ᠮᠢᠨᠦ ᠥᠬᠢᠨ ᠪ ᠯᠣᠭᠢᠬ – ᠭᠦᠷᠵᠠᠪ Миний охины логик – Гүржав
ᠮᠢᠨᠦ ᠥᠬᠢᠨ ᠪ ᠯᠣᠭᠢᠬ
— ᠬᠣᠶᠠᠷ ᠣᠢ ᠬᠠᠭᠠᠰ ᠲᠤᠨᠢ ᠵᠣᠷᠢᠭᠤᠯᠪᠠ
ᠭᠦᠷᠵᠠᠪ
ᠮᠢᠬ᠎ᠠ ᠶ᠋ᠢ
ᠬᠣᠶᠠᠷ ᠭᠠᠷ ᠶ᠋ᠢᠠᠷ ᠶ᠋ᠢᠠᠨ
ᠢᠳᠡᠳᠡᠭ ᠶᠤᠮ
ᠮᠢᠨᠦ ᠠᠪᠤ ᠬᠡᠯᠡᠭᠰᠡᠨ ᠡ
( ᠮᠠᠷᠲᠠᠭᠠᠳ
ᠨᠢᠭᠡ ᠭᠠᠷ ᠶ᠋ᠢᠠᠨ ᠪᠠᠷᠢᠵᠤ ᠢᠲᠡᠨ᠎ᠡ )
ᠨᠠᠷᠠᠨ ᠳ᠋ᠦ᠍
ᠪᠢᠲᠡᠭᠡᠢ ᠲᠣᠯᠣᠭᠠᠢ ᠪᠠᠨ ᠰᠢᠷᠠᠭᠤᠯ
ᠬᠠᠮᠠᠷ ᠠ᠋ᠴᠠ ᠴᠢᠨᠢ
ᠴᠢᠰᠤ ᠭᠠᠷᠤᠨ᠎ᠠ
ᠮᠠᠯᠠᠭᠠᠢ ᠪᠠᠨ ᠡᠮᠦᠰ ᠡ
( ᠮᠠᠷᠭᠠᠰᠢ
ᠮᠠᠯᠠᠭᠠᠢ ᠦᠭᠡᠢ ᠭᠠᠷᠴᠤ ᠲᠣᠭᠯᠠᠨ᠎ᠠ )
ᠨᠠᠮᠠᠢ᠍ᠢ ᠴᠣᠬᠢᠴᠢᠬᠠᠯᠠ
ᠨᠠᠭᠠᠤᠠᠬᠤ ᠦᠭᠡᠢ ᠪᠢ ᠂ ᠴᠢᠮ᠎ᠠ ᠲᠠᠢ
( ᠳᠤᠲᠠᠭᠠᠨ᠎ᠠ )
ᠨᠠᠲᠠ
ᠨᠢᠭᠡ ᠭᠣᠶᠣ ᠬᠠᠷᠠᠨᠲᠠ ᠪᠤᠢ
ᠨᠠᠭᠠᠴᠤ ᠡᠪᠦᠯ ᠢᠷᠡᠬᠦ ᠳ᠋ᠡᠭᠡᠨ
ᠨᠠᠭᠠᠳ ᠭᠡᠵᠦ ᠠᠪᠴᠤ ᠥᠭᠴᠡᠢ ᠡ
ᠨᠠᠷᠠ ᠵᠢᠷᠤᠨ᠎ᠠ ᠂ ᠰᠠᠷ᠎ᠠ ᠵᠢᠷᠤᠨ᠎ᠠ
ᠨᠢᠰᠤᠩᠬᠠᠢ ᠬᠡᠦᠬᠡᠳ
ᠴᠢᠮᠠᠢ᠍ᠢ ᠵᠢᠷᠤᠬᠤ ᠦᠭᠡᠢ ᠡ ᠁
ᠬᠡᠯᠡᠭᠰᠡᠨ ᠶ᠋ᠢᠡᠨ
ᠬᠡᠵᠢᠶᠡᠲᠡ ᠪᠡᠨ ᠮᠡᠯᠵᠢᠳᠡᠭ ᠨᠢ
ᠮᠢᠨᠦ ᠥᠬᠢᠨ ᠪ ᠯᠣᠭᠢᠬ ᠶᠤᠮ ᠡ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230320
