ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-2Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ 1-2
ᠨᠢᠭᠡᠳᠦᠭᠡᠷ ᠪᠦᠯᠦᠭ
ᠬᠣᠶᠠᠷ
ᠲᠦᠭᠡᠮᠡᠯ ᠦ᠋ᠨ ᠡᠵᠡᠨ ᠪᠣᠭᠳᠠ ᠮᠠᠨᠽᠤᠰᠢᠷᠢ ᠶ᠋ᠢᠨ ᠬᠠᠭᠠᠨ ᠢ᠋ᠶ᠋ᠠᠷ ᠂
ᠲᠦᠮᠡᠨ ᠲᠦᠮᠡᠨ ᠪᠣᠭᠣᠯ ᠢ᠋ᠶ᠋ᠠᠨ ᠠᠰᠠᠷᠠᠬᠤᠢ ᠶ᠋ᠢᠨ ᠲᠤᠯᠠᠳᠠ ᠂
ᠲᠦᠪᠰᠢᠨ ᠪᠠᠲᠤ ᠬᠤᠷᠴᠠ ᠴᠢᠩᠭ᠎ᠠ ᠬᠠᠤᠯᠢ ᠶᠣᠰᠣ ᠶ᠋ᠢ ᠵᠣᠬᠢᠶᠠᠨ ᠂
ᠲᠦᠭᠡᠭᠡᠵᠦ ᠲᠠᠷᠬᠠᠭᠠᠭᠰᠠᠨ ᠠᠴᠢ ᠮᠠᠰᠢ ᠭᠠᠶ᠋ᠢᠬᠠᠮᠰᠢᠬ᠃
ᠴᠢᠭᠤᠯᠭᠠᠨ ᠪᠠ ᠬᠤᠰᠢᠭᠤᠨ ᠊ᠢ ᠨᠢᠭᠡᠨ ᠢ᠋ᠶ᠋ᠡᠷ ᠡᠵᠡᠯᠡᠨ ᠂
ᠴᠢᠩᠳᠠ ᠬᠦᠨᠳᠦ ᠬᠡᠰᠢᠭ ᠢ᠋ᠶ᠋ᠡᠷ ᠥᠷᠨᠢᠭᠦᠯᠦᠨ ᠱᠠᠩᠨᠠᠵᠤ ᠂
ᠴᠢᠳᠠᠯ ᠬᠦᠴᠦᠨ ᠣᠯᠤᠭᠰᠠᠨ ᠤ᠋ ᠲᠦᠮᠡᠨ ᠶᠡᠬᠡ ᠠᠴᠢ ᠳ᠋ᠤᠷ ᠂
ᠴᠢᠩ ᠦᠨᠡᠨ ᠵᠢᠳᠬᠦᠪᠡᠰᠦ ᠭᠠᠪᠢᠶᠠᠲᠠᠢ ᠡᠯᠪᠡᠷᠢᠯ᠃
ᠠᠯᠢᠪᠠᠰᠤ ᠶᠣᠰᠣ ᠵᠢᠷᠤᠮ ᠲᠦᠮᠡᠨ ᠲᠦᠮᠡᠨ ᠪᠦᠭᠦᠳᠡ ᠂
ᠠᠴᠢᠯᠠᠬᠤ᠂ ᠠᠰᠠᠷᠠᠬᠤ ᠠᠷᠪᠢᠯᠠᠬᠤ ᠭᠤᠷᠪᠠ ᠪᠠᠷ ᠂
ᠠᠮᠢᠲᠠᠨ ᠢ᠋ ᠬᠥᠭᠵᠢᠭᠦᠯᠵᠦ ᠲᠡᠩᠬᠡᠷᠡᠭᠦᠯᠦᠭᠰᠡᠨ ᠲᠤᠯᠠᠳᠠ ᠂
ᠠᠰᠠᠷᠠᠯᠲᠤ ᠶᠡᠬᠡ ᠨᠣᠶᠠᠳ ᠲᠣᠯᠢᠳᠠᠯᠲᠠᠢ ᠠᠨᠢᠰᠤ ᠮᠥᠨ ᠃
ᠬᠦᠨᠳᠦᠳᠡᠬᠦ ᠰᠢᠨᠤᠮᠠᠬᠠᠢ ᠬᠣᠪᠳᠣᠭᠯᠠᠬᠤ ᠭᠤᠷᠪᠠ ᠪᠠᠷ ᠂
ᠬᠥᠯ ᠦ᠋ᠨ ᠲᠠᠮᠢᠷ ᠪᠠᠷᠠᠭᠳᠠᠵᠤ ᠭᠠᠷ ᠢ᠋ᠶ᠋ᠠᠷ ᠮᠥᠯᠬᠥᠮᠦᠢ ᠂
ᠬᠥᠩᠭᠡᠮᠰᠦᠭ ᠠᠮᠤᠭᠤᠯᠠᠩ ᠠᠷᠢᠭᠤᠬᠠᠨ ᠭᠤᠷᠪᠠ ᠪᠠᠷ ᠂
ᠬᠥᠮᠦᠨ ᠣᠯᠠᠨ ᠊ᠢ ᠡᠵᠡᠯᠡᠬᠦ ᠶᠡᠬᠡ ᠬᠥᠮᠦᠨ ᠦ᠌ ᠡᠷᠳᠡᠮ ᠮᠥᠨ ᠃
ᠡᠷᠡᠮᠰᠢᠯᠡᠯ ᠲᠠᠴᠢᠶᠠᠩᠭᠤᠢ ᠪᠠᠰᠤᠮᠵᠢᠯᠠᠯ ᠭᠤᠷᠪᠠ ᠪᠠᠷ ᠂
ᠡᠷᠳᠡᠨᠢ ᠪᠡᠨ ᠡᠯᠵᠢᠭᠡ ᠪᠡᠷ ᠠᠷᠠᠯᠵᠢᠵᠤ ᠣᠨᠣᠮᠤᠢ ᠂
ᠡᠨᠡᠷᠢᠬᠦ ᠨᠠᠶ᠋ᠢᠷᠠᠮᠳᠠᠬᠤ ᠢᠴᠢᠩᠭᠦᠷᠢ ᠭᠤᠷᠪᠠ ᠪᠠᠷ ᠂
ᠡᠷᠬᠢᠮ ᠶᠡᠬᠡᠰ ᠬᠦᠨᠳᠦᠷᠡᠬᠦ ᠶ᠋ᠢᠨ ᠵᠠᠶᠠᠭᠠᠨ ᠤ᠋ ᠣᠨᠣᠯ ᠮᠥᠨ᠃
ᠰᠤᠷᠲᠠᠯ ᠦᠭᠡᠢ ᠰᠦᠰᠦᠭ ᠦᠭᠡᠢ ᠨᠥᠬᠥᠷ ᠦᠭᠡᠢ ᠭᠤᠷᠪᠠ ᠪᠠᠷ ᠂
ᠰᠣᠬᠣᠷ ᠨᠢᠳᠦ ᠲᠡᠮᠲᠡᠴᠢᠵᠦ ᠪᠠᠭᠠᠰᠤᠨ ᠳ᠋ᠤᠷ ᠪᠠᠯᠪᠠᠮᠤᠢ ᠂
ᠰᠤᠷᠭᠠᠮᠵᠢᠲᠠᠢ ᠵᠥᠪᠰᠢᠶᠡᠮᠦᠷ ᠪᠢᠰᠢᠷᠡᠯᠲᠡᠢ ᠭᠤᠷᠪᠠ ᠪᠠᠷ ᠂
ᠰᠣᠳᠣ ᠶᠡᠬᠡᠰ ᠳᠡᠯᠭᠡᠷᠡᠬᠦ ᠶ᠋ᠢᠨ ᠠᠪᠢᠶᠠᠰ ᠤ᠋ᠨ ᠣᠬᠢ ᠮᠥᠨ ᠃
ᠡᠷᠳᠡᠮ ᠦᠭᠡᠢ ᠵᠢᠷᠤᠮ ᠦᠭᠡᠢ ᠰᠡᠷᠡᠮᠵᠢ ᠦᠭᠡᠢ ᠭᠤᠷᠪᠠ ᠪᠠᠷ ᠂
ᠡᠯᠮᠡᠭ ᠦᠬᠡᠷ ᠡᠴᠦᠰ ᠲᠡᠭᠡᠨ ᠠᠮᠢᠨ ᠳ᠋ᠠᠭᠠᠨ ᠬᠠᠷᠰᠢᠮᠤᠢ ᠂
ᠡᠶᠡᠪᠡᠷᠭᠦᠦ ᠣᠨᠣᠪᠤᠷᠢᠲᠠᠢ ᠬᠢᠴᠢᠶᠡᠩᠭᠦᠢ ᠭᠤᠷᠪᠠ ᠪᠠᠷ ᠂
ᠡᠭᠦᠷᠢᠳᠡ ᠵᠢᠷᠭᠠᠯᠠᠩ ᠶᠡᠬᠡᠰ ᠠᠪᠬᠤ ᠰᠤᠷᠭᠠᠯ ᠮᠥᠨ ᠃
ᠪᠠᠶ᠋ᠢᠵᠠ ᠪᠠᠶ᠋ᠢᠵᠠ ᠶᠡᠬᠡ ᠭᠡᠳᠡᠭ ᠨᠡᠷ᠎ᠡ ᠵᠡᠷᠭᠡ ᠶᠠᠭᠤ ᠪᠢᠯᠡ ᠂
ᠪᠠᠭᠠᠲᠤᠷᠯᠠᠨ ᠪᠠᠷᠬᠢᠷᠠᠳᠠᠭ ᠴᠢᠳᠠᠯ ᠬᠦᠴᠦ ᠶᠠᠭᠤ ᠪᠢᠯᠡ ᠂
ᠪᠠᠶᠠᠨ ᠥᠷᠭᠡᠨ ᠳᠡᠯᠭᠡᠷᠡᠳᠡᠭ ᠬᠡᠰᠢᠭ ᠣᠯᠵᠠ ᠶᠠᠭᠤ ᠪᠢᠯᠡ ᠂
ᠪᠠᠯᠪᠠ ᠬᠡᠮᠬᠡ ᠵᠠᠬᠢᠷᠳᠠᠭ ᠲᠤᠰᠢᠶᠠᠯ ᠴᠤ᠌ ᠶᠠᠭᠤ ᠪᠢᠯᠡ᠃
ᠱ᠌ᠢᠷᠦ ᠨᠣᠮᠢᠨ ᠬᠥᠬᠡ ᠴᠠᠭᠠᠨ ᠵᠡᠷᠭᠡ ᠵᠢᠩᠰᠡ ᠶ᠋ᠢ ᠦᠵᠡᠪᠡᠯ᠂
ᠰᠢᠨᠵᠢᠯᠡᠯᠲᠡᠢ ᠲᠦᠪᠰᠢᠨ ᠮᠡᠷᠭᠡᠳ ᠪᠠᠲᠤ ᠲᠥᠷᠥ ᠶ᠋ᠢ ᠪᠠᠷᠢᠯᠲᠠᠢ ᠂
ᠰᠢᠨᠤᠯ ᠥᠨᠳᠥᠷ ᠬᠣᠪᠳᠣᠭ ᠶᠡᠬᠡ ᠲᠠᠭᠠᠯᠠᠯ ᠊ᠢ ᠦᠵᠡᠪᠡᠯ᠂
ᠰᠢᠳᠡᠮ ᠵᠡᠪᠰᠡᠭ ᠪᠡᠯᠡᠤᠠᠲᠦᠭᠡᠳ ᠪᠡᠷᠬᠡ ᠵᠠᠮ ᠊ᠢ ᠬᠡᠷᠦᠯᠲᠡᠢ᠃
ᠪᠠᠶᠠᠰᠬᠤᠯᠠᠩ ᠭᠣᠣᠯᠰᠢᠭ ᠤᠷᠠᠨ ᠡᠶᠡᠪᠡᠷᠭᠦ ᠶ᠋ᠢ ᠦᠵᠡᠪᠡᠯ᠂
ᠪᠠᠯᠠᠢ ᠠᠷᠠᠳ ᠊ᠢ ᠤᠶᠠᠩᠭᠠᠬᠤ ᠰᠡᠴᠡᠨ ᠮᠡᠷᠭᠡᠨ ᠪᠣᠯᠤᠯᠲᠠᠢ ᠂
ᠪᠠᠪᠠᠨᠠᠯᠳᠤᠨ ᠪᠠᠷᠬᠢᠷᠠᠬᠤ ᠮᠤᠨᠠᠶ᠋ᠢᠳ ᠵᠠᠩ ᠊ᠢ ᠦᠵᠡᠪᠡᠯ ᠂
ᠪᠠᠭ᠎ᠠ ᠰᠢᠮᠨᠤ ᠶ᠋ᠢᠨ ᠬᠤᠷᠴᠠ ᠰᠤᠮᠤ ᠲᠠᠷᠢᠬᠢᠨ ᠳ᠋ᠤᠷ ᠲᠣᠰᠤᠯᠲᠠᠢ᠃
ᠪᠠᠶᠠᠨ ᠥᠷᠭᠡᠨ ᠬᠡᠰᠢᠭ ᠠᠷᠪᠢᠨ᠃
ᠰᠠᠩ ᠤ᠋ᠨ ᠪᠠᠶ᠋ᠢᠳᠠᠯ ᠊ᠢ ᠦᠵᠡᠪᠡᠯ᠂
ᠪᠠᠭᠤᠷᠠᠢ ᠶ᠋ᠢ ᠲᠡᠳᠬᠦᠪᠡᠴᠦ ᠬᠦᠷᠦᠯᠴᠡᠬᠦ ᠶ᠋ᠢᠨ ᠠᠶᠠᠰ ᠲᠠᠢ ᠂
ᠪᠠᠴᠢᠮᠳᠠᠬᠤ ᠬᠠᠷᠭᠢᠰᠯᠠᠬᠤ ᠬᠣᠮᠣᠬᠠᠯᠵᠠᠬᠤ ᠶ᠋ᠢ
ᠦᠵᠡᠪᠡᠯ ᠂ ᠪᠠᠳᠢᠷᠴᠢᠯᠠᠨ ᠬᠡᠰᠦᠪᠡᠴᠦ ᠦᠯᠪᠡᠷᠡᠬᠦ ᠶ᠋ᠢᠨ ᠲᠥᠯᠥᠪ ᠲᠡᠢ᠃
ᠶᠠᠮᠤᠨ ᠳᠠᠩ ᠊ᠢ ᠪᠡᠯᠡᠳᠬᠡᠵᠦ ᠰᠦᠷᠳᠡᠭᠦᠯᠬᠦ ᠶ᠋ᠢ ᠦᠵᠡᠪᠡᠯ ᠂
ᠶᠠᠯᠠᠲᠠᠨ ᠊ᠢ ᠤᠮᠠᠯᠠᠵᠤ ᠬᠠᠰᠢᠷᠠᠭᠠᠬᠤ ᠶ᠋ᠢᠨ ᠠᠶᠠᠰ ᠲᠠᠢ ᠂
ᠶᠠᠯᠢᠯ ᠦᠭᠡᠢ ᠬᠡᠷᠡᠭ ᠳᠡᠭᠡᠷ᠎ᠡ ᠵᠠᠨᠴᠢᠬᠤ ᠪᠠᠨ ᠪᠠᠷᠳᠠᠪᠠᠯ ᠂
ᠶᠠᠳᠠᠭ ᠡᠮ᠎ᠡ ᠶ᠋ᠢᠨ ᠴᠢᠨᠠᠷ ᠢ᠋ᠶ᠋ᠠᠷ ᠶᠡᠬᠡ ᠲᠥᠯᠥᠪ ᠠᠯᠳᠠᠮᠤᠢ᠃
ᠲᠠᠮᠠᠭ᠎ᠠ ᠪᠠ ᠲᠡᠮᠳᠡᠭ ᠢ᠋ᠶ᠋ᠡᠨ ᠡᠵᠡᠯᠡᠬᠦ ᠶ᠋ᠢ ᠦᠵᠡᠪᠡᠯ᠂
ᠲᠠᠪᠤᠨ ᠵᠠᠭᠤᠨ ᠬᠡᠷᠡᠭ ᠊ᠢ ᠴᠦ᠍ ᠨᠢᠭᠡᠨ ᠴᠠᠭ ᠲᠤᠷ ᠢᠯᠭᠠᠯᠲᠠᠢ ᠂
ᠲᠠᠯ᠎ᠠ ᠨᠠᠶ᠋ᠢᠷ ᠥᠩᠭᠡ ᠮᠥᠩᠭᠥ ᠰᠠᠮᠠᠭᠤᠷᠠᠯ ᠊ᠢ ᠳᠠᠭᠠᠪᠠᠯ ᠂
ᠲᠠᠪᠤᠨ ᠬᠡᠷᠡᠭ ᠊ᠢ ᠲᠠᠰᠤᠯᠬᠤ ᠲᠠᠮᠢᠷ ᠦᠭᠡᠢ ᠵᠥᠨᠥᠮᠦᠢ ᠃
ᠬᠤᠰᠢᠭᠤᠨ ᠤ᠋ ᠲᠦᠰᠢᠮᠡᠳ ᠢ᠋ᠶ᠋ᠡᠨ ᠪᠦᠷᠢᠳᠬᠡᠬᠦᠢ ᠶ᠋ᠢ ᠦᠵᠡᠪᠡᠯ ᠂
ᠬᠤᠷᠴᠠ ᠵᠢᠷᠤᠮ ᠨᠠᠶ᠋ᠢᠷᠠᠯᠳᠤᠵᠤ ᠲᠥᠷᠥ ᠶ᠋ᠢᠨ ᠶᠣᠰᠣ ᠶ᠋ᠢ ᠲᠦᠪᠯᠡᠯ ᠲᠡᠢ ᠂
ᠬᠣᠴᠢᠯᠠᠯᠳᠤᠨ ᠡᠪᠳᠡᠷᠡᠬᠦ ᠶ᠋ᠢᠨ ᠰᠢᠯᠲᠠᠭᠠᠨ ᠳ᠋ᠤᠷ ᠬᠦᠷᠪᠡᠯ ᠂
ᠭᠤᠲᠤᠮᠰᠢᠭᠲᠤ ᠵᠣᠪᠠᠯᠠᠩ ᠊ᠢ ᠪᠦᠭᠦᠳᠡᠭᠡᠷ ᠬᠦᠷᠲᠡᠮᠦᠢ᠃
ᠵᠦᠪᠯᠡᠯᠲᠡᠬᠦ ᠬᠡᠷᠡᠭ ᠢᠨᠤ ᠨᠢᠭᠡᠨ ᠴᠠᠭ ᠤ᠋ᠨ ᠲᠡᠳᠦᠢ ᠶ᠋ᠢ ᠂
ᠵᠥᠨᠥᠭᠯᠡᠵᠦ ᠠᠷᠪᠢᠯᠠᠵᠤ ᠨᠢᠭᠡᠨ ᠰᠠᠷ᠎ᠠ ᠪᠣᠯᠭᠠᠭᠠᠳ ᠂
ᠵᠦᠳᠡᠷᠡᠬᠦ ᠭᠠᠴᠢᠭᠳᠠᠬᠤ ᠪᠠᠴᠢᠮᠳᠠᠬᠤ ᠰᠡᠳᠬᠢᠯ ᠦ᠋ᠨ ᠂
ᠵᠥᠬᠥᠷᠡᠬᠦ ᠶ᠋ᠢᠨ ᠱᠠᠭᠠᠵᠠᠭᠠᠢ ᠡᠳᠦᠷ ᠪᠦᠷᠢ ᠲᠣᠭᠰᠢᠮᠤᠢ ᠃
ᠭᠠᠳᠠᠭᠠᠳᠤ ᠮᠣᠩᠭᠣᠯ ᠲᠥᠷᠥ ᠶ᠋ᠢᠨ ᠦᠨᠡᠨ ᠴᠠᠭᠠᠨ ᠪᠣᠭᠣᠯ ᠊ᠢ ᠂
ᠭᠠᠭᠴᠠ ᠪᠡᠶ᠎ᠡ ᠶ᠋ᠢᠨ ᠥᠮᠴᠢ ᠮᠡᠲᠦ ᠡᠨᠳᠡᠭᠦᠷᠡᠯ ᠪᠣᠯᠭᠠᠭᠠᠳ ᠂
ᠭᠠᠰᠠᠯᠠᠬᠣ ᠪᠦᠷᠢᠯᠭᠡᠬᠦ ᠮᠥᠯᠵᠢᠬᠦᠢ ᠳ᠋ᠦ᠍ᠷ ᠰᠢᠨᠤᠭᠴᠢ ᠂
ᠭᠠᠮᠰᠢᠭ ᠤᠨᠠᠯ ᠲᠡᠭᠷᠢ ᠳ᠋ᠦ᠍ᠷ ᠴᠠᠭᠠᠵᠠᠯ ᠲᠠᠢ ᠪᠤᠰᠤ ᠦᠦ ?
ᠡᠭᠡᠯ ᠪᠣᠭᠣᠯ ᠬᠦᠨᠳᠦᠯᠡᠬᠦ ᠶ᠋ᠢᠨ ᠶᠣᠰᠣ ᠶᠡᠬᠡ ᠪᠠᠶ᠋ᠢᠲᠠᠯ᠎ᠠ᠂
ᠡᠷᠬᠢᠮ ᠶᠡᠬᠡᠰ ᠠᠰᠠᠷᠠᠬᠤ ᠵᠢᠷᠤᠮ ᠪᠠᠭ᠎ᠠ ᠭᠤᠲᠤᠮᠰᠢᠭ ᠂
ᠡᠵᠡᠨ ᠲᠥᠷᠥ ᠶ᠋ᠢᠨ ᠬᠡᠰᠢᠭ ᠢ᠋ᠶ᠋ᠡᠷ ᠳᠡᠯᠭᠡᠷᠡᠵᠦ ᠪᠠᠶ᠋ᠢᠲᠠᠯ᠎ᠠ ᠂
ᠡᠭᠦᠷᠢᠳᠡ ᠮᠥᠯᠵᠢᠬᠦ ᠶ᠋ᠢ ᠬᠢᠴᠢᠶᠡᠭᠴᠢ ᠭᠤᠲᠤᠮᠰᠢᠭ᠃
ᠶᠠᠯᠠᠯᠠᠬᠤ ᠵᠠᠨᠴᠢᠬᠤᠢ ᠳ᠋ᠤᠷ ᠵᠣᠷᠢᠭ ᠴᠢᠩᠭ᠎ᠠ ᠠᠭᠰᠠᠭᠠᠷ ᠂
ᠶᠠᠰᠤ ᠮᠢᠬ᠎ᠠ ᠲᠠᠰᠤᠷᠠᠬᠤ ᠶ᠋ᠢ ᠮᠡᠳᠡᠬᠦ ᠦᠭᠡᠢ ᠭᠤᠲᠤᠮᠰᠢᠭ ᠂
ᠶᠠᠩᠵᠤ ᠰᠠᠶᠢᠬᠠᠨ ᠮᠣᠷᠢ ᠲᠡᠷᠭᠡ ᠲᠠᠷᠬᠢᠷᠭᠡᠵᠦ ᠠᠭᠰᠠᠭᠠᠷ ᠂
ᠶᠠᠳᠠᠭ ᠪᠣᠭᠣᠯ ᠶᠠᠳᠠᠷᠠᠬᠤ ᠶ᠋ᠢ ᠪᠣᠳᠣᠬᠤ ᠦᠭᠡᠢ ᠭᠤᠲᠤᠮᠰᠢᠭ᠃
ᠬᠠᠪᠢᠯᠳᠤᠭᠰᠠᠨ ᠬᠠᠲᠤᠳ ᠥᠬᠢᠳ ᠳᠣᠲᠣᠭᠤᠷᠰᠢᠬ ᠠᠭᠰᠠᠭᠠᠷ ᠂
ᠬᠠᠷᠢᠶᠠᠲᠤ ᠲᠦᠰᠢᠮᠡᠳ ᠢ᠋ᠶ᠋ᠡᠨ ᠭᠠᠳᠠᠭᠤᠷᠯᠠᠬᠤ ᠭᠤᠲᠤᠮᠰᠢᠭ ᠂
ᠬᠠᠳᠠᠮᠰᠠᠬᠤ ᠲᠦᠷᠬᠡᠮᠰᠡᠬᠦ ᠶ᠋ᠢᠨ ᠵᠢᠷᠤᠮ ᠬᠦᠨᠳᠦ ᠠᠭᠰᠠᠭᠠᠷ ᠂
ᠬᠠᠮᠢᠶᠠᠲᠤ ᠲᠥᠷᠥᠯ ᠰᠠᠳᠤᠨ ᠬᠥᠩᠭᠡᠨ ᠪᠣᠯᠬᠤ ᠭᠤᠲᠤᠮᠰᠢᠭ᠃
ᠬᠦᠨᠳᠦ ᠪᠡᠶ᠎ᠡ ᠠᠯᠮᠠᠶ᠋ᠢᠲᠤᠵᠤ ᠮᠠᠲᠠᠯ ᠠᠯᠲᠠᠨ ᠠᠭᠰᠠᠭᠠᠷ ᠂
ᠬᠥᠩᠭᠡᠨ ᠬᠠᠲᠤᠨ ᠡᠵᠢ ᠠᠯᠪᠠ ᠡᠵᠡᠷᠬᠡᠬᠦ ᠭᠤᠲᠤᠮᠰᠢᠭ ᠂
ᠬᠥᠯᠪᠡᠷᠢᠬᠦ ᠬᠥᠩᠭᠡᠷᠡᠬᠦ ᠡᠳᠦᠷ ᠤᠳᠠᠨ ᠠᠭᠰᠠᠭᠠᠷ ᠂
ᠬᠥᠮᠦᠨ ᠵᠢᠷᠤᠮ ᠠᠯᠲᠠᠷᠠᠪᠠᠯᠡ ᠮᠠᠰᠢ ᠪᠡᠷᠬᠡ ᠬᠠᠶ᠋ᠢᠷᠠᠬᠠᠨ᠃
ᠠᠮᠠ ᠮᠡᠳᠡᠨ ᠴᠠᠯᠴᠢᠭᠰᠠᠭᠠᠷ ᠬᠡᠲᠦᠷᠡᠬᠦᠢ ᠳ᠋ᠦ᠍ᠷ ᠬᠥᠷᠪᠡᠯᠡ ᠂
ᠠᠯᠠᠭ᠎ᠠ ᠪᠠᠨ ᠬᠠᠪᠰᠤᠷᠴᠤ ᠨᠠᠮᠠᠨᠴᠢᠯᠠᠨ ᠵᠠᠯᠪᠠᠷᠢᠶ᠎ᠠ ᠂
ᠠᠭᠤᠷᠯᠠᠵᠤ ᠢᠷᠡᠪᠡᠯᠡ ᠪᠤᠷᠤᠭᠤ ᠪᠠᠨ ᠬᠦᠯᠢᠶᠡᠶ᠎ᠡ ᠂
ᠠᠵᠢᠭ ᠦᠭᠡᠢ ᠲᠠᠷᠬᠠᠪᠠᠯ ᠢᠨᠢᠶᠡᠵᠦ ᠰᠠᠭᠤᠶ᠎ᠠ᠃
ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ᠄ ᠤᠤᠠᠬᠠᠨᠰᠤ᠎ᠡ
