤᠨᠤᠮᠠᠯ — ᠭᠡᠷᠡᠯᠲᠦ ᠰᠠᠷᠠᠨ  ᠳ᠋ᠦ᠍
 ᠲᠤᠶᠠᠭᠠᠷᠠᠵᠤ ᠰᠣᠯᠣᠩᠭᠠᠷᠠᠲᠠᠭ ᠴᠢᠯᠠᠭᠤ
 ᠲᠤᠭᠤᠷᠭᠠᠲᠤ ᠴᠠᠭᠠᠨ ᠭᠡᠷ ᠦ᠋ᠨ
 ᠲᠤᠯᠭᠠᠨ  ᠳ᠋ᠦ᠍  ᠳᠡᠪᠢᠰᠦᠭᠳᠡᠳᠡᠭ ᠴᠢᠯᠠᠭᠤ
 ᠲᠤᠤᠱᠲᠠᠢ ᠬᠥᠲᠡᠯᠮᠦᠷᠢᠴᠢ — ᠤᠷᠠᠴᠤᠳ ᠦ᠋ᠨ
 ᠠᠯᠠᠭᠠᠨ  ᠳ᠋ᠦ᠍ ᠠᠮᠢᠯᠠᠲᠠᠭ ᠴᠢᠯᠠᠭᠤ
 ᠲᠡᠭᠦᠭᠡᠳ ᠰᠠᠪᠠᠯᠠᠭᠠᠳ ᠶᠠᠪᠤᠬᠤ  ᠳ᠋ᠦ᠍
 ᠲᠦᠷᠰᠦ ᠰᠣᠨᠢᠬᠠᠨ ᠴᠢᠯᠠᠭᠤ
 ᠲᠦᠮᠡᠨ ᠭᠠᠵᠠᠷ ᠰᠠᠯᠤᠭᠰᠠᠨ ᠴᠤ᠌
 ᠲᠣᠲᠣᠨᠣ ᠰᠠᠨᠠᠭᠲᠠᠲᠠᠭ ᠴᠢᠯᠠᠭᠤ ᠁

  ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 20 ᠪ ᠡᠲᠦᠷ ᠃