ᠲᠣᠬᠤᠨᠲᠡᠮᠦᠷ ᠤᠬᠠᠭᠠᠨᠲᠤ ᠬᠠᠭᠠᠨ (5) - ᠬᠦᠴᠢᠬᠡᠨ Тохонтөмөр ухаант хаан(5)- Хүчхэн
ᠲᠣᠬᠤᠨᠲᠡᠮᠦᠷ ᠤᠬᠠᠭᠠᠨᠲᠤ ᠬᠠᠭᠠᠨ - ᠲᠠᠪᠤᠳᠤᠭᠠᠷ ᠪᠦᠯᠦᠭ
ᠲᠠᠪᠤᠲᠤᠭᠠᠷ ᠪᠥᠯᠥᠭ
ᠪᠠᠶᠠᠨ ᠴᠢᠩᠰᠠᠩ ᠰᠦᠷᠭᠡᠦ ᠠᠭᠠᠰᠢᠯᠠᠵᠤ ᠲᠦᠷᠦ ᠶ᠋ᠢ ᠶᠡᠬᠡᠲᠡ ᠰᠠᠮᠠᠭᠤᠷᠠᠭᠤᠯᠪᠠᠢ
ᠪᠢᠴᠢᠬᠠᠨ ᠡᠵᠡᠨ ᠭᠡᠨᠡᠤᠠᠲᠡ ᠤᠬᠠᠭᠠᠷᠠᠵᠤ ᠡᠴᠢᠭᠡ ᠶ᠋ᠢᠨ ᠮᠣᠰᠭᠢᠬᠲᠠᠭᠰᠠᠨ ᠊ᠢ ᠴᠠᠭᠠᠤᠠᠬᠠᠪᠠᠢ
ᠡᠲᠦᠷ ᠰᠠᠷ᠎ᠠ ᠶ᠋ᠢᠨ ᠦᠩᠭᠡᠷᠡᠬᠦ ᠢᠨᠦ ᠦᠲᠦᠲᠦ ᠰᠣᠮᠣ ᠬᠠᠷᠪᠤᠭᠰᠠᠨ ᠮᠡᠲᠦ ᠲᠦᠷᠭᠡᠨ ᠃ ᠲᠣᠬᠤᠨᠲᠡᠮᠦᠷ ᠬᠠᠭᠠᠨ ᠰᠠᠭᠤᠷᠢᠨ᠎ᠠ ᠰᠠᠭᠤᠭᠠᠳ ᠤᠲᠠᠭᠰᠠᠨ ᠦᠭᠡᠢ ᠭᠤᠷᠪᠠᠨ ᠵᠢᠯ ᠦ᠋ᠨ ᠨᠢᠭᠤᠷ ᠦᠵᠡᠯᠦᠭᠡ ᠃ ᠵᠡᠭᠦᠨ ᠭᠠᠷᠤᠨ ᠴᠢᠩᠰᠠᠩ ᠰᠠᠲᠢ ᠡᠪᠡᠤᠠᠴᠢᠨ ᠶ᠋ᠢᠡᠷ ᠦᠭᠡᠲᠡ ᠪᠣᠯᠵᠤ ᠪᠠᠷᠠᠭᠤᠨ ᠭᠠᠷᠤᠨ ᠴᠢᠩᠰᠠᠩ ᠪᠠᠶᠠᠨ ᠵᠠᠰᠠᠭ ᠲᠥᠷᠥ ᠶ᠋ᠢᠨ ᠪᠦᠬᠦ ᠡᠷᠬᠡ ᠶ᠋ᠢ ᠡᠵᠡᠷᠬᠡᠭᠯᠡᠪᠡ ᠃ ᠡᠭᠦᠨ ᠳ᠋ᠦ᠍ᠷ ᠢᠦᠢ᠌ᠢ᠍ᠱᠢ ᠳ᠋ᠠᠶ᠋ᠢᠹᠦ᠋ ᠳᠦᠰᠢᠮᠡᠯ ᠲᠠᠩᠭᠢᠰ ᠶᠡᠬᠡᠲᠡ ᠳᠤᠷ᠎ᠠ ᠦᠭᠡᠶ᠋ᠢᠴᠡᠪᠡ ᠃
ᠲᠠᠩᠭᠢᠰ ᠄ 《 ᠳᠡᠯᠡᠬᠡᠢ ᠳ᠋ᠠᠬᠢᠨ ᠬᠡᠮᠡᠭᠴᠢ ᠪᠢᠲᠡᠨ ᠪ ᠭᠡᠷ ᠲᠣᠭᠲᠠᠭᠠᠬᠰᠠᠨ ᠪᠦᠯᠦᠭᠡ ᠃ ᠪᠠᠶᠠᠨ ᠶᠠᠮᠠᠷ ᠵᠡᠷᠭᠡ ᠲᠤ ᠬᠥᠮᠦᠨ ᠬᠡᠮᠡᠨ ᠡᠲᠦᠭᠡ ᠵᠣᠷᠢᠭᠤᠲᠠ ᠢᠯᠲᠦ ᠰᠦᠢᠷᠡᠵᠦ ᠪᠢᠲᠡᠨ ᠪ ᠣᠷᠲᠣᠨ ᠭᠡᠷ ᠶ᠋ᠢᠡᠷ ᠨᠠᠭᠠᠰᠢ ᠴᠠᠭᠠᠰᠢ ᠶᠠᠪᠤᠵᠤ ᠠᠭᠠᠰᠢᠯᠠᠮᠤᠢ 》 ᠬᠡᠮᠡᠮᠦᠢ ᠃
ᠲᠠᠩᠭᠢᠰ ᠲᠠᠨ ᠪᠠᠶᠠᠨ ᠯᠣᠬ᠋ᠠ ᠤᠯᠠᠮ ᠠᠲᠠᠭᠠᠷᠬᠠᠬᠤ ᠪᠣᠯᠵᠤ ᠪᠠᠶᠠᠨ ᠊ᠢ ᠬᠦᠨᠲᠦᠤᠠᠬᠡᠨ ᠬᠡᠷᠡᠭᠯᠡᠭᠰᠡᠨ ᠲᠣᠬᠤᠨᠲᠡᠮᠦᠷ ᠬᠠᠭᠠᠨ ᠊ᠢ ᠬᠣᠷᠤᠰᠴᠦ ᠡᠬᠢᠯᠡᠪᠡ ᠃ ᠲᠡᠶ᠋ᠢᠨ ᠬᠦ ᠱᠠᠩᠲᠤ ᠬᠣᠲᠠᠨ᠎ᠠ ᠪᠠᠶ᠋ᠢᠬ᠋᠎ᠠ ᠶᠡᠬᠡ ᠠᠪᠠᠬ᠋᠎ᠠ ᠲᠠᠷᠢᠨᠲᠠᠷᠠ ᠳ᠋ᠦ᠍ᠷ ᠵᠠᠬᠢᠲᠠᠯ ᠢᠯᠡᠭᠡᠵᠦ 《 ᠪᠠᠶᠠᠨ ᠴᠢᠩᠰᠠᠩ ᠬᠠᠷᠬᠢᠰ ᠳᠦᠷᠢᠮᠡᠬᠡᠢ ᠂ ᠲᠣᠬᠤᠨᠲᠡᠮᠦᠷ ᠦᠬᠦᠭᠡᠨᠴᠡ ᠡᠷᠭᠢᠭᠦᠦ ᠲᠤᠯᠠ ᠲᠡᠭᠦᠨ ᠊ᠢ ᠵᠠᠶ᠋ᠢᠯᠠᠭᠤᠯᠵᠤ ᠮᠥᠩᠬᠡ ᠬᠠᠭᠠᠨ ᠪ ᠬᠣᠶ᠋ᠢᠴᠢᠰ ᠬᠣᠩᠬᠤᠲᠡᠮᠦᠷ ᠊ᠢ ᠪᠠᠶ᠋ᠢᠭᠤᠯᠰᠤᠭᠠᠢ 》 ᠬᠡᠮᠡᠪᠡ ᠃
ᠲᠠᠷᠢᠨᠲᠠᠷᠠ ᠂ ᠠᠴᠢ ᠬᠥᠪᠡᠭᠦᠨ ᠲᠠᠩᠭᠢᠰ ᠦ᠋ᠨ ᠵᠠᠬᠢᠲᠠᠯ ᠊ᠢ ᠣᠯᠤᠭᠠᠳ ᠲᠥᠷᠥᠯ ᠦ᠋ᠨ ᠨᠤᠶᠠᠨ ᠬᠣᠩᠬᠤᠲᠡᠮᠦᠷ ᠯᠤᠭᠡ ᠵᠦᠪᠲᠡᠪᠡᠰᠦ ᠂ ᠬᠣᠩᠬᠤᠲᠡᠮᠦᠷ ᠤᠭ ᠠ᠋ᠴᠠ ᠲᠣᠬᠤᠨᠲᠡᠮᠦᠷ ᠶ᠋ᠢᠡᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠬᠤ ᠳᠤ ᠳᠤᠷ᠎ᠠ ᠮᠠᠭᠤᠲᠠᠢ ᠪᠠᠶ᠋ᠢᠬᠰᠠᠨ ᠲᠤᠯᠠ ᠲᠠᠷᠢᠨᠲᠠᠷᠠ ᠶ᠋ᠢ ᠳᠠᠮᠵᠢᠵᠤ ᠴᠡᠷᠢᠭ ᠵᠠᠬᠢᠷᠤᠨ ᠨᠡᠶ᠋ᠢᠰᠯᠡᠯ ᠬᠣᠲᠠᠨ᠎ᠠ ᠣᠷᠣᠵᠤ ᠲᠦᠷᠦ ᠶ᠋ᠢᠨ ᠬᠣᠪᠢᠰᠤᠯ ᠭᠠᠷᠭᠠᠨ ᠲᠣᠬᠤᠨᠲᠡᠮᠦᠷ ᠊ᠢ ᠶᠡᠬᠡ ᠬᠠᠭᠠᠨ ᠪ ᠰᠠᠭᠤᠷᠢᠨ ᠠ᠋ᠴᠠ ᠬᠦᠭᠡᠭᠡᠵᠦ ᠪᠠᠭᠤᠯᠭᠠᠬᠤ ᠶ᠋ᠢ ᠰᠠᠨᠠᠭᠤᠯᠪᠠ ᠃
ᠲᠡᠲᠦᠢ ᠳ᠋ᠦ᠍ᠷ ᠳ᠋ᠠᠨ ᠸᠠᠩ ᠴᠡᠴᠡᠨᠲᠦ ( ᠮᠥᠩᠬᠡ ᠬᠠᠭᠠᠨ ᠪ ᠬᠣᠶ᠋ᠢᠴᠢᠰ ᠂ ᠬᠣᠩᠬᠤᠲᠡᠮᠦᠷ ᠦ᠋ᠨ ᠠᠬ᠎ᠠ ) ᠡᠨᠡ ᠮᠡᠲᠡᠭᠡ ᠶ᠋ᠢ ᠲᠠᠩᠨᠡᠨ ᠣᠯᠤᠭᠠᠳ ᠲᠣᠬᠤᠨᠲᠡᠮᠦᠷ ᠬᠠᠭᠠᠨ᠎ᠠ ᠠᠶ᠋ᠢᠯᠡᠤᠠᠬᠠᠪᠠ ᠃ ᠲᠣᠬᠤᠨᠲᠡᠮᠦᠷ ᠲᠡᠷᠡ ᠳᠠᠷᠤᠢ ᠵᠠᠷᠯᠢᠬ ᠪᠠᠭᠤᠯᠭᠠᠵᠤ ᠲᠠᠷᠢᠨᠲᠠᠷᠠ ᠶ᠋ᠢ ᠨᠡᠶ᠋ᠢᠰᠯᠡᠯ ᠬᠣᠲᠠᠨ᠎ᠠ ᠪᠠᠷᠠᠯᠬᠠᠯ ᠳ᠋ᠦ᠍ᠷ ᠮᠣᠷᠢᠯᠠᠨ ᠰᠠᠭᠠᠲᠠ ᠬᠡᠮᠡᠨ ᠳᠠᠭᠤᠳᠠᠪᠠ ᠃ ᠲᠠᠷᠢᠨᠲᠠᠷᠠ ᠭᠡᠮ ᠲᠡᠢ ᠬᠥᠮᠦᠨ ᠭᠡᠭᠡᠨ ᠤᠬᠠᠭᠠᠨ ᠲᠠᠢ ᠭᠡᠭᠴᠢ ᠰᠢᠯᠲᠠᠭ ᠬᠡᠯᠡᠵᠦ ᠪᠠᠷᠠᠯᠬᠠᠯ ᠳ᠋ᠦ᠍ᠷ ᠢᠷᠡᠭᠰᠡᠨ ᠦᠭᠡᠢ ᠃ ᠲᠣᠬᠤᠨᠲᠡᠮᠦᠷ ᠬᠠᠭᠠᠨ ᠪᠠᠶᠠᠨ ᠯᠤᠬ᠋᠎ᠠ ᠵᠦᠪᠲᠡᠵᠦ ᠲᠠᠩᠭᠢᠰ ᠲᠠᠨ ᠪ ᠲᠦᠷᠦ ᠶ᠋ᠢᠨ ᠬᠤᠪᠢᠰᠤᠯ ᠭᠠᠷᠭᠠᠬᠤ ᠣᠪ ᠶᠠᠪᠤᠭᠤᠯᠬ᠋ᠠ ᠶ᠋ᠢ ᠴᠢᠩᠬ᠋᠎ᠠ ᠰᠡᠷᠭᠡᠶ᠋ᠢᠯᠡᠪᠡ ᠃
ᠪᠠᠶᠠᠨ ᠂ ᠲᠠᠩᠭᠢᠰ ᠪᠣᠯᠤᠨ ᠲᠡᠭᠦᠨ ᠪ ᠬᠠᠮᠰᠠᠭᠠᠲᠠᠨ ᠊ᠢ ᠠᠷᠢᠯᠭᠠᠵᠤ ᠦᠪᠡᠷ ᠦ᠋ᠨ ᠢᠵᠢᠯᠢ ᠪᠤᠷᠤᠭᠤ ᠡᠲᠡᠭᠡᠳ ᠶ᠋ᠢᠡᠨ ᠡᠨᠡ ᠬᠦ ᠵᠠᠪᠰᠢᠶᠠᠨ ᠊ᠢ ᠠᠰᠢᠬᠯᠠᠨ ᠴᠡᠪᠡᠷᠯᠡᠨ ᠤᠰᠠᠤᠠᠬᠠᠬᠤ ᠶ᠋ᠢ ᠰᠠᠨᠠᠵᠤ ᠂ ᠲᠣᠬᠤᠨᠲᠡᠮᠦᠷ ᠬᠠᠭᠠᠨ ᠪ ᠵᠠᠷᠯᠢᠬ ᠶ᠋ᠢᠠᠷ ᠨᠡᠶ᠋ᠢᠰᠯᠡᠯ ᠬᠣᠲᠠ ᠶ᠋ᠢᠨ ᠡᠯ᠎ᠡ ᠬᠠᠭᠠᠯᠬ᠋ᠠ ᠵᠢᠴᠢ ᠴᠢᠬᠤᠯᠠ ᠭᠠᠵᠠᠷ ᠲᠤ ᠴᠡᠷᠢᠭ ᠲᠣᠮᠢᠯᠠᠨ ᠰᠠᠬᠢᠭᠤᠯᠵᠦ ᠂ ᠲᠠᠩᠭᠢᠰ ᠲᠠᠨ ᠬᠠᠭᠠᠨ ᠪ ᠣᠷᠲᠤᠨ᠎ᠠ ᠰᠢᠷᠭᠤᠯᠠᠨ ᠣᠷᠣᠵᠤ ᠢᠷᠡᠪᠡᠯ ᠪᠠᠷᠢᠵᠤ ᠠᠪᠬᠤ ᠪᠠᠷ ᠪᠡᠯᠡᠤᠠᠭᠡᠪᠡ ᠃
ᠲᠠᠩᠭᠢᠰ ᠂ ᠬᠡᠷᠡᠭ ᠰᠡᠷᠡᠭᠳᠡᠭᠰᠡᠨ ᠊ᠢ ᠮᠡᠲᠡᠭᠡᠳ ᠵᠢᠷᠭᠤᠭᠠᠨ ᠰᠠᠷ᠎ᠠ ᠶ᠋ᠢᠨ ᠭᠤᠴᠢᠨ ᠪ ᠰᠥᠨᠢ ᠲᠠᠶ᠋ᠢᠲᠦ ᠬᠣᠲᠠ ᠶ᠋ᠢᠨ ᠵᠡᠭᠦᠨ ᠲᠡᠭᠦᠷᠭᠡ ᠳᠤ ᠴᠡᠷᠢᠭ ᠪᠥᠭᠬᠦᠭᠡᠳ ᠳᠡᠭᠦᠦ ᠲᠠᠷᠠᠬᠠᠢ ᠯᠤᠬ᠋᠎ᠠ ᠬᠠᠮᠲᠤ ᠪᠠᠭᠠᠲᠤᠷ ᠡᠷᠡᠴᠦᠳ ᠲᠠᠪᠢᠭᠠᠳ ᠬᠥᠮᠦᠨ ᠊ᠢ ᠳᠠᠭᠠᠭᠤᠯᠵᠤ ᠬᠠᠭᠠᠨ ᠪ ᠣᠷᠲᠣᠨ ᠳᠤ ᠳᠠᠭᠠᠷᠢᠨ ᠣᠷᠤᠪᠠ ᠃ ᠠᠯᠢ ᠬᠡᠲᠦᠶ᠋ᠢᠨ ᠪᠡᠯᠡᠤᠠᠬᠡᠯ ᠲᠡᠢ ᠪᠠᠶ᠋ᠢᠬᠰᠠᠨ ᠪᠠᠶᠠᠨ ᠂ ᠰᠢᠲᠡᠷ ᠴᠡᠷᠢᠭ ᠦ᠋ᠨ ᠵᠠᠬᠢᠷᠣᠭᠴᠢ ᠥᠯᠵᠡᠶ᠋ᠢᠲᠡᠮᠦᠷ ᠯᠤᠭᠡ ᠤᠭᠲᠤᠨ ᠪᠠᠶ᠋ᠢᠯᠲᠤᠭᠠᠳ ᠲᠠᠩᠭᠢᠰ ᠊ᠢ ᠠᠮᠢᠲᠤ ᠪᠠᠷ ᠪᠠᠷᠢᠵᠤ ᠲᠣᠬᠤᠨᠲᠡᠮᠦᠷ ᠬᠠᠭᠠᠨ ᠳᠤ ᠳᠠᠷᠤᠵᠤ ᠠᠪᠠᠴᠢᠬᠤ ᠬᠡᠮᠡᠬᠦᠶ᠎ᠡ ᠲᠠᠩᠭᠢᠰ ᠬᠠᠷᠰᠢ ᠶ᠋ᠢᠨ ᠬᠡᠷᠡᠰᠬᠡ ᠶ᠋ᠢᠨ ᠲᠦᠰᠢᠭᠦᠷ ᠮᠣᠲᠣ ᠶ᠋ᠢ ᠵᠠᠭᠤᠷᠠᠭᠠᠳ ᠬᠤᠭᠤᠷᠠᠲᠠᠯ᠎ᠠ ᠴᠢᠩᠭᠠᠭᠠᠵᠤᠬᠤᠢ ᠃ ᠲᠠᠩᠭᠢᠰ ᠦ᠋ᠨ ᠳᠡᠭᠦᠦ ᠲᠠᠷᠠᠬᠠᠢ ᠠᠶᠤᠬᠤ ᠳᠤ ᠪᠠᠨ ᠡᠭᠡᠴᠢ ᠳ᠋ᠠᠨᠠᠰᠢᠷᠢ ᠬᠠᠲᠤᠨ ᠪ ᠣᠷᠳᠣᠨ ᠳᠤ ᠳᠤᠲᠠᠭᠠᠨ ᠣᠷᠣᠪᠠ᠃ ᠪᠠᠶᠠᠨ ᠂ ᠰᠢᠳᠠᠷ ᠴᠡᠷᠢᠭ ᠊ᠢ ᠵᠠᠬᠢᠷᠴᠤ ᠬᠠᠲᠤᠨ ᠪ ᠣᠷᠲᠣᠨ ᠊ᠢ ᠨᠡᠩᠵᠢᠬᠦᠶᠡ ᠂ ᠳ᠋ᠠᠨᠠᠰᠢᠷᠢ ᠬᠠᠲᠤᠨ ᠪᠠᠷ ᠳᠠᠷᠠᠬᠠᠢ ᠶ᠋ᠢ ᠰᠠᠭᠤᠳᠠᠯ ᠳᠣᠣᠷ᠎ᠠ ᠪᠠᠨ ᠨᠢᠭᠤᠵᠤ ᠳᠡᠪᠡᠯ ᠦ᠋ᠨ ᠬᠣᠷᠮᠣᠢ ᠪᠡᠷ ᠬᠠᠯᠬᠠᠯᠠᠨ ᠰᠠᠭᠤᠵᠤᠬᠤᠢ᠃ ᠪᠠᠶᠠᠨ ᠂ ᠰᠢᠳᠠᠷ ᠴᠡᠷᠢᠭ ᠊ᠢ ᠵᠠᠷᠯᠢᠭᠳᠠᠵᠤ ᠬᠣᠷᠮᠣᠢ ᠶ᠋ᠢ ᠢᠷᠡᠨ ᠴᠢᠷᠴᠦ ᠭᠠᠷᠭᠠᠭᠠᠳ ᠴᠠᠪᠴᠢᠨ ᠠᠯᠠᠭᠰᠠᠨᠠ ᠴᠢᠰᠤᠨ ᠠᠨᠤ ᠬᠤᠸᠠᠩᠬᠡᠦ ᠶ᠋ᠢᠨ ᠳᠡᠪᠡᠯ ᠳ᠋ᠤᠷ ᠦᠰᠦᠷᠪᠡ᠃ ᠲᠡᠩᠭᠢᠰ ᠊ᠢ ᠵᠡᠭᠡᠯᠢ ᠳᠤ ᠴᠢᠷᠴᠦ ᠠᠪᠠᠴᠢᠭᠠᠳ ᠮᠥᠨ ᠴᠠᠪᠴᠢᠨ ᠠᠯᠠᠵᠠᠢ᠃
ᠲᠠᠩᠭᠢᠰ ᠦ᠋ᠨ ᠬᠠᠮᠰᠠᠭᠠᠲᠠᠳ ᠱᠠᠩᠲᠤ ᠬᠣᠲᠠᠨ᠎ᠠ ᠲᠠᠷᠢᠨᠲᠠᠷᠠ ᠶ᠋ᠢ ᠡᠷᠢᠵᠦ ᠢᠷᠡᠭᠡᠳ ᠲᠤᠰᠠᠯᠠᠮᠵᠢ ᠭᠤᠶᠤᠪᠠ᠃ ᠲᠠᠷᠢᠨᠲᠠᠷᠠ ᠥᠪᠡᠷ ᠦ᠋ᠨ ᠨᠥᠬᠥᠷ ᠰᠡᠯᠲᠡ ᠪᠡᠨ ᠳᠠᠭᠠᠭᠤᠯᠵᠤ ᠴᠡᠷᠢᠭ ᠵᠠᠬᠢᠷᠤᠨ ᠲᠤᠰᠠᠯᠠᠷ᠎ᠠ ᠢᠷᠡᠭᠡᠳ ᠵᠠᠮ ᠵᠠᠭᠤᠷ᠎ᠠ ᠪᠠᠨ ᠪᠠᠶᠠᠨ ᠪ ᠲᠣᠮᠢᠯᠠᠭᠰᠠᠨ ᠴᠡᠷᠢᠭ ᠯᠤᠭᠡ ᠬᠠᠷᠭᠤᠵᠤ ᠪᠠᠶ᠋ᠢᠯᠳᠤᠨ ᠳᠠᠷᠤᠭᠳᠠᠭᠠᠳ ᠲᠠᠷᠢᠨᠲᠠᠷᠠ ᠠᠯᠠᠭᠲᠠᠵᠤ᠂ ᠬᠣᠩᠬᠤᠲᠡᠮᠦᠷ ᠪᠡᠶ᠎ᠡ ᠪᠡᠨ ᠬᠣᠣᠷᠯᠠᠨ ᠦᠬᠦᠪᠡ᠃ ᠡᠶ᠋ᠢᠨ ᠬᠦ ᠲᠠᠩᠭᠢᠰ ᠨᠠᠷ ᠦ᠋ᠨ ᠡᠭᠦᠰᠭᠡᠭᠰᠡᠨ ᠲᠦᠷᠦ ᠶ᠋ᠢᠨ ᠬᠣᠪᠢᠰᠤᠯ ᠨᠢ ᠰᠠᠯᠬᠢᠨ᠎ᠠ ᠦᠯᠢᠶᠡᠭᠳᠡᠭᠰᠡᠨ ᠡᠭᠦᠯᠡ ᠮᠠᠨᠠᠨ ᠮᠡᠲᠦ ᠤᠳᠠᠭᠰᠠᠨ ᠦᠭᠡᠢ ᠳᠠᠷᠤᠭᠳᠠᠪᠠ᠃
ᠲᠠᠨᠲᠠᠴᠨ ᠪᠠᠶᠠᠨ ᠂ ᠲᠣᠬᠤᠨᠲᠡᠮᠦᠷ ᠬᠠᠭᠠᠨ ᠊ᠢ ᠡᠷᠢᠵᠦ ᠣᠴᠢᠭᠠᠳ᠄ 《 ᠬᠣᠸᠠᠩᠭᠡᠤ ᠬᠡᠮᠡᠭᠴᠢ ᠲᠠᠩᠭᠢᠰ ᠦ᠋ᠨ ᠥᠬᠢᠨ ᠳᠡᠭᠦᠦ ᠪᠦᠬᠦᠢ ᠶ᠋ᠢᠨ ᠲᠤᠯᠠ ᠵᠦᠢ ᠠᠨᠤ ᠴᠠᠭᠠᠵᠠ ᠲᠤᠯᠭᠠᠪᠠᠰᠤ ᠵᠣᠬᠢᠮᠤᠢ 》 ᠬᠡᠮᠡᠨ ᠠᠶ᠋ᠢᠯᠠᠳᠬᠠᠭᠰᠠᠨ ᠳᠤ ᠲᠣᠬᠣᠨᠲᠡᠮᠤᠷ ᠬᠠᠭᠠᠨ ᠬᠠᠷᠠᠬᠠᠨ ᠳᠠᠭᠤᠨ ᠦᠭᠡᠢ ᠪᠠᠶ᠋ᠢᠵᠤᠬᠤᠢ ᠃ ᠪᠠᠶᠠᠨ ᠂ ᠲᠣᠬᠣᠨᠲᠡᠮᠤᠷ ᠬᠠᠭᠠᠨ ᠳᠠᠭᠤᠨ ᠦᠭᠡᠢ ᠳᠤ ᠶᠡᠬᠡᠳᠡ ᠬᠢᠯᠢᠩᠨᠡᠨ ᠥᠨᠳᠥᠷ ᠳᠠᠭᠤᠨ ᠶ᠋ᠢᠠᠷ ᠰᠢᠳᠠᠷ ᠴᠡᠷᠢᠭ ᠊ᠢ ᠵᠠᠩᠲᠤᠷᠤᠨ 《 ᠳ᠋ᠠᠨᠠᠰᠢᠷᠢ ᠶ᠋ᠢ ᠪᠡᠷᠢ ! 》 ᠬᠡᠮᠡᠬᠦᠶ᠎ᠡ ᠰᠢᠳᠠᠷ ᠴᠡᠷᠢᠭ ᠦ᠋ᠳ ᠬᠠᠭᠠᠨ ᠪ ᠵᠠᠷᠯᠢᠬ ᠦᠭᠡᠢ ᠲᠤᠯᠠ ᠠᠶᠤᠮᠰᠢᠬ ᠦᠭᠡᠢ ᠣᠷᠳᠣᠨ ᠳ᠋ᠤᠷ ᠣᠷᠣᠵᠤ ᠭᠠᠷ ᠬᠥᠳᠡᠯᠵᠦ ᠴᠢᠳᠠᠬᠤ ᠦᠭᠡᠢ ᠪᠠᠶ᠋ᠢᠪᠠ᠃ ᠪᠠᠶᠠᠨ ᠠᠭᠤᠷᠯᠠᠬᠤ ᠳᠤ ᠪᠡᠨ ᠥᠪᠡᠷ ᠦ᠋ᠨ ᠪᠡᠶ᠎ᠡ ᠪᠡᠷ ᠣᠷᠳᠣᠨ ᠳ᠋ᠤᠷ ᠣᠷᠣᠵᠤ ᠳ᠋ᠠᠨᠠᠰᠢᠷᠢ ᠶ᠋ᠢᠨ ᠡᠮᠦᠨ᠎ᠡ ᠢᠷᠡᠭᠡᠳ ᠦᠰᠦᠨ ᠡᠴᠡ ᠲᠠᠲᠠᠵᠤ ᠭᠠᠵᠠᠷ ᠤᠨᠠᠭᠠᠪᠠ᠃
ᠳ᠋ᠠᠨᠠᠰᠢᠷᠢ ᠬᠣᠸᠠᠩᠭᠡᠤ ᠪᠠᠷ ᠬᠠᠭᠠᠨ ᠊ᠢ ᠳᠠᠭᠤᠳᠠᠨ ᠦᠭᠦᠯᠡᠷᠦᠨ ᠄ 《 ᠡᠵᠡᠨ ᠨᠠᠮ᠎ᠠ ᠶ᠋ᠢ ᠠᠷᠠᠴᠢᠯᠠ ! 》 ᠭᠡᠮᠡᠬ᠋ᠰᠡᠨᠡ ᠬᠠᠭᠠᠨ ᠵᠠᠷᠯᠢᠬ ᠪᠣᠯᠣᠷᠣᠨ ᠄ 《 ᠴᠢᠨᠦ ᠠᠬ᠎ᠠ ᠳᠡᠭᠦᠦ ᠨᠠᠷ ᠲᠡᠷᠰᠯᠡᠭᠦᠦ ᠪᠡᠷ ᠶᠠᠪᠤᠭᠰᠠᠨ ᠲᠤᠯᠠᠳᠠ ᠬᠡᠷᠬᠢᠨ ᠠᠷᠠᠴᠢᠯᠠᠵᠤ ᠪᠣᠯᠣᠮᠣᠢ 》 ᠬᠡᠮᠡᠪᠡ ᠃ ᠪᠠᠶᠠᠨ ᠂ ᠳ᠋ᠠᠨᠠᠰᠢᠷᠢ ᠶᠢ ᠣᠷᠲᠣᠨ ᠠ᠋ᠴᠠ ᠭᠠᠷᠭᠠᠵᠤ ᠬᠣᠲᠠ ᠶ᠋ᠢᠨ ᠲᠡᠭᠦᠷᠭᠡ ᠶ᠋ᠢᠨ ᠨᠢᠭᠡᠨ ᠢᠷᠭᠡᠨ ᠪ ᠭᠡᠷ ᠲᠦ ᠠᠪᠠᠴᠢᠭᠠᠳ ᠬᠣᠣᠷ ᠢᠲᠡᠭᠦᠯᠦᠨ ᠠᠯᠠᠪᠠ ᠃
ᠪᠠᠶᠠᠨ ᠂ ᠲᠠᠩᠭᠢᠰ ᠠᠬ᠎ᠠ ᠳᠡᠭᠦᠦ ᠬᠣᠶᠠᠭᠤᠯᠠ ᠶ᠋ᠢᠨ ᠡᠭᠦᠰᠭᠡᠭᠰᠡᠨ ᠲᠥᠷᠥ ᠶ᠋ᠢᠨ ᠬᠤᠪᠢᠰᠤᠯ ᠊ᠢ ᠳᠠᠷᠤᠩᠭᠤᠶ᠋ᠢᠯᠠᠵᠤ ᠳᠠᠬᠢᠨᠲᠠ ᠰᠢᠨ᠎ᠡ ᠭᠠᠪᠢᠶ᠎ᠠ ᠪᠠᠶ᠋ᠢᠭᠤᠯᠵᠤ ᠂ ᠲᠣᠬᠣᠨᠲᠡᠮᠤᠷ ᠬᠠᠭᠠᠨ ᠪ ᠢᠲᠡᠭᠡᠯ ᠬᠠᠶ᠋ᠢᠷ᠎ᠠ ᠶ᠋ᠢ ᠪᠠᠰᠠ ᠨᠢᠭᠡ ᠤᠲᠠᠬ᠋᠎ᠠ ᠶᠡᠬᠡᠲᠡ ᠣᠯᠪᠠ ᠃
ᠲᠣᠬᠣᠨᠲᠡᠮᠤᠷ ᠬᠠᠭᠠᠨ ᠵᠠᠷᠯᠢᠬ ᠪᠠᠭᠤᠯᠭᠠᠵᠤ ᠪᠠᠶᠠᠨ ᠳᠤ ᠳᠠᠷᠬᠠᠨ ᠴᠣᠯᠠ ᠰᠣᠶᠣᠷᠬᠠᠵᠤ ᠦᠶ᠎ᠡ ᠤᠯᠠᠷᠢᠨ ᠵᠠᠯᠭᠠᠮᠵᠢᠯᠠᠭᠤᠯᠬᠤ ᠪᠠᠷ ᠪᠣᠯᠭᠠᠪᠠ ᠃
ᠪᠠᠶᠠᠨ ᠂ ᠲᠣᠬᠣᠨᠲᠡᠮᠤᠷ ᠬᠠᠭᠠᠨ ᠪ ᠢᠲᠡᠭᠡᠯ ᠬᠠᠶ᠋ᠢᠷ᠎ᠠ ᠶ᠋ᠢ ᠣᠯᠤᠭᠠᠳ ᠡᠷᠬᠡ ᠰᠦᠷ ᠡᠲᠦᠷ ᠢᠷᠡᠬᠦᠶ᠎ᠡ ᠨᠡᠮᠡᠭᠳᠡᠭᠰᠡᠨ ᠳ᠋ᠤᠷ ᠲᠥᠪ ᠪᠢᠴᠢᠭ᠌ ᠦ᠋ᠨ ᠮᠤᠵᠢ ᠂ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠂ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠪᠢᠴᠢᠭ᠌ ᠴᠡᠷᠢᠭ ᠦ᠋ᠨ ᠲᠦᠰᠢᠮᠡᠳ ᠲᠡᠭᠦᠨ ᠪ ᠰᠦᠷ ᠬᠦᠴᠦᠨ ᠡᠴᠡ ᠠᠶᠤᠵᠤ ᠵᠠᠷᠢᠮ ᠨᠢ ᠲᠡᠭᠦᠨ ᠊ᠢ ᠵᠢᠰᠤᠷᠲᠠᠨ ᠪᠢᠯᠪᠢᠭᠦᠷᠲᠡᠵᠦ ᠡᠬᠢᠯᠡᠪᠡ ᠃
ᠲᠡᠲᠦᠢ ᠳ᠋ᠤᠷ ᠫᠢᠩ ᠵᠠᠩ ᠵᠸᠩᠱᠢ ᠲᠦᠰᠢᠮᠡᠯ ᠴᠡᠯᠢᠲᠡᠮᠤᠷ ᠂ ᠪᠠᠶᠠᠨ ᠪ ᠮᠥᠴᠡᠯᠭᠡ ᠶ᠋ᠢᠨ ᠳᠦᠷᠢᠮ ᠳᠤ ᠦᠯᠦ ᠲᠠᠭᠠᠰᠢᠶᠠᠬᠤ ᠶ᠋ᠢ ᠮᠡᠲᠡᠭᠡᠳ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠵᠤ ᠂ ᠰᠤᠷᠭᠠᠭᠤᠯᠢ ᠶ᠋ᠢᠨ ᠲᠠᠷᠢᠶᠠᠨ ᠊ᠢ ᠴᠡᠷᠢᠭ ᠦ᠋ᠨ ᠬᠣᠭᠣᠯᠠ ᠬᠦᠨᠡᠰᠦᠨ ᠪ ᠰᠠᠭᠤᠷᠢᠨ ᠪᠣᠯᠭᠠᠬᠤ ᠪᠠᠷ ᠠᠶ᠋ᠢᠯᠠᠤᠠᠬᠠᠪᠠ ᠃
ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠲᠦᠰᠢᠮᠡᠯ ᠯᠢᠦᠢ ᠰᠸ ᠴᠸᠩ ᠵᠡᠷᠭᠡ ᠠᠷᠪᠠ ᠶᠢᠰᠦᠨ ᠬᠥᠮᠦᠨ ᠴᠡᠯᠢᠲᠡᠮᠤᠷ ᠦ᠋ᠨ ᠡᠨᠡ ᠬᠦ ᠠᠶ᠋ᠢᠯᠠᠤᠠᠬᠠᠯ ᠊ᠢ ᠡᠷᠡᠰ ᠡᠰᠡᠷᠭᠦᠴᠡᠨ ᠲᠤᠰᠢᠶᠠᠯ ᠠ᠋ᠴᠠ ᠪᠠᠨ ᠤᠭᠴᠤᠷᠡᠪᠠ ᠃ ᠼᠠᠨ ᠵᠸᠩ ᠲᠦᠰᠢᠮᠡᠯ ᠰᠢᠦᠢ ᠶᠢᠦ ᠿᠸᠨ ᠪᠠᠷ ᠪᠠᠷᠠᠭᠤᠨ ᠭᠠᠷᠤᠨ ᠴᠢᠩᠰᠠᠩ ᠪᠠᠶᠠᠨ ᠊ᠢ ᠡᠷᠢᠵᠦ ᠣᠴᠢᠭᠠᠳ ᠥᠭᠦᠯᠡᠷᠦᠨ ᠄ 《 ᠳᠠᠶ᠋ᠢᠱᠢ ᠪᠠᠷ ᠵᠠᠰᠠᠭ ᠲᠥᠷᠥ ᠶ᠋ᠢᠨ ᠡᠷᠬᠡ ᠶ᠋ᠢ ᠠᠤᠠᠬᠤᠵᠤ ᠪᠠᠶ᠋ᠢᠬ᠋᠎ᠠ ᠲᠤᠯᠠ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠬᠤ ᠲᠤᠬᠠᠢ ᠬᠡᠷᠬᠢᠨ ᠦᠵᠡᠵᠦ ᠪᠠᠶ᠋ᠢᠨᠡᠮ ? 》 ᠬᠡᠮᠡᠪᠡ ᠃
ᠪᠠᠶᠠᠨ ᠥᠭᠦᠯᠡᠷᠦᠨ ᠄ 《 ᠮᠥᠴᠡᠯᠭᠡ ᠶ᠋ᠢᠨ ᠳᠦᠷᠢᠮ ᠶᠠᠮᠠᠷ ᠬᠡᠷᠡᠭ ᠪᠤᠢ ?》
ᠰᠢᠦᠢ ᠶᠢᠦ ᠿᠸᠨ ᠥᠭᠦᠯᠡᠷᠦᠨ ᠄ 《 ᠲᠦᠰᠢᠮᠡᠯ ᠪᠢ ᠤᠯᠤᠰ ᠲᠥᠷᠥ ᠶ᠋ᠢᠨ ᠬᠡᠰᠢᠭ ᠊ᠢ ᠬᠦᠨᠲᠦ ᠬᠦᠷᠲᠡᠵᠦ ᠼᠠᠨ ᠵᠸᠩ ᠲᠦᠰᠢᠮᠡᠯ ᠦ᠋ᠨ ᠲᠤᠰᠢᠶᠠᠯ ᠳ᠋ᠤᠷ ᠳᠡᠪᠰᠢᠭᠰᠡᠨ ᠪᠥᠯᠥᠭᠡ ᠃ ᠮᠥᠴᠡᠯᠭᠡ ᠶ᠋ᠢᠨ ᠳᠦᠷᠢᠮ ᠤᠯᠤᠰ ᠲᠣᠷ ᠠᠰᠢᠬᠲᠠᠢ ᠠ᠋ᠴᠠ ᠪᠢᠰᠢ ᠬᠣᠣᠷ ᠲᠠᠢ ᠪᠤᠰᠤ ᠂ ᠬᠡᠷᠪᠡ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠪᠠᠰᠤ ᠡᠷᠲᠡᠮᠲᠡᠨ ᠴᠢᠲᠠᠪᠤᠷᠢᠲᠠᠨ ᠊ᠢ ᠬᠡᠷᠬᠢᠨ ᠣᠯᠤᠮᠤᠢ ? 》
ᠪᠠᠶᠠᠨ ᠥᠭᠦᠯᠡᠷᠦᠨ ᠄ 《 ᠥᠩᠭᠡᠷᠡᠭᠰᠡᠨ ᠳᠤ ᠤᠯᠤᠰ ᠠ᠋ᠴᠠ ᠮᠠᠰᠢ ᠠᠷᠪᠢᠨ ᠵᠣᠭᠣᠰ ᠮᠥᠩᠭᠥ ᠵᠠᠷᠤᠴᠠᠭᠤᠯᠤᠨ ᠮᠥᠴᠠᠵᠦ ᠠᠪᠤᠭᠰᠠᠨ ᠬᠥᠮᠦᠰ ᠦ᠋ᠨ ᠣᠯᠠᠩᠬᠢ ᠠᠨᠤ ᠠᠮᠠ ᠣᠷᠣᠯᠲᠣᠪᠠᠰᠤ ᠪᠣᠯᠬᠤ ᠠ᠋ᠴᠠ ᠪᠢᠰᠢ ᠂ ᠠᠵᠢᠯ ᠬᠢᠳᠡᠭ ᠦᠭᠡᠢ ᠠᠪᠯᠢᠭᠠᠴᠢ ᠲᠦᠰᠢᠮᠡᠳ ᠪᠠᠬ᠋᠎ᠠ ᠪᠤᠰᠤ ᠭᠠᠷᠪᠠᠢ ᠃ ᠮᠢᠨᠦ ᠦᠵᠡᠬᠦ ᠪᠡᠷ ᠲᠤᠰᠠ ᠦᠭᠡᠢ ᠃
ᠰᠢᠦᠢ ᠶᠢᠦ ᠿᠸᠨ ᠥᠭᠦᠯᠡᠷᠦᠨ ᠄ 《 ᠴᠢᠲᠠᠯ ᠦᠭᠡᠢ ᠠᠪᠯᠢᠭᠠᠴᠢ ᠲᠦᠰᠢᠮᠡᠯ ᠪᠦᠬᠦᠨ ᠴᠥᠮ ᠮᠥᠴᠡᠯᠭᠡ ᠡᠴᠡ ᠭᠠᠷᠤᠭᠰᠠᠨ ᠪᠢᠰᠢ ᠃ 》
ᠪᠠᠶᠠᠨ ᠥᠭᠦᠯᠡᠷᠦᠨ ᠄ 《 ᠡᠷᠲᠡᠮᠲᠡᠨ ᠴᠢᠲᠠᠪᠤᠷᠢᠲᠠᠨ ᠊ᠢ ᠪᠤᠰᠤᠳ ᠠᠷᠬ᠋᠎ᠠ ᠵᠠᠮ ᠶ᠋ᠢᠠᠷ ᠪᠠᠰᠠ ᠣᠯᠵᠤ ᠪᠣᠯᠤᠮᠤᠢ ᠃ ᠭᠠᠭᠴᠠ ᠬᠦ ᠮᠥᠴᠡᠯᠭᠡ ᠳ᠋ᠤᠷ ᠢᠲᠡᠭᠡᠬᠦ ᠪᠤᠰᠤ ᠃ 》
ᠰᠢᠦᠢ ᠶᠢᠦ ᠿᠸᠨ ᠥᠴᠢᠷᠦᠨ ᠄ 《 ᠮᠥᠴᠡᠯᠭᠡ ᠪᠡᠷ ᠱᠠᠲᠤ ᠭᠢᠰᠬᠢᠭᠦᠷ ᠪᠣᠯᠭᠠᠪᠠᠰᠤ ᠤᠯᠤᠰ ᠲᠥᠷᠥ ᠳ᠋ᠤᠷ ᠵᠢᠤᠠᠬᠦᠬᠦ ᠶ᠋ᠢ ᠬᠦᠰᠡᠭᠴᠢᠳ ᠣᠷᠣᠬᠤ ᠡᠭᠦᠲᠡ ᠬᠠᠭᠠᠯᠬ᠋ᠠ ᠲᠠᠢ ᠪᠣᠯᠬᠤ ᠪᠤᠶᠤ ᠃ ᠮᠥᠴᠡᠯᠭᠡ ᠶ᠋ᠢᠨ ᠳᠦᠷᠢᠮ ᠊ᠢ ᠬᠡᠷᠡᠭᠵᠢᠭᠦᠯᠦᠭᠡᠳ ᠬᠡᠲᠦᠨ ᠠᠷᠪᠠᠨ ᠵᠢᠯ ᠪᠣᠯᠪᠠᠢ ᠃ ᠡᠨᠡ ᠢᠨᠦ ᠳᠡᠭᠡᠳᠦᠰ ᠦ᠋ᠨ ᠬᠠᠤᠯᠢ ᠲᠣᠭᠲᠠᠭᠠᠯ ᠠᠵᠤᠭᠤ ᠂ ᠳᠠᠶ᠋ᠢᠱᠢ ᠪᠠᠷ ᠬᠢᠨᠠᠨ ᠦᠵᠡᠬᠦ ᠪᠣᠯᠪᠠᠤ ᠃ 》
ᠪᠠᠶᠠᠨ ᠥᠭᠦᠯᠡᠷᠦᠨ ᠄ 《 ᠬᠥᠪᠴᠢᠯᠡᠭᠰᠡᠨ ᠰᠤᠮᠤ ᠶ᠋ᠢ ᠬᠠᠷᠪᠤᠬᠤ ᠦᠭᠡᠢ ᠪᠠᠶ᠋ᠢᠵᠤ ᠶᠠᠭᠠᠬᠢᠨ ᠪᠣᠯᠤᠮᠤᠢ ᠃ ᠼᠠᠨ ᠵᠸᠩ ᠲᠠᠨ ᠠᠭᠤᠴᠢᠯᠠᠭᠠᠷᠠᠢ 》 ᠬᠡᠮᠡᠭᠡᠳ ᠳᠠᠷᠠᠬ᠋᠎ᠠ ᠡᠲᠦᠷ ᠦ᠋ᠨ ᠪᠠᠷᠡᠯᠬᠠᠯ ᠳᠤ ᠲᠥᠷᠥ ᠶ᠋ᠢᠨ ᠲᠦᠰᠢᠮᠡᠳ ᠦ᠋ᠨ ᠡᠮᠦᠨ᠎ᠡ ᠂ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠭᠰᠠᠨ ᠬᠠᠭᠠᠨ ᠪ ᠵᠣᠦ ᠪᠢᠴᠢᠭ᠌ ᠬᠡᠮᠡᠨ ᠣᠯᠠᠨ ᠪ ᠡᠮᠦᠨ᠎ᠡ ᠨᠠᠶ᠋ᠢᠲᠡᠯᠡᠪᠠ ᠃
ᠳᠠᠨᠲᠠᠴᠨ ᠢᠷᠣ᠎ᠠ ᠭᠠᠮᠰᠢᠬ ᠦᠷᠭᠦᠯᠵᠢ ᠪᠣᠯᠬᠤ ᠶ᠋ᠢᠨ ᠤᠴᠢᠷ ᠲᠣᠷ ᠂ ᠲᠣᠬᠣᠨᠲᠡᠮᠤᠷ ᠬᠠᠭᠠᠨ ᠪᠠᠷ ᠄ 《 ᠱᠶ᠋ᠽᠦ ᠬᠠᠭᠠᠨ ᠤᠲᠠᠭᠠᠨ ᠰᠠᠭᠤᠭᠰᠠᠨ ᠪᠥᠯᠥᠭᠡ ᠂ ᠲᠡᠭᠦᠨᠢ ᠳᠠᠭᠤᠷᠢᠶᠠᠰᠤᠭᠠᠢ 》 ᠬᠡᠮᠡᠭᠡᠳ ᠶᠤᠸᠠᠨ ᠲᠦᠩ ᠦ᠋ᠨ ᠭᠤᠷᠪᠠᠲᠤᠭᠠᠷ ᠣᠨ ᠊ᠢ ᠬᠠᠯᠠᠵᠤ ᡁᠢ ᠶᠤᠸᠠᠨ ᠪ ᠲᠡᠷᠢᠭᠦᠨ ᠣᠨ ᠬᠡᠮᠡᠪᠡ ᠃ ᠪᠠᠰᠠ ᠪᠣᠲᠡᠰᠢᠷᠢ ᠬᠤᠸᠠᠩ ᠲᠠᠶ᠋ᠢᠬᠡᠦ ᠶ᠋ᠢ 《 ᠲᠩᠷᠢ ᠳ᠋ᠤᠷ ᠢᠪᠡᠭᠡᠭᠲᠡᠵᠦ ᠪᠣᠭᠲᠠᠰ ᠊ᠢ ᠳᠡᠯᠭᠡᠷᠡᠭᠦᠯᠦᠭᠰᠡᠨ ᠂ ᠵᠣᠬᠢᠶᠠᠩᠭᠤᠢ ᠡᠷᠲᠡᠮᠲᠦ ᠭᠤᠸ᠋᠎ᠠ ᠦᠵᠡᠰᠬᠦᠯᠡᠩ ᠲᠡᠭᠦᠯᠲᠡᠷ ᠂ ᠪᠠᠲᠤ ᠭᠡᠭᠡᠬᠡᠨ ᠤᠬᠠᠭᠠᠨᠲᠤ ᠥᠷᠥᠰᠢᠶᠡᠩᠭᠦᠢ ᠨᠢᠭᠦᠯᠡᠰᠬᠦᠢ ᠪᠡᠷ ᠥᠭᠯᠢᠭᠡ ᠶ᠋ᠢ ᠪᠠᠲᠠᠷᠠᠭᠤᠯᠤᠨ ᠰᠠᠶ᠋ᠢᠨ ᠊ᠢ ᠬᠤᠷᠢᠶᠠᠭᠰᠠᠨ ᠶᠡᠬᠡ ᠪᠤᠶᠠᠨᠲᠤ ᠲᠠᠢ ᠬᠤᠸᠠᠩ ᠲᠠᠶ᠋ᠢᠬᠡᠦ 》 ᠬᠡᠮᠡᠨ ᠡᠷᠭᠦᠵᠦ ᠳᠡᠯᠡᠬᠡᠢ ᠳ᠋ᠠᠬᠢᠨ ᠳ᠋ᠤᠷ ᠵᠣᠦ ᠪᠢᠴᠢᠭ᠌ ᠪᠠᠭᠤᠯᠭᠠᠪᠠ ᠃ ᠲᠡᠷᠡ ᠵᠣᠦ ᠪᠢᠴᠢᠭ᠌ ᠦ᠋ᠨ ᠦᠭᠡ ᠢᠨᠦ ᠄
ᠲᠠᠢ ᠬᠤᠸᠠᠩ ᠲᠠᠶ᠋ᠢᠬᠡᠦ ᠪᠡᠷ ᠥᠪᠡᠷᠦᠨ ᠲᠥᠷᠥᠭᠰᠡᠨ ᠬᠥᠪᠡᠭᠦᠨ ᠪᠤᠢ ᠪᠦᠭᠡᠲᠡᠯᠠ ᠮᠠᠰᠢ ᠰᠢᠲᠤᠷᠭᠤ ᠶ᠋ᠢ ᠰᠡᠤᠠᠬᠢᠯ ᠳ᠋ᠤᠷ ᠠᠭᠤᠯᠵᠤ ᠂ ᠥᠪᠡᠷᠦᠨ ᠪᠡᠶ᠎ᠡ ᠪᠡᠷ ᠡᠷᠲᠡᠨᠢ ᠶ᠋ᠢᠨ ᠲᠠᠮᠠᠬ᠋᠎ᠠ ᠶ᠋ᠢ ᠮᠢᠨᠦ ᠳᠡᠭᠦᠦ ᠳ᠋ᠤᠷ ᠲᠤᠰᠢᠶᠠᠯᠤᠬ᠋ᠠ ᠃ ᠬᠣᠶ᠋ᠢᠨ᠎ᠠ ᠪᠠᠰᠠ ᠨᠠᠲᠤᠷ ᠲᠤᠰᠢᠶᠠᠨ ᠬᠣᠶᠠᠷ ᠤᠲᠠᠬ᠋᠎ᠠ ᠲᠣᠭᠲᠠᠭᠠᠭᠰᠠᠨ ᠭᠠᠶ᠋ᠢᠬᠠᠮᠰᠢᠬ ᠊ᠢ ᠦᠵᠡᠪᠡᠰᠦ ᠨᠥᠭᠴᠢᠭᠰᠡᠨ ᠪᠠ ᠡᠲᠦᠭᠡ ᠳ᠋ᠤᠷ ᠠᠲᠠᠯᠢᠤᠠᠬᠠᠨ ᠪᠣᠯᠬᠤ ᠠᠨᠤ ᠦᠭᠡᠢ ᠃ ᠲᠡᠶ᠋ᠢᠨ ᠬᠦ ᠲᠡᠷᠢᠭᠦᠯᠡᠭᠰᠡᠨ ᠰᠠᠶ᠋ᠢᠳ ᠲᠠᠨ ᠯᠤᠬ᠋᠎ᠠ ᠵᠥᠪᠯᠡᠨ ᠬᠡᠯᠡᠯᠴᠡᠵᠦ ᠲᠤᠶ᠋ᠢᠯ ᠦ᠋ᠨ ᠡᠯᠪᠡᠷᠢᠯ ᠶ᠋ᠢᠡᠷ ᠳᠡᠭᠡᠳᠦ ᠴᠣᠯᠠ ᠡᠷᠭᠦᠭᠰᠡᠨ ᠤᠴᠢᠷ ᠊ᠢ ᠳᠡᠯᠡᠬᠡᠢ ᠳ᠋ᠠᠬᠢᠨ᠎ᠠ ᠤᠬᠠᠭᠤᠯᠤᠨ ᠵᠠᠷᠯᠠᠪᠠᠢ ᠬᠡᠮᠡᠵᠦᠬᠦᠢ ᠃
ᠵᠣᠦ ᠪᠢᠴᠢᠭ᠋ ᠨᠡᠢᠲᠡᠯᠡᠭᠰᠡᠨ ᠪ ᠬᠣᠶ᠋ᠢᠨ᠎ᠠ ᠪᠣᠲᠡᠰᠢᠷᠢ ᠲᠡᠢ ᠬᠤᠸᠠᠩ ᠲᠠᠶ᠋ᠢᠬᠡᠦ ᠪᠠᠶᠠᠷᠯᠠᠬᠤ ᠶ᠋ᠢᠨ ᠶᠡᠬᠡ ᠪᠡᠷ ᠪᠠᠶᠠᠷᠯᠠᠵᠤ ᠰᠢᠩ ᠱᠸᠩ ᠭᠦᠩ ᠣᠷᠲᠤᠨᠡ ᠰᠠᠭᠠᠲᠠᠵᠤ ᠰᠠᠶ᠋ᠢᠳ ᠲᠦᠰᠢᠮᠡᠳ ᠦ᠋ᠨ ᠪᠠᠶᠠᠷ ᠦ᠋ᠨ ᠶᠣᠰᠣᠭᠠᠷ ᠮᠥᠷᠭᠥᠬᠦ ᠶ᠋ᠢ ᠬᠦᠯᠢᠶᠡᠪᠡ ᠃ ᠲᠣᠬᠣᠨᠲᠡᠮᠤᠷ ᠬᠠᠭᠠᠨ ᠪᠠᠰᠠ ᠤᠯᠤᠰ ᠦ᠋ᠨ ᠰᠠᠩ ᠬᠥᠮᠥᠷᠭᠡ ᠶ᠋ᠢ ᠨᠡᠭᠡᠭᠡᠵᠦ ᠰᠠᠶ᠋ᠢᠳ ᠲᠦᠰᠢᠮᠡᠳ ᠵᠢᠴᠢ ᠲᠡᠲᠡᠨ ᠪ ᠭᠡᠷ ᠪᠦᠯᠢ ᠶ᠋ᠢᠨ ᠬᠢᠨ ᠊ᠢ ᠶᠡᠬᠡ ᠪᠡᠷ ᠱᠠᠩᠨᠠᠪᠠ ᠃
ᠫᠢᠩ ᠵᠠᠩ ᠵᠸᠩᠱᠢ ᠲᠦᠰᠢᠮᠡᠯ ᠴᠡᠯᠢᠲᠡᠮᠤᠷ ᠤᠭ ᠠ᠋ᠴᠠ ᠬᠣᠪᠲᠣᠭ ᠰᠢᠨᠤᠬᠠᠢ ᠲᠤᠯᠠ ᠡᠨᠡ ᠬᠦ ᠵᠠᠪᠰᠢᠶᠠᠨ ᠊ᠢ ᠳᠠᠯᠢᠮᠳᠠᠭᠤᠯᠤᠨ ᠳᠡᠭᠦᠦ ᠪᠡᠷᠢ ᠪᠡᠨ ᠥᠪᠡᠷ ᠦ᠋ᠨ ᠥᠬᠢᠨ ᠪᠣᠯᠭᠠᠨ ᠮᠡᠲᠡᠭᠦᠯᠵᠦ ᠬᠠᠭᠠᠨ ᠪ ᠭᠡᠰᠢᠭ ᠱᠠᠩ ᠪᠡᠯᠡᠭ᠋ ᠦ᠋ᠨ ᠡᠳ᠋ ᠊ᠢ ᠮᠡᠬᠡᠯᠡᠨ ᠠᠪᠤᠪᠠ ᠃ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠲᠦᠰᠢᠮᠡᠳ ᠂ ᠴᠡᠯᠢᠲᠡᠮᠤᠷ ᠦ᠋ᠨ ᠵᠢᠰᠤᠷ ᠵᠠᠯᠢᠬᠠᠢ ᠂ ᠪᠠᠶᠠᠨ ᠪ ᠪᠢᠯᠲᠠᠤᠴᠢᠯᠠᠨ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠬᠤ ᠪᠠᠷ ᠮᠤᠰᠬᠢᠨ ᠠᠭᠠᠰᠢᠯᠠᠭᠰᠠᠨ ᠳᠤ ᠳᠤᠷ᠎ᠠ ᠦᠭᠡᠶ᠋ᠢᠴᠡᠵᠦ ᠪᠠᠶ᠋ᠢᠬᠰᠠᠨ ᠲᠤᠯᠠᠲᠠ ᠲᠡᠭᠦᠨ ᠪ ᠠᠵᠢᠯᠯᠠᠬ᠋᠎ᠠ ᠶ᠋ᠢ 《 ᠡᠵᠡᠨ ᠬᠠᠭᠠᠨ ᠊ᠢ ᠮᠡᠬᠡᠯᠡᠭᠰᠡᠨ 》 ᠶᠠᠯ᠎ᠠ ᠪᠠᠷ ᠳᠡᠭᠡᠭᠰᠢ ᠠᠶ᠋ᠢᠯᠠᠤᠠᠬᠠᠪᠠ ᠃
ᠪᠠᠶᠠᠨ ᠰᠡᠤᠠᠭᠢᠷᠤᠨ ᠄ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠭᠰᠠᠨ ᠪ ᠬᠣᠶ᠋ᠢᠨ᠎ᠠ ᠂ ᠴᠠᠯᠢᠲᠡᠮᠤᠷ
ᠥᠪᠡᠷ ᠦ᠋ᠨ ᠭᠠᠪᠢᠶ᠎ᠠ ᠳᠤ ᠪᠠᠨ ᠤᠷᠪᠠᠶ᠋ᠢᠵᠤ ᠲᠡᠭᠦᠨ ᠊ᠢ ᠥᠯᠦ ᠤᠶ᠋ᠢᠰᠢᠶᠠᠬᠤ ᠪᠣᠯᠤᠭᠰᠠᠨ ᠲᠤᠯᠠ ᠡᠨᠡ ᠬᠦ ᠲᠣᠬᠢᠶᠠᠯ ᠊ᠢ ᠠᠰᠢᠬᠯᠠᠵᠤ ᠴᠠᠯᠢᠲᠡᠮᠤᠷ ᠊ᠢ ᠲᠥᠪ ᠪᠢᠴᠢᠭ᠌ ᠦ᠋ᠨ ᠮᠣᠵᠢ ᠠ᠋ᠴᠠ ᠬᠥᠭᠡᠭᠡᠵᠦ ᠭᠠᠷᠭᠠᠰᠤᠭᠠᠢ ᠬᠡᠮᠡᠭᠡᠳ ᠲᠤᠬᠤᠨᠲᠡᠮᠤᠷ ᠬᠠᠭᠠᠨ ᠊ᠢ ᠡᠷᠢᠵᠦ ᠣᠴᠢᠭᠠᠳ ᠠᠶ᠋ᠢᠯᠠᠤᠠᠬᠠᠷᠤᠨ ᠄ 《 ᠴᠠᠯᠢᠲᠡᠮᠤᠷ ᠬᠣᠪᠲᠣᠭ ᠰᠢᠨᠤᠬᠠᠢ ᠬᠡᠲᠦᠷᠡᠵᠦᠬᠦᠢ ᠃ ᠳᠡᠭᠦᠦ ᠪᠡᠷᠢ ᠪᠡᠨ ᠥᠪᠡᠷ ᠦ᠋ᠨ ᠥᠬᠢᠨ ᠪᠣᠯᠭᠠᠵᠤ ᠬᠠᠭᠠᠨ ᠪ ᠬᠡᠰᠢᠭ ᠱᠠᠩ ᠊ᠢ ᠮᠡᠬᠡᠯᠡᠨ ᠠᠪᠤᠭᠰᠠᠨ ᠪᠤᠶᠤ ᠃ ᠲᠡᠷᠡ ᠪᠠᠰᠠ ᠡᠩ ᠦ᠋ᠨ ᠴᠠᠭ ᠲᠣᠷ ᠬᠥᠯᠥᠭ ᠬᠠᠭᠠᠨ ( ᠬᠠᠶ᠋ᠢᠱᠠᠨ ᠂ ᠲᠣᠬᠣᠨᠲᠡᠮᠤᠷ ᠬᠠᠭᠠᠨ ᠪ ᠲᠥᠷᠥᠭᠰᠡᠨ ᠡᠪᠦᠭᠡ ) ᠊ᠢ ᠮᠠᠭᠤᠰᠢᠶᠠᠵᠤ < ᠲᠡᠷᠡ ᠠᠮᠢᠲᠠᠨ > ᠬᠡᠮᠡᠨ ᠦᠭᠦᠯᠡᠭᠰᠡᠨ ᠠᠵᠤᠭᠤ ᠃ ᠲᠡᠭᠦᠨ ᠪ ᠨᠢᠲᠦᠨ ᠳ᠋ᠤᠷ ᠡᠵᠡᠨ ᠬᠠᠭᠠᠨ ᠬᠡᠮᠡᠨ ᠦᠭᠡᠢ ᠲᠤᠯᠠ ᠶᠣᠰᠣᠨ ᠳ᠋ᠤᠷ ᠠᠯᠠᠪᠠᠰᠤ ᠵᠣᠬᠢᠮᠤᠢ ᠃ ᠮᠥᠴᠡᠯᠭᠡ ᠶ᠋ᠢᠨ ᠳᠦᠷᠢᠮ ᠊ᠢ ᠬᠦᠴᠦᠨ ᠦᠭᠡᠢ ᠪᠣᠯᠭᠠᠬᠤ ᠳᠤ ᠲᠡᠷᠢᠭᠦᠯᠡᠨ ᠶᠠᠪᠤᠭᠰᠠᠨ ᠊ᠢ ᠪᠣᠲᠣᠵᠤ ᠠᠯᠤᠰ ᠭᠠᠵᠠᠷ ᠴᠦᠯᠡᠰᠦᠭᠡᠢ 》 ᠬᠡᠮᠡᠪᠡᠰᠦ ᠲᠣᠬᠣᠨᠲᠡᠮᠤᠷ ᠬᠠᠭᠠᠨ ᠵᠥᠪᠰᠢᠶᠡᠷᠡᠵᠦ ᠂ ᠴᠠᠯᠢᠲᠡᠮᠤᠷ ᠊ᠢ ᠠᠠᠨᠠᠮ ᠦ᠋ᠨ ᠭᠠᠵᠠᠷ ᠲᠤ ᠴᠦᠯᠡᠵᠦᠬᠦᠢ ᠃
ᠪᠠᠶᠠᠨ ᠪᠡᠷ ᠲᠣᠬᠣᠨᠲᠡᠮᠤᠷ ᠬᠠᠭᠠᠨ ᠲᠡᠭᠦᠨ ᠪ ᠦᠭᠡ ᠶ᠋ᠢ ᠰᠣᠨᠣᠰᠴᠤ ᠮᠠᠰᠢᠲᠠ ᠢᠲᠡᠭᠡᠬᠦ ᠶ᠋ᠢ ᠦᠵᠡᠭᠡᠳ ᠬᠠᠭᠠᠨ ᠪ ᠢᠲᠡᠭᠡᠯ ᠊ᠢ ᠨᠡᠩ ᠶᠡᠬᠡ ᠪᠡᠷ ᠣᠯᠬᠤ ᠶ᠋ᠢᠨ ᠲᠥᠯᠥᠭᠡ ᠲᠣᠬᠣᠨᠲᠡᠮᠤᠷ ᠬᠠᠭᠠᠨ ᠪ ᠲᠥᠷᠥᠭᠰᠡᠨ ᠡᠬᠡ ᠬᠠᠷᠠᠯᠤᠳ ᠮᠠᠶ᠋ᠢᠯᠠᠶ᠋ᠢᠲᠢ ᠶ᠋ᠢ ᠨᠡᠬᠡᠮᠵᠢᠯᠡᠨ ᠡᠷᠭᠦᠮᠵᠢᠯᠡᠬᠦ ᠶ᠋ᠢ ᠠᠶ᠋ᠢᠯᠠᠤᠠᠬᠠᠪᠠ ᠃ ᠲᠣᠬᠣᠨᠲᠡᠮᠤᠷ ᠬᠠᠭᠠᠨ ᠶᠡᠬᠡᠲᠡ ᠪᠠᠶᠠᠷᠯᠠᠵᠤ ᠲᠡᠷᠡ ᠳᠠᠷᠤᠢ ᠶᠣᠰᠣᠯᠠᠯ ᠦ᠋ᠨ ᠶᠠᠪᠤᠲᠠᠯ ᠦ᠋ᠨ ᠶᠠᠮᠤᠨ ᠳ᠋ᠤᠷ ᠵᠠᠷᠯᠢᠬ ᠪᠠᠭᠤᠯᠭᠠᠵᠤ ᠮᠠᠶ᠋ᠢᠯᠠᠶ᠋ᠢᠲᠢ ᠶ᠋ᠢ 《 ᠴᠢᠩ ᠰᠡᠤᠠᠭᠢᠯᠲᠤ ᠶᠡᠬᠡ ᠪᠤᠶᠠᠨ ᠲᠡᠭᠦᠯᠲᠡᠷ ᠦᠵᠡᠰᠭᠦᠯᠡᠩᠲᠤ ᠪᠤᠭᠲᠠ ᠲᠠᠢ ᠬᠤᠸᠠᠩᠬᠡᠤ 》 ᠬᠡᠮᠡᠨ ᠨᠡᠬᠡᠵᠦ ᠡᠷᠭᠦᠮᠵᠢᠯᠡᠪᠡ ᠃
ᠤᠷᠢᠲᠤᠬᠢ ᠶ᠋ᠢᠨ ᠭᠡᠨᠡᠲᠡᠯ ᠬᠣᠶ᠋ᠢᠲᠤᠬᠢ ᠳ᠋ᠤᠷ ᠴᠡᠭᠡᠷᠯᠡᠯ ᠬᠡᠮᠡᠬᠦ ᠡᠷᠲᠡᠨ ᠪ ᠦᠭᠡ ᠪᠠᠶ᠋ᠢᠲᠠᠭ ᠃ ᠪᠠᠶᠠᠨ ᠪᠡᠷ ᠡᠯᠲᠡᠮᠤᠷ ᠦ᠋ᠨ ᠭᠡᠷ ᠲᠥᠷᠥᠯ ᠦ᠋ᠨ ᠮᠠᠨᠲᠤᠯ ᠪᠠᠭᠤᠷᠠᠯ ᠠ᠋ᠴᠠ ᠴᠡᠭᠡᠷᠯᠡᠯ ᠰᠤᠷᠭᠠᠮᠵᠢ ᠣᠯᠪᠠᠰᠤ ᠵᠣᠬᠢᠬᠤ ᠪᠥᠯᠥᠭᠡ ᠃ ᠭᠡᠲᠡᠯ᠎ᠡ ᠲᠡᠭᠦᠨ ᠪ ᠡᠷᠬᠡ ᠰᠦᠷ ᠶᠡᠭᠡᠤᠠᠬᠦ ᠶ᠋ᠢ ᠳᠠᠭᠠᠯᠳᠤᠨ ᠲᠠᠷᠢᠬᠢ ᠲᠣᠯᠣᠭᠠᠢ ᠨᠢ ᠬᠥᠭᠡᠷᠦᠭᠡᠳ ᠨᠡᠷ᠎ᠡ ᠪᠡᠨ ᠮᠠᠷᠲᠠᠵᠤ ᠡᠯᠲᠡᠮᠤᠷ ᠦ᠋ᠨ ᠬᠠᠭᠤᠴᠢᠨ ᠮᠥᠷ ᠊ᠢ ᠮᠥᠷᠲᠡᠵᠦ ᠵᠠᠰᠠᠭ ᠲᠥᠷᠥ ᠶ᠋ᠢᠨ ᠡᠷᠬᠡ ᠶ᠋ᠢ ᠭᠠᠭᠴᠠᠭᠠᠷ ᠭᠠᠷ ᠡᠷᠭᠢᠭᠦᠯᠦᠨ ᠵᠣᠷᠢᠬ ᠶ᠋ᠢᠠᠷ ᠠᠭᠠᠰᠢᠯᠠᠵᠤ ᠬᠠᠭᠠᠨ ᠊ᠢ ᠬᠠᠵᠠᠭᠤ ᠳᠤ ᠪᠠᠨ ᠲᠠᠯᠪᠢᠪᠠ ᠃ᠡᠨᠳᠡᠴᠡ ᠪᠠᠶᠠᠨ ᠪ ᠢᠵᠠᠭᠤᠷ ᠭᠠᠷᠤᠯ ᠊ᠢ ᠮᠡᠳᠡᠳᠡᠭ ᠮᠣᠩᠭᠣᠯ ᠢᠵᠠᠭᠤᠷᠲᠠᠨ ᠨᠣᠶᠠᠨ ᠪᠣᠯᠤᠨ ᠭᠠᠪᠢᠶᠠᠲᠠᠨ ᠰᠠᠶ᠋ᠢᠳ ᠦ᠋ᠨ ᠬᠣᠶ᠋ᠢᠴᠢᠰ ᠬᠠᠷᠢᠨ ᠲᠡᠭᠦᠨ ᠊ᠢ ᠦᠯᠦ ᠲᠣᠭᠣᠮᠰᠠᠷᠯᠠᠵᠤ ᠮᠠᠭᠤᠰᠢᠶᠠᠨ ᠄ 《 ᠪᠠᠶᠠᠨ ᠶᠠᠮᠠᠷ ᠬᠥᠮᠦᠨ ᠪᠠᠶ᠋ᠢᠬᠰᠠᠨ ᠊ᠢ ᠬᠡᠨ ᠦᠯᠦ ᠮᠡᠲᠡᠬᠦ ᠠᠵᠤᠭᠤ ? ᠲᠡᠲᠦᠢ ᠣᠷᠪᠠᠶ᠋ᠢᠵᠤ ᠠᠭᠠᠰᠢᠯᠠᠬᠤ ᠶᠠᠭᠤᠨ ? 》 ᠬᠡᠮᠡᠵᠦ ᠦᠭᠦᠯᠡᠯᠲᠦᠨᠡ ᠃
ᠪᠠᠶᠠᠨ ᠂ ᠲᠡᠭᠦᠨ ᠊ᠢ ᠳᠣᠣᠭᠤᠷ ᠬᠡᠯᠡᠯᠴᠡᠬᠦ ᠶ᠋ᠢ ᠰᠣᠨᠣᠰᠤᠭᠠᠳ ᠶᠡᠬᠡᠲᠡ ᠠᠭᠤᠷᠯᠠᠵᠤ ᠄ 《 ᠪᠢ ᠲᠠᠶ᠋ᠢᠱ᠌ᠢ ᠪᠥᠭᠡᠳ ᠲᠡᠷᠢᠭᠦᠯᠡᠭᠰᠡᠨ ᠰᠠᠶ᠋ᠢᠳ ᠦ᠋ᠨ ᠲᠤᠰᠢᠶᠠᠯ ᠳ᠋ᠤᠷ ᠪᠠᠶ᠋ᠢᠲᠠᠯ᠎ᠠ ᠲᠡᠲᠡ ᠶᠠᠭᠤᠨ᠎ᠠ ᠨᠠᠲᠠ ᠶ᠋ᠢ ᠢᠩᠭᠢᠵᠦ ᠬᠡᠯᠡᠵᠦ ᠭᠤᠲᠤᠭᠠᠲᠠᠭ ᠪᠣᠢ ? 》 ᠬᠡᠮᠡᠭᠡᠳ ᠵᠠᠪᠰᠢᠶᠠᠨ ᠡᠷᠢᠵᠦ ᠬᠠᠭᠠᠨ ᠳ᠋ᠤᠷ ᠠᠶ᠋ᠢᠯᠠᠤᠠᠬᠠᠨ ᠥᠰᠢᠶ᠎ᠡ ᠠᠪᠤᠪᠠ ᠃ ᠡᠶ᠋ᠢᠨ ᠬᠦ ᠶᠠᠭᠤᠨ ᠪ ᠡᠮᠦᠨ᠎ᠡ ᠳ᠋ᠠᠨ ᠸᠠᠩ ᠴᠡᠴᠡᠨᠲᠦ ᠠ᠋ᠴᠠ ᠭᠠᠷᠲᠠᠪᠠ ᠃
ᠳ᠋ᠠᠨ ᠸᠠᠩ ᠴᠡᠴᠡᠨᠲᠦ ᠪᠣᠯ ᠮᠥᠩᠬᠡ ᠬᠠᠭᠠᠨ ᠪ ᠬᠣᠶ᠋ᠢᠴᠢᠰ ᠪᠥᠯᠥᠭᠡ ᠃ ᠥᠩᠭᠡᠷᠡᠭᠰᠡᠨ ᠳ᠋ᠤᠷ ᠮᠡᠷᠭᠢᠳ ᠠᠶ᠋ᠢᠮᠠᠭ ᠪᠣᠯ ᠮᠥᠩᠬᠡ ᠬᠠᠭᠠᠨ ᠪ ᠬᠠᠷᠢᠶᠠᠲᠤ ᠠᠶ᠋ᠢᠮᠠᠭ ᠪᠠᠶ᠋ᠢᠵᠠᠢ ᠃ ᠲᠡᠶ᠋ᠢᠨ ᠬᠦ ᠮᠡᠷᠭᠢᠳ ᠭᠠᠷᠤᠯᠲᠠᠢ ᠪᠠᠶᠠᠨ ᠠᠩᠬ᠎ᠠ ᠡᠬᠢᠨ᠎ᠡ ᠴᠡᠴᠡᠨᠲᠦ ᠶ᠋ᠢᠨ ᠵᠠᠷᠤᠴᠠ ᠪᠣᠭᠣᠯ ᠪᠠᠶ᠋ᠢᠵᠤ ᠂ ᠬᠥᠯᠥᠭ ᠬᠠᠭᠠᠨ ᠪ ᠦᠶ᠎ᠡ ᠳ᠋ᠤᠷ ᠣᠷᠲᠣᠨ ᠪ ᠬᠡᠰᠢᠭ ᠨᠣᠶᠠᠨ ᠪᠣᠯᠵᠠᠢ ᠃ ᠵᠠᠶᠠᠭᠠᠲᠤ ᠬᠠᠭᠠᠨ ᠪ ᠦᠶ᠎ᠡ ᠳ᠋ᠤᠷ ᠭᠠᠪᠢᠶ᠎ᠠ ᠪᠠᠶ᠋ᠢᠭᠤᠯᠵᠤ ᠲᠥᠪ ᠪᠢᠴᠢᠭ᠌ ᠦ᠋ᠨ ᠮᠣᠵᠢ ᠶ᠋ᠢᠨ ᠵᠡᠭᠦᠨ ᠭᠠᠷᠤᠨ ᠴᠢᠩᠰᠠᠩ ᠡᠷᠭᠦᠮᠵᠢᠯᠡᠭᠳᠡᠭᠡᠳ ᠬᠠᠭᠠᠨ ᠪ ᠣᠷᠲᠣᠨ ᠪ ᠬᠡᠰᠢᠭ ᠦ᠋ᠨ ᠬᠡᠷᠡᠭ ᠊ᠢ ᠠᠬᠠᠯᠠᠪᠠ ᠃ ᠵᠠᠶᠠᠭᠠᠲᠤ ᠬᠠᠭᠠᠨ ᠥᠭᠡᠲᠡ ᠪᠣᠯᠤᠭᠰᠠᠨ ᠳᠤ ᠲᠡᠭᠦᠨ ᠪ ᠬᠠᠲᠤᠨ ᠪᠣᠳᠠᠰᠢᠷᠢ ᠶ᠋ᠢᠨ ᠰᠡᠤᠠᠬᠢᠯ ᠦ᠋ᠨ ᠨᠥᠬᠥᠷ ᠪᠣᠯᠵᠤ ᠂ᠶᠤᠸᠠᠨ ᠲᠦᠩ ᠦ᠋ᠨ ᠬᠣᠶᠠᠲᠤᠭᠠᠷ ᠣᠨ (1335 ᠣᠨ ) ᠳᠤ ᠡᠯᠲᠡᠮᠦᠷ ᠦ᠋ᠨ ᠦᠯᠡᠳᠡᠭᠳᠡᠯ ᠨᠠᠮᠲᠠᠨ ᠲᠠᠩᠭᠢᠰ ᠲᠠᠨ ᠪ ᠲᠥᠷᠥ ᠶ᠋ᠢᠨ ᠬᠤᠪᠢᠰᠤᠯ ᠊ᠢ ᠪᠤᠲᠠ ᠨᠢᠷᠭᠡᠵᠦ ᠂ ᠲᠥᠪ ᠪᠢᠴᠢᠭ᠌ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠦ᠋ᠨ ᠲᠤᠰᠢᠶᠠᠯ ᠳᠤ ᠳᠠᠪᠰᠢᠵᠤ ᠂ ᠳᠠᠷᠬᠠᠨ ᠴᠣᠯᠠ ᠰᠣᠶᠣᠷᠬᠠᠭᠳᠠᠭᠰᠠᠨ ᠪᠠ ᠺᠦᠢ ᠵᠠᠩ ᠭᠧ ᠪᠢᠴᠢᠭ᠌ ᠦ᠋ᠨ ᠤᠳᠬᠠᠴᠢ ᠶ᠋ᠢᠨ ᠬᠦᠷᠢᠶᠡᠯᠡᠩ ᠦ᠋ᠨ ᠡᠷᠬᠢᠨ ᠰᠠᠶ᠋ᠢᠳ ᠪᠥᠭᠡᠳ ᠮᠣᠩᠭᠣᠯ ᠂ ᠬᠢᠪᠴᠠᠭ ᠂ ᠠᠰᠤᠳ ᠰᠢᠲᠠᠷ ᠬᠠᠮᠠᠭᠠᠯᠠᠬᠤ ᠴᠡᠷᠢᠭ ᠦ᠋ᠨ ᠶᠡᠷᠦᠩᠬᠡᠢ ᠵᠠᠬᠢᠷᠤᠭᠴᠢ ᠪᠣᠯᠵᠠᠢ ᠃ ᠡᠲᠦᠭᠡ ᠵᠠᠷᠢᠮ ᠢᠵᠠᠭᠤᠷᠲᠠᠨ ᠨᠣᠶᠠᠳ ᠲᠡᠭᠦᠨ ᠪ ᠶᠠᠷ᠎ᠠ ᠶ᠋ᠢ ᠲᠣᠭᠠᠴᠢᠵᠤ ᠳᠣᠣᠷᠠᠰᠢᠶᠠᠨ ᠦᠭᠦᠯᠡᠭᠰᠡᠨ ᠊ᠢ ᠰᠣᠨᠣᠰᠤᠭᠠᠳ ᠶᠠᠭᠤᠨ ᠪ ᠡᠮᠦᠨ᠎ᠡ ᠳ᠋ᠠᠨ ᠸᠠᠩ ᠴᠡᠴᠡᠨᠲᠦ ᠳᠤ ᠬᠣᠷᠣᠰᠴᠤ ᠂ ᠲᠡᠭᠦᠨ ᠊ᠢ ᠣᠨᠲᠣᠣ ᠰᠠᠨᠠᠬ᠋᠎ᠠ ᠡᠪᠦᠷᠯᠡᠨ ᠤᠷᠪᠠᠬᠤ ᠪᠠᠷ ᠪᠤᠢ ᠬᠡᠮᠡᠨ ᠬᠠᠭᠠᠨ ᠳᠤ ᠠᠶ᠋ᠢᠯᠠᠤᠠᠬᠠᠵᠤ ᠠᠯᠠᠬᠤ ᠬᠡᠮᠡᠪᠡ ᠃ ᠴᠡᠴᠡᠨᠲᠦ ᠪᠣᠯ ᠲᠠᠩᠭᠢᠰ ᠲᠠᠨ ᠪ ᠣᠪ ᠶᠠᠪᠤᠭᠤᠯᠬ᠋ᠠ ᠶ᠋ᠢ ᠬᠠᠮᠤᠭ ᠦ᠋ᠨ ᠲᠦᠷᠦᠭᠦᠨ ᠳᠤ ᠢᠯᠡᠴᠢᠯᠡᠨ ᠵᠠᠭᠠᠯᠲᠤᠭᠰᠠᠨ ᠪᠣᠯᠬᠣᠷ ᠲᠣᠬᠣᠨᠲᠡᠮᠦᠷ ᠬᠠᠭᠠᠨ ᠲᠡᠭᠦᠨ ᠊ᠢ ᠢᠲᠡᠭᠡᠵᠦ ᠬᠡᠷᠡᠭᠯᠡᠬᠦ ᠪᠡᠷ ᠪᠠᠶ᠋ᠢᠵᠠᠢ ᠃ ᠡᠲᠦᠭᠡ ᠪᠠᠶᠠᠨ ᠪᠡᠷ ᠴᠡᠴᠡᠨᠲᠦ ᠶ᠋ᠢ ᠤᠷᠪᠠᠬᠤ ᠰᠠᠨᠠᠭᠠᠲᠠᠢ ᠬᠡᠮᠡᠭᠰᠡᠨ ᠳᠤ ᠲᠣᠬᠣᠨᠲᠡᠮᠦᠷ ᠬᠠᠭᠠᠨ ᠥᠯᠦ ᠢᠲᠡᠭᠡᠨ ᠂ ᠠᠯᠠᠬᠤ ᠶ᠋ᠢ ᠡᠰᠡ ᠵᠥᠪᠰᠢᠶᠡᠷᠡᠪᠡ ᠃ ᠭᠡᠲᠡᠯ᠎ᠡ ᠪᠠᠶᠠᠨ ᠬᠠᠷᠢᠨ ᠵᠠᠷᠯᠢᠬ ᠦᠭᠡᠢ ᠪᠡᠷ ᠴᠡᠴᠡᠨᠲᠦ ᠶ᠋ᠢ ᠬᠣᠣᠷᠯᠠᠭᠰᠠᠨ ᠪᠥᠭᠡᠳ ᠰᠢᠦᠸᠠᠨ ᠷᠠᠨ ᠸᠠᠩ ᠲᠡᠮᠦᠷᠪᠤᠬᠠ ( ᠬᠤᠪᠢᠯᠠᠢ ᠰᠡᠴᠡᠨ ᠬᠠᠭᠠᠨ ᠪ ᠣᠮᠪᠣᠯᠣ ᠂ ᠳᠤᠬᠤᠨ ᠪ ᠬᠥᠪᠡᠭᠦᠨ ) ᠂ ᠸᠧᠢ ᠱᠦᠨ ᠸᠠᠩ ᠭᠣᠨᠵᠢᠨ ᠪᠤᠬ᠎ᠠ (ᠲᠣᠬᠣᠨ ᠪ ᠬᠥᠪᠡᠭᠦᠨ ) ᠬᠣᠶᠠᠷ ᠦ᠋ᠨ ᠸᠠᠩ ᠦ᠋ᠨ ᠵᠡᠷᠭᠡ ᠭᠡᠷᠬᠡᠮ ᠊ᠢ ᠪᠠᠰᠠ ᠵᠠᠷᠯᠢᠬ ᠦᠭᠡᠢ ᠪᠡᠷ ᠡᠪᠳᠡᠵᠦ᠂ ᠬᠣᠯᠠ ᠭᠠᠵᠠᠷ ᠴᠦᠯᠡᠵᠦ ᠶᠠᠪᠤᠭᠤᠯᠪᠠ᠃
ᠪᠠᠶᠠᠨ ᠡᠳᠦᠷ ᠰᠥᠨᠢ ᠶ᠋ᠢ ᠬᠠᠮᠢᠶᠠᠷᠤᠯ ᠦᠭᠡᠢ ᠦᠷᠭᠦᠯᠵᠢ ᠪᠤᠲᠠᠰᠢᠷᠢ ᠲᠠᠢ ᠬᠤᠸᠠᠩ ᠲᠠᠶ᠋ᠢᠬᠡᠦ ᠶ᠋ᠢᠨ ᠣᠷᠲᠤᠨ᠎ᠠ ᠢᠷᠡᠵᠦ ᠲᠡᠲᠡᠭᠡᠷ ᠲᠥᠷᠥᠯ ᠦ᠋ᠨ ᠨᠣᠶᠠᠳ ᠦ᠋ᠨ ᠠᠷᠤ ᠳᠦᠰᠢᠭ ᠪᠣᠯᠬᠤ ᠲᠣᠬᠣᠨᠲᠡᠮᠦᠷ ᠬᠠᠭᠠᠨ ᠊ᠢ ᠲᠦᠯᠬᠢᠨ ᠤᠨᠠᠭᠠᠵᠤ ᠲᠥᠷᠥ ᠶ᠋ᠢᠨ ᠬᠤᠪᠢᠰᠤᠯ ᠭᠠᠷᠭᠠᠬᠤ ᠪᠠᠷ ᠬᠤᠤᠪᠢᠯᠲᠤᠪᠠ ᠃ ᠲᠡᠭᠦᠨ ᠪ ᠵᠠᠬᠢᠷᠤᠭᠰᠠᠨ ᠰᠢᠳᠠᠷ ᠬᠠᠮᠠᠭᠠᠯᠠᠬᠤ ᠴᠡᠷᠢᠭ ᠨᠢ ᠪᠠᠶᠠᠨ ᠪ ᠡᠮᠦᠨ᠎ᠡ ᠬᠣᠶ᠋ᠢᠨ᠎ᠠ ᠳᠠᠭᠠᠯᠴᠠᠨ ᠵᠠᠮ ᠦ᠋ᠨ ᠵᠡᠭᠡᠯᠢ ᠪᠡᠷ ᠪᠠᠭᠲᠠᠵᠤ ᠶᠠᠳᠠᠨ ᠳᠦᠭᠦᠷᠦᠭᠡᠳ ᠬᠠᠭᠠᠨ ᠪ ᠵᠢᠭᠰᠠᠭᠠᠯ ᠪᠠ ᠬᠠᠭᠠᠮᠵᠢᠯᠠᠬᠤ ᠴᠡᠷᠢᠭ ᠡᠴᠡ ᠳᠠᠪᠠᠵᠤᠬᠤᠢ ᠃ ᡁᠢ ᠶᠤᠸᠠᠨ ᠪ ᠳᠥᠷᠪᠡᠳᠦᠭᠡᠷ ᠣᠨ (1338 ᠣᠨ ) ᠳᠤ ᠪᠠᠶᠠᠨ ᠪᠤᠲᠠᠰᠢᠷᠢ ᠲᠠᠨ ᠬᠤᠤᠪᠢᠯᠲᠤᠨ ᠲᠣᠬᠣᠨᠲᠡᠮᠦᠷ ᠊ᠢ ᠵᠠᠶ᠋ᠢᠯᠠᠭᠤᠯᠵᠤ ᠡᠯᠲᠡᠭᠦᠰ ᠊ᠢ ᠪᠠᠶ᠋ᠢᠭᠤᠯᠬᠤ ᠪᠠᠷ ᠲᠥᠯᠥᠪᠯᠡᠪᠡ ᠃ ᠲᠡᠭᠦᠨ ᠪ ᠡᠨᠡ ᠬᠦ ᠲᠥᠯᠥᠪᠯᠡᠭᠡ ᠶ᠋ᠢ ᠪᠠᠶᠠᠨ ᠪ ᠠᠴᠢ ᠬᠥᠪᠡᠭᠦᠨ ᠂ ᠢᠦᠢᠢᠱᠢ ᠳ᠋ᠠᠶ᠋ᠢᠹᠦ᠋ ᠲᠦᠰᠢᠮᠡᠯ ᠳᠣᠭᠲᠤᠬ᠋᠎ᠠ ᠰᠡᠷᠡᠵᠦ ᠮᠡᠲᠡᠭᠡᠳ ᠡᠴᠢᠭᠡ ᠮᠠᠵᠠᠷᠲᠠᠢ ᠯᠤᠬ᠋᠎ᠠ ᠵᠥᠪᠯᠡᠨ ᠦᠭᠦᠯᠡᠷᠦᠨ ᠄ 《 ᠶᠡᠬᠡ ᠠᠪᠠᠭ᠎ᠠ ᠶ᠋ᠢᠨ ᠬᠠᠷᠭᠢᠰ ᠲᠦᠷᠢᠮᠡᠬᠡᠢ ᠢᠨᠤ ᠮᠠᠰᠢ ᠬᠡᠲᠦᠷᠡᠵᠦᠬᠦᠢ ᠃ ᠲᠦᠮᠡᠨ ᠳ᠋ᠦ᠍ᠷ ᠨᠢᠭᠡᠨᠲᠡ ᠲᠩᠷᠢ ᠶ᠋ᠢᠨ ᠬᠥᠪᠡᠭᠦᠨ ᠬᠢᠯᠢᠩᠨᠡᠪᠡᠰᠦ ᠪᠢᠲᠡ ᠪᠦᠭᠦᠲᠡᠭᠡᠷ ᠬᠦᠢᠰᠦ ᠲᠡᠮᠲᠡᠷᠢᠭᠳᠡᠮᠦᠢ᠃ ᠬᠡᠷᠡᠭ ᠡᠭᠦᠰᠬᠦ ᠶ᠋ᠢᠨ ᠡᠮᠦᠨ᠎ᠡ ᠬᠢᠴᠢᠶᠡᠨ ᠰᠠᠨᠠᠵᠤ ᠠᠷᠢᠯᠭᠠᠰᠤᠭᠠᠢ 》 ᠬᠡᠮᠡᠪᠡᠰᠦ ᠡᠴᠢᠭᠡ ᠮᠠᠵᠠᠷᠲᠠᠢ ᠬᠡᠲᠦᠢ ᠵᠥᠪᠰᠢᠶᠡᠷᠡᠪᠡᠴᠦ ᠪᠠᠶᠠᠨ ᠠᠨᠤ ᠲᠡᠭᠦᠨ ᠪ ᠲᠥᠷᠥᠭᠰᠡᠨ ᠠᠬ᠎ᠠ ᠪᠥᠭᠡᠳ ᠲᠣᠭᠲᠤᠬ᠋᠎ᠠ ᠶ᠋ᠢ ᠪᠠᠬ᠋᠎ᠠ ᠠ᠋ᠴᠠ ᠠᠷᠠᠴᠢᠯᠠᠨ ᠥᠰᠭᠡᠭᠰᠡᠨ ᠠᠴᠢᠲᠤ ᠬᠥᠮᠦᠨ ᠪᠥᠯᠥᠭᠡ ᠃ ᠵᠢᠴᠢ ᠳ᠋ᠤᠷ ᠪᠠᠶᠠᠨ ᠡᠲᠦᠭᠡ ᠴᠡᠷᠢᠭ ᠵᠠᠰᠠᠭ ᠦ᠋ᠨ ᠪᠦᠬᠦ ᠡᠷᠬᠡ ᠶ᠋ᠢ ᠭᠠᠭᠴᠠᠭᠠᠷ ᠡᠵᠡᠮᠲᠡᠬᠦ ᠲᠤᠯᠠ ᠬᠢᠴᠢᠶᠡᠨ ᠪᠣᠯᠭᠣᠮᠵᠢᠯᠠᠵᠤ ᠤᠲᠠᠲᠠᠯ᠎ᠠ ᠲᠠᠰᠤᠯᠤᠨ ᠴᠢᠲᠠᠬᠤ ᠦᠭᠡᠢ ᠪᠠᠶ᠋ᠢᠵᠤᠬᠤᠢ ᠃
ᠲᠣᠭᠲᠤᠬ᠋᠎ᠠ ᠥᠪᠡᠷ ᠦ᠋ᠨ ᠪᠠᠭᠰᠢ ᠡᠦ ᡁᠢ ᠹᠠᠩ ᠊ᠢ ᠡᠷᠢᠵᠦ ᠵᠥᠪᠯᠡᠪᠡᠰᠦ ᠲᠡᠷᠡ ᠥᠭᠦᠯᠡᠷᠦᠨ ᠄ 《 ( ᠵᠠᠰᠠᠭᠲᠤ ᠨᠣᠮ ) ᠳ᠋ᠤᠷ ᠶᠡᠬᠡ ᠵᠢᠷᠤᠮ ᠶ᠋ᠢᠠᠷ ᠶᠠᠪᠤᠬᠤ ᠳ᠋ᠠᠭᠠᠨ ᠲᠥᠷᠥᠯ ᠶ᠋ᠢᠡᠨ ᠦᠯᠦ ᠦᠵᠡᠶᠦ ᠬᠡᠮᠡᠵᠦᠬᠦᠢ ᠃ ᠲᠠ ᠪᠠᠷ ᠭᠠᠭᠴᠠ ᠬᠦ ᠤᠯᠤᠰ ᠲᠤᠷ ᠰᠢᠲᠤᠷᠭᠤ ᠶ᠋ᠢ ᠭᠦᠢᠴᠡᠤᠠᠬᠡᠪᠡᠰᠦ ᠳᠠᠭᠤᠰᠪᠠᠢ ᠶᠠ ᠂ ᠪᠤᠰᠤᠳ ᠊ᠢ ᠶᠠᠮᠪᠠᠷ ᠬᠠᠷᠠᠭᠠᠯᠵᠠᠬᠤ ᠶᠠᠪᠤᠲᠠᠯ ᠪᠤᠢ 》 ᠬᠡᠮᠡᠪᠡ ᠃ ᠲᠣᠭᠲᠤᠬ᠋᠎ᠠ ᠪᠠᠭᠰᠢ ᠶ᠋ᠢᠨ ᠶ᠋ᠢᠡᠨ ᠦᠭᠦᠯᠡᠭᠰᠡᠨ ᠡᠨᠡ ᠠᠩᠬᠢ ᠦᠭᠡ ᠶ᠋ᠢ ᠰᠣᠨᠣᠰᠴᠤ 《 ᠶᠡᠬᠡ ᠵᠢᠷᠤᠮ ᠦ᠋ᠨ ᠲᠥᠯᠥᠭᠡ ᠲᠥᠷᠥᠯ ᠶ᠋ᠢᠡᠨ ᠤᠭᠤᠷᠬᠤ 》 ᠪᠠᠷ ᠵᠣᠷᠢᠬ ᠰᠢᠭᠤᠤᠠᠴᠤᠬᠤᠢ ᠃
ᠨᠢᠭᠡᠨ ᠡᠲᠦᠷ ᠲᠣᠭᠲᠤᠬ᠋᠎ᠠ ᠬᠡᠰᠢᠭ ᠦ᠋ᠨ ᠡᠭᠡᠯᠵᠢ ᠪᠣᠯᠤᠭᠰᠠᠨ ᠵᠠᠪᠰᠢᠶᠠᠨ ᠊ᠢ ᠦᠵᠡᠵᠦ ᠬᠠᠭᠠᠨ ᠳ᠋ᠤᠷ ᠥᠪᠡᠷ ᠦ᠋ᠨ ᠭᠡᠷ ᠊ᠢ ᠲᠡᠪᠴᠢᠵᠦ ᠤᠯᠤᠰ ᠦ᠋ᠨ ᠲᠥᠯᠥᠭᠡ ᠵᠢᠤᠠᠬᠦᠬᠦ ᠰᠠᠨᠠᠬ᠋᠎ᠠ ᠪᠠᠨ ᠭᠠᠷᠭᠠᠨ ᠠᠶ᠋ᠢᠯᠠᠤᠠᠬᠠᠪᠠᠰᠤ ᠂ ᠲᠣᠬᠣᠨᠲᠡᠮᠦᠷ ᠬᠠᠭᠠᠨ ᠦᠯᠦ ᠮᠡᠳᠡᠭᠴᠢ ᠪᠠᠶ᠋ᠢᠪᠠ ᠃
ᠲᠡᠲᠦᠢ ᠳ᠋ᠤᠷ ᠬᠠᠭᠠᠨ ᠪ ᠰᠢᠲᠠᠷ ᠠᠭᠰᠠᠳ ᠴᠥᠮ ᠪᠠᠶᠠᠨ ᠪ ᠬᠣᠷᠰᠢᠶᠡ ᠨᠠᠮᠲᠠᠨ ᠪᠦᠬᠦᠢ ᠶ᠋ᠢᠨ ᠲᠤᠯᠠ ᠬᠠᠭᠠᠨ ᠪᠠᠷ ᠭᠠᠭᠴᠠ ᠬᠦ ᠠᠷᠤᠭᠲᠤ ᠳᠤᠷᠵᠢᠪᠠᠯ ᠬᠣᠶᠠᠷ ᠊ᠢ ᠢᠲᠡᠭᠡᠬᠦ ᠪᠥᠯᠥᠭᠡ ᠃ ᠲᠣᠭᠲᠤᠬ᠋᠎ᠠ ᠡᠨᠡ ᠬᠣᠶᠠᠷ ᠬᠥᠮᠦᠨ ᠯᠤᠭᠡ ᠨᠥᠬᠥᠷᠯᠡᠵᠦ ᠡᠲᠦᠷ ᠪᠦᠷᠢ ᠰᠢᠲᠤᠷᠭᠤ ᠵᠢᠷᠤᠮ ᠦ᠋ᠨ ᠵᠤᠶ᠋ᠢᠯ ᠊ᠢ ᠬᠡᠯᠡᠯᠴᠡᠬᠦᠢ ᠳ᠋ᠤᠷ ᠬᠠᠭᠠᠨ ᠰᠠᠶᠢ ᠲᠡᠭᠦᠨ ᠪ ᠦᠨᠡᠨ ᠰᠠᠨᠠᠭᠠᠨ ᠊ᠢ ᠣᠯᠵᠤ ᠮᠠᠭᠠᠤᠠᠯᠠᠨ ᠢᠲᠡᠭᠡᠪᠡᠢ ᠃
ᠲᠡᠨᠲᠡᠴᠡ ᠲᠣᠬᠣᠨᠲᠡᠮᠦᠷ ᠬᠠᠭᠠᠨ ᠪᠠᠷ ᠪᠠᠶᠠᠨ ᠊ᠢ ᠬᠥᠭᠡᠭᠡᠵᠦ ᠶᠠᠪᠤᠭᠤᠯᠬᠤ ᠵᠣᠷᠢᠬ ᠰᠢᠭᠤᠤᠠᠴᠤ ᠲᠣᠭᠲᠤᠬ᠋᠎ᠠ ᠳ᠋ᠤᠷ ᠰᠠᠨᠠᠬ᠋᠎ᠠ ᠪᠠᠨ ᠭᠠᠷᠭᠠᠵᠤ ᠬᠡᠯᠡᠬᠦ ᠶ᠋ᠢᠨ ᠬᠠᠮᠲᠤ ᠬᠠᠴᠠᠷ ᠤᠷᠤᠭᠤ ᠨᠢ ᠨᠢᠯᠪᠤᠰᠤ ᠤᠷᠤᠰᠴᠤ ᠪᠠᠶ᠋ᠢᠬᠰᠠᠨ ᠊ᠢ ᠦᠵᠡᠭᠡᠳ ᠲᠣᠭᠲᠤᠬ᠋᠎ᠠ ᠪᠠᠰᠠ ᠤᠬᠢᠯᠠᠨ ᠡᠭᠦᠰᠬᠡᠪᠡ ᠃ ᠲᠣᠭᠲᠤᠬ᠋᠎ᠠ ᠣᠷᠲᠤᠨ ᠳᠤ ᠪᠠᠨ ᠪᠤᠴᠠᠵᠤ ᠢᠷᠡᠭᠡᠳ ᠡᠦ ᡁᠢ ᠹᠠᠩ ᠯᠤᠬ᠋᠎ᠠ ᠵᠥᠪᠯᠡᠪᠡᠰᠦ ᠄
ᠡᠦ ᡁᠢ ᠹᠠᠩ ᠥᠭᠦᠯᠡᠷᠦᠨ ᠄ 《 ᠡᠨᠡ ᠬᠡᠷᠡᠭ ᠪᠣᠯᠪᠠᠰᠤ ᠤᠯᠤᠰ ᠭᠡᠷ ᠲᠤᠷ ᠬᠣᠯᠪᠣᠭᠲᠠᠬᠤ ᠶᠡᠬᠡ ᠬᠡᠷᠡᠭ ᠠᠵᠤᠭᠤ ᠃ ᠬᠢᠴᠢᠶᠡᠨ ᠨᠠᠷᠢᠪᠴᠢᠯᠠᠬᠤ ᠦᠭᠡᠢ ᠪᠠᠶ᠋ᠢᠵᠤ ᠦᠯᠦ ᠪᠣᠯᠤᠮᠤᠢ ᠃ ᠴᠢ ᠬᠠᠭᠠᠨ ᠯᠤᠬ᠋᠎ᠠ ᠬᠡᠯᠡᠯᠴᠡᠬᠦ ᠴᠠᠭ ᠲᠤᠷ ᠲᠠᠨ ᠪ ᠳᠡᠷᠭᠡᠳᠡ ᠬᠡᠨ ᠪᠠᠶ᠋ᠢᠪᠠ ? 》
ᠲᠣᠭᠲᠤᠬ᠋᠎ᠠ ᠥᠭᠦᠯᠡᠷᠦᠨ ᠄ 《 ᠠᠷᠤᠭᠲᠦ ( ᠠᠲᠠᠯᠢ ᠨᠡᠷ᠎ᠡ ᠲᠡᠢ ᠥᠭᠡᠷ᠎ᠡ ᠬᠥᠮᠦᠨ ) ᠂ ᠲᠣᠭᠲᠠᠮᠠᠯ ( ᠥᠭᠡᠲᠡᠢ ᠬᠠᠭᠠᠨ ᠪ ᠬᠣᠶᠠᠲᠤᠭᠠᠷ ᠬᠥᠪᠡᠭᠦᠨ ᠬᠦᠲᠡᠨ ᠪ ᠬᠣᠶ᠋ᠢᠴᠢᠰ ) ᠪᠠᠶ᠋ᠢᠯᠤᠬ᠋ᠠ 》 ᠃
ᠡᠸ᠋ ᡁᠢ ᠹᠠᠩ ᠥᠭᠦᠯᠡᠷᠦᠨ ᠄ 《 ᠴᠢᠨᠦ ᠶᠡᠬᠡ ᠠᠪᠠᠬ᠋᠎ᠠ ᠳ᠋ᠤᠷ ᠡᠵᠡᠨ ᠊ᠢ ᠠᠶᠤᠯᠭᠠᠬᠤ ᠶᠡᠬᠡ ᠰᠥᠷ ᠬᠦᠴᠦᠨ ᠪᠤᠢ ᠲᠤᠯᠠ ᠡᠨᠡ ᠵᠡᠷᠭᠡ ᠶ᠋ᠢᠨ ᠠᠷᠠᠳ ᠬᠡᠷᠪᠡ ᠪᠠᠶᠠᠨ ᠡᠷᠬᠢᠮ ᠊ᠢ ᠬᠦᠰᠡᠵᠦ ᠬᠡᠷᠡᠭ ᠊ᠢ ᠵᠠᠲᠠᠷᠠᠭᠤᠯᠪᠠᠰᠤ ᠡᠵᠡᠨ ᠳ᠋ᠤᠷ ᠠᠶᠤᠮᠰᠢᠬᠲᠠᠢ ᠪᠥᠭᠡᠳ ᠴᠢᠨᠦ ᠪᠡᠶ᠎ᠡ ᠭᠡᠷ ᠴᠥᠮ ᠪᠦᠷᠢᠯᠤᠮᠣᠢ 》 ᠬᠡᠮᠡᠮᠦᠢ ᠃
ᠲᠣᠭᠲᠤᠬ᠋᠎ᠠ ᠪᠠᠷ ᠡᠸ᠋ ᡁᠢ ᠹᠠᠩ ᠦ᠋ᠨ ᠰᠡᠷᠡᠮᠵᠢᠯᠡᠭᠦᠯᠬᠦ ᠦᠭᠡ ᠶ᠋ᠢ ᠠᠪᠴᠤ ᠲᠡᠷᠡ ᠳᠠᠷᠤᠢ ᠳᠤ ᠠᠷᠤᠭᠲᠦ ᠲᠣᠭᠲᠠᠮᠠᠯ ᠬᠣᠶᠠᠭᠤᠯᠠ ᠶ᠋ᠢ ᠣᠷᠲᠣᠨ ᠳ᠋ᠤᠷ ᠠᠪᠴᠢᠷᠠᠵᠤ ᠬᠥᠭᠵᠢᠮ ᠡᠭᠦᠰᠬᠡᠨ ᠬᠤᠷᠢᠮᠯᠠᠵᠤ ᠡᠲᠤᠷ ᠰᠥᠨᠢ ᠡᠰᠡ ᠭᠠᠷᠭᠠᠯᠤᠬ᠋ᠠ ᠃ ᠲᠣᠭᠲᠤᠬ᠋᠎ᠠ ᠪᠠᠰᠠ ᠬᠠᠭᠠᠨ ᠪ ᠰᠢᠲᠠᠷ ᠲᠦᠰᠢᠮᠡᠯ ᠲᠣᠷᠵᠢᠪᠠᠯ ᠪᠣᠯᠤᠨ ᠠᠷᠤᠭᠲᠦ ᠯᠤᠬ᠋᠎ᠠ ᠵᠥᠪᠲᠡᠵᠦ ᠥᠪᠡᠷ ᠦ᠋ᠨ ᠵᠠᠬᠢᠷᠬᠤ ᠴᠡᠷᠢᠭ ᠪᠣᠯᠤᠨ ᠵᠢᠰᠢᠶᠠᠯᠠᠵᠤ ᠬᠣᠨᠣᠬᠤ ᠰᠢᠲᠠᠷ ᠴᠡᠷᠢᠭ ᠊ᠢ ᠨᠡᠮᠡᠵᠦ ᠪᠡᠶᠡᠨ ᠊ᠢ ᠪᠠᠷᠠᠯᠬᠠᠬᠤ ᠪᠠᠷ ᠢᠷᠡᠬᠦ ᠦᠶ᠎ᠡ ᠳᠤ ᠭᠡᠨᠡᠲᠡᠭᠦᠯᠦᠨ ᠪᠠᠷᠢᠪᠴᠢᠯᠠᠬᠤ ᠪᠠᠷ ᠪᠡᠯᠡᠤᠠᠬᠡᠪᠡ ᠃
ᠪᠠᠶᠠᠨ ᠬᠡᠮᠡᠭᠴᠢ ᠬᠠᠷᠬᠢᠰ ᠮᠥᠷᠲᠡᠭᠡᠨ ᠵᠠᠯᠢᠲᠠᠢ ᠲᠤᠯᠠ ᠣᠷᠲᠣᠨ ᠪ ᠳᠣᠲᠣᠷᠠᠬᠢ ᠡᠭᠦᠲᠡ ᠬᠠᠭᠠᠯᠬ᠋ᠠ ᠳ᠋ᠤᠷ ᠭᠡᠨᠡᠤᠠᠲᠡ ᠬᠠᠮᠠᠭᠠᠯᠠᠬᠤ ᠴᠡᠷᠢᠭ ᠨᠡᠮᠡᠭᠳᠡᠭᠰᠡᠨ ᠊ᠢ ᠦᠵᠡᠭᠡᠳ ᠲᠣᠭᠲᠤᠬ᠋᠎ᠠ ᠶ᠋ᠢ ᠳᠠᠭᠤᠳᠠᠨ ᠢᠷᠡᠭᠦᠯᠵᠦ ᠤᠴᠢᠷ ᠊ᠢ ᠠᠰᠠᠭᠤᠪᠠᠰᠤ ᠂ ᠲᠣᠭᠲᠤᠬ᠋᠎ᠠ ᠥᠭᠦᠯᠡᠷᠦᠨ ᠄ 《 ᠲᠩᠷᠢ ᠶ᠋ᠢᠨ ᠬᠥᠪᠡᠭᠦᠨ ᠪ ᠰᠠᠭᠤᠲᠠᠭ ᠭᠠᠵᠠᠷ ᠲᠤ ᠰᠡᠷᠭᠡᠶ᠋ᠢᠯᠡᠯᠲᠡ ᠴᠢᠩᠬ᠋᠎ᠠ ᠦᠭᠡᠢ ᠬᠡᠷᠬᠢᠨ ᠪᠣᠯᠤᠮᠤᠢ》 ᠬᠡᠮᠡᠪᠡᠢ ᠃ ᠪᠠᠶᠠᠨ ᠪᠠᠷ ᠲᠣᠭᠲᠤᠬ᠋᠎ᠠ ᠶ᠋ᠢᠨ ᠥᠭᠦᠯᠡᠬᠦ ᠳᠤ ᠰᠡᠵᠢᠭ ᠲᠥᠷᠥᠵᠦ ᠥᠪᠡᠷ ᠊ᠢ ᠬᠠᠮᠠᠭᠠᠯᠠᠬᠤ ᠴᠡᠷᠢᠭ ᠶ᠋ᠢᠡᠨ ᠪᠠᠰᠠ ᠨᠡᠮᠡᠪᠡ ᠃
ᡁᠢ ᠶᠤᠸᠠᠨ ᠪ ᠵᠢᠷᠭᠤᠲᠤᠭᠠᠷ ᠣᠨ (1340 ᠣᠨ ) ᠪ ᠬᠣᠶᠠᠲᠤᠭᠠᠷ ᠰᠠᠷ᠎ᠠ ᠳᠤ ᠪᠠᠶᠠᠨ ᠂ ᠪᠤᠲᠠᠰᠢᠷᠢ ᠲᠠᠨ ᠵᠥᠪᠯᠡᠭᠡᠳ ᠬᠠᠭᠠᠨ ᠊ᠢ ᠠᠪᠠᠯᠠᠷ᠎ᠠ ᠤᠤᠠᠬᠤ ᠴᠢᠯᠥᠭᠡ ᠶ᠋ᠢ ᠠᠰᠢᠬᠯᠠᠨ ᠲᠥᠷᠥ ᠶ᠋ᠢᠨ ᠬᠤᠪᠢᠰᠤᠯ ᠭᠠᠷᠭᠠᠬᠤ ᠪᠠᠷ ᠲᠣᠭᠲᠠᠪᠠ ᠃ ᠲᠡᠶ᠋ᠢᠨ ᠬᠦ ᠪᠠᠶᠠᠨ ᠪᠡᠷ ᠲᠣᠬᠣᠨᠲᠡᠮᠦᠷ ᠬᠠᠭᠠᠨ ᠳᠤ ᠠᠪᠠᠯᠠᠷ᠎ᠠ ᠣᠤᠠᠰᠤᠭᠠᠢ ᠬᠡᠮᠡᠨ ᠠᠶ᠋ᠢᠯᠠᠤᠠᠬᠠᠪᠠᠰᠤ 《 ᠪᠡᠶ᠎ᠡ ᠡᠪ ᠦᠭᠡᠢ ᠪᠠᠶ᠋ᠢᠨ᠎ᠠ 》 ᠬᠡᠮᠡᠭᠡᠳ ᠡᠰᠡ ᠣᠴᠢᠪᠠᠢ ᠃ ᠪᠠᠶᠠᠨ ᠠᠯᠢ ᠰᠠᠶ᠋ᠢᠬᠠᠨ ᠦᠭᠡ ᠪᠡᠷ ᠠᠷᠭᠠᠲᠠᠨ ᠲᠠᠲᠠᠵᠤ ᠳᠠᠬᠢᠨ ᠳᠠᠪᠲᠠᠨ ᠭᠤᠶᠤᠭᠰᠠᠨ ᠪᠣᠯᠪᠠᠴᠤ ᠲᠣᠬᠣᠨᠲᠡᠮᠤᠷ ᠬᠠᠭᠠᠨ ᠡᠷᠡᠰ ᠲᠠᠲᠠᠭᠠᠯᠵᠠᠭᠰᠠᠨᠠ ᠠᠷᠬ᠋᠎ᠠ ᠪᠤᠰᠤ ᠲᠠᠶ᠋ᠢᠽᠢ ᠡᠯᠲᠡᠭᠦᠰ ᠊ᠢ ᠠᠪᠴᠤ ᠠᠪᠠᠯᠠᠷ᠎ᠠ ᠶᠠᠪᠤᠪᠠ ᠃
ᠪᠠᠶᠠᠨ ᠲᠠᠨ ᠠᠪᠠᠯᠠᠷ᠎ᠠ ᠶᠠᠪᠤᠭᠰᠠᠨ ᠪ ᠬᠣᠶ᠋ᠢᠨ᠎ᠠ ᠂ ᠢᠤᠶ᠋ᠢᠱᠢ ᠳ᠋ᠠᠶ᠋ᠢᠹᠦ᠋ ᠲᠦᠰᠢᠮᠡᠯ ᠲᠣᠭᠲᠤᠬ᠋᠎ᠠ ᠂ ᠬᠠᠭᠠᠨ ᠳ᠋ᠤᠷ ᠠᠶ᠋ᠢᠯᠠᠤᠠᠬᠠᠷᠤᠨ ᠄ 《 ᠮᠢᠨᠦ ᠶᠡᠬᠡ ᠠᠪᠠᠬ᠋᠎ᠠ ᠮᠠᠭᠤ ᠰᠠᠨᠠᠬ᠋᠎ᠠ ᠡᠪᠦᠷᠯᠡᠵᠦ ᠠᠮᠣᠢ ᠃ ᠠᠪᠠᠯᠠᠷ᠎ᠠ ᠤᠤᠠᠬᠤ ᠨᠡᠷ᠎ᠡ ᠪᠡᠷ ᠲᠥᠷᠥ ᠶ᠋ᠢᠨ ᠬᠤᠪᠢᠰᠤᠯ ᠭᠠᠷᠭᠠᠵᠤ ᠮᠠᠭᠠᠳ ᠃ ᠬᠠᠭᠠᠨ ᠪᠡᠷ ᠵᠤᠯ ᠶ᠋ᠢᠠᠷ ᠡᠰᠡ ᠣᠲᠤᠭᠰᠠᠨ ᠠᠨᠤ ᠮᠠᠰᠢ ᠰᠠᠶ᠋ᠢᠨ ᠪᠣᠯᠪᠠᠢ ᠃ ᠭᠠᠭᠴᠠ ᠲᠠᠶ᠋ᠢᠽᠢ ᠳᠠᠭᠠᠵᠤ ᠶᠠᠪᠤᠭᠰᠠᠨ ᠳ᠋ᠤᠷ ᠠᠷᠬ᠋᠎ᠠ ᠡᠭᠦᠰᠭᠡᠨ ᠡᠭᠡᠭᠦᠯᠵᠦ ᠠᠪᠴᠢᠷᠠᠪᠠᠰᠤ ᠵᠣᠬᠢᠯᠲᠠᠢ ᠃ 》
ᠲᠣᠬᠣᠨᠲᠡᠮᠤᠷ ᠬᠠᠭᠠᠨ ᠥᠭᠦᠯᠡᠷᠦᠨ ᠄ 《 ᠲᠣᠭᠲᠤᠬ᠋᠎ᠠ ᠴᠢ ᠪᠡᠷ ᠲᠥᠷᠥ ᠶ᠋ᠢᠨ ᠲᠥᠯᠥᠭᠡ ᠲᠥᠷᠥᠯ ᠶ᠋ᠢᠡᠨ ᠤᠭᠤᠷᠴᠤ ᠂ ᠮᠢᠨᠦ ᠲᠥᠯᠥᠭᠡ ᠰᠢᠲᠤᠷᠭᠤ ᠶ᠋ᠢ ᠭᠦᠢᠴᠡᠤᠠᠭᠡᠬᠦ ᠢᠨᠤ ᠮᠠᠰᠢᠲᠠ ᠰᠠᠶ᠋ᠢᠰᠢᠶᠠᠯᠲᠠᠢ ᠠᠵᠤᠭᠤ ! ᠪᠢ ᠣᠲᠣ ᠪᠠᠷ ᠠᠷᠬ᠋᠎ᠠ ᠠᠪᠴᠤ ᠪᠠᠶᠠᠨ ᠲᠠᠨ ᠪ ᠣᠪ ᠮᠡᠬᠡ ᠶ᠋ᠢ ᠵᠠᠲᠠ ᠢᠯᠡᠴᠢᠯᠡᠰᠦᠭᠡᠢ 》 ᠬᠡᠮᠡᠭᠡᠳ ᠰᠢᠲᠠᠷ ᠰᠠᠶ᠋ᠢᠳ ᠽᠠᠩ ᠵᠢᠶᠠ ᠨᠦ᠍ ᠂ ᠬᠡᠰᠢᠭ ᠦ᠋ᠨ ᠨᠤᠶᠠᠨ ᠦᠬᠡᠴᠡᠷ ᠬᠣᠶᠠᠷ ᠊ᠢ ᠳᠠᠭᠤᠳᠠᠨ ᠠᠪᠴᠢᠷᠠᠭᠠᠳ ᠪᠠᠶᠠᠨ ᠪ ᠲᠠᠶ᠋ᠢᠱᠢ ᠵᠡᠷᠭᠡ ᠶ᠋ᠢ ᠬᠠᠰᠤᠵᠤ ᠴᠡᠷᠢᠭ ᠦ᠋ᠨ ᠡᠷᠬᠡ ᠶ᠋ᠢ ᠬᠣᠷᠢᠶᠠᠨ ᠠᠪᠤᠭᠰᠠᠨ ᠊ᠢ ᠮᠡᠳᠡᠭᠳᠡᠪᠡ ᠃ ᠪᠠᠰᠠ ᠲᠤᠷᠵᠢᠪᠠᠯ ᠂ ᠠᠷᠤᠭᠲᠤ ᠨᠠᠷ ᠲᠤ ᠵᠠᠷᠯᠠᠵᠤ ᠬᠣᠲᠠ ᠶ᠋ᠢᠨ ᠬᠠᠭᠠᠯᠬ᠋ᠠ ᠶ᠋ᠢᠨ ᠲᠦᠯᠬᠢᠭᠦᠷ ᠊ᠢ ᠬᠣᠷᠢᠶᠠᠨ ᠠᠪᠴᠤ ᠴᠢᠬᠤᠯᠠ ᠭᠠᠵᠠᠷ ᠲᠤ ᠢᠲᠡᠭᠡᠯᠲᠦ ᠬᠥᠮᠦᠨ ᠊ᠢ ᠲᠣᠮᠢᠯᠠᠨ ᠰᠠᠬᠢᠵᠤ ᠬᠠᠮᠠᠭᠠᠯᠠ ᠬᠡᠮᠡᠨ ᠢᠯᠡᠭᠡᠭᠰᠡᠨ ᠪ ᠬᠠᠮᠲᠤ ᠪᠢᠴᠢᠭ᠌ ᠦ᠋ᠨ ᠤᠤᠠᠬᠠᠴᠢ ᠶ᠋ᠢᠨ ᠬᠦᠷᠢᠶᠡᠯᠡᠩ ᠦ᠋ᠨ ᠰᠢᠤᠸᠠᠢ ᠱᠢ ᠲᠦᠰᠢᠮᠡᠯ ᠶᠠᠩ ᠢᠤᠢ ᠹᠠᠨ ᠾᠦᠢ ᠬᠣᠶᠠᠷ ᠲᠦ ᠵᠠᠷᠯᠠᠵᠤ ᠪᠠᠶᠠᠨ ᠪ ᠶᠠᠯ᠎ᠠ ᠭᠡᠮ ᠊ᠢ ᠭᠠᠷᠭᠠᠨ ᠵᠣᠤ ᠪᠢᠴᠢᠭ᠌ ᠵᠣᠬᠢᠶᠠᠯᠭᠠᠵᠤ ᠂ ᠫᠢᠩ ᠵᠠᠩ ᠵᠸᠩᠱᠢ ᠲᠦᠰᠢᠮᠡᠯ ᠵᠢᠷᠭᠤᠭᠠᠲᠠᠢ ᠳ᠋ᠤᠷ ᠪᠠᠷᠢᠭᠤᠯᠤᠨ ᠪᠠᠶᠠᠨ ᠳᠤ ᠢᠯᠡᠭᠡᠪᠡ ᠃
ᠲᠡᠷᠡ ᠪᠢᠴᠢᠭ᠌ ᠦ᠋ᠨ ᠦᠭᠡ ᠠᠨᠤ ᠄
ᠪᠠᠶᠠᠨ ᠶᠡᠬᠡ ᠡᠷᠬᠡ ᠶ᠋ᠢ ᠡᠵᠡᠷᠬᠡᠭᠯᠡᠨ ᠥᠪᠡᠷ ᠦ᠋ᠨ ᠳᠤᠷ᠎ᠠ ᠪᠠᠷ ᠨᠠᠮ᠎ᠠ ᠶ᠋ᠢ ᠨᠠᠰᠤᠨ ᠪᠠᠬ᠋᠎ᠠ ᠳ᠋ᠤᠷ ᠳᠠᠷᠤᠯᠠᠵᠤ ᠂ ᠴᠠᠭᠠᠵᠠ ᠬᠠᠤᠯᠢ ᠶ᠋ᠢ ᠬᠤᠤᠠᠬᠤᠨ ᠡᠪᠲᠡᠭᠡᠳ ᠳᠡᠯᠡᠬᠡᠢ ᠳ᠋ᠠᠬᠢᠨ ᠊ᠢ ᠬᠠᠷᠬᠢᠰᠯᠠᠨ ᠵᠣᠪᠠᠭᠠᠪᠠᠢ ᠃ ᠡᠶ᠋ᠢᠮᠦ ᠶ᠋ᠢᠨ ᠲᠤᠯᠠ ᠡᠲᠦᠭᠡ ᠪᠠᠭᠤᠷᠠᠭᠤᠯᠵᠤ ᠾᠧᠨᠠᠨ ᠰᠠᠯᠪᠤᠷᠢ ᠮᠣᠵᠢ ᠶ᠋ᠢᠨ ᠵᠡᠭᠦᠨ ᠭᠠᠷᠤᠨ ᠴᠢᠩᠰᠠᠩ ᠪᠣᠯᠭᠠᠪᠠ ᠬᠡᠮᠡᠵᠦᠬᠦᠢ ᠃
ᠪᠠᠰᠠ ᠲᠠᠶ᠋ᠢᠽᠢ ᠶ᠋ᠢᠨ ᠬᠡᠰᠢᠭ ᠦ᠋ᠨ ᠨᠤᠶᠠᠨ ᠦᠭᠡᠴᠡᠷ ᠲᠣᠷ ᠭᠤᠴᠢᠨ ᠮᠣᠷᠢᠲᠤ ᠴᠡᠷᠢᠭ ᠥᠭᠴᠦ ᠲᠠᠶ᠋ᠢᠽᠢ ᠶ᠋ᠢ ᠬᠣᠲᠠᠨ ᠳ᠋ᠤᠷ ᠰᠡᠮᠬᠡᠨ ᠲᠣᠰᠴᠤ ᠠᠪᠴᠢᠷᠠᠭᠤᠯᠪᠠ ᠃
ᠪᠠᠶᠠᠨ ᠪᠡᠷ ᠲᠣᠬᠣᠨᠲᠡᠮᠤᠷ ᠬᠠᠭᠠᠨ ᠪ ᠵᠣᠤ ᠪᠢᠴᠢᠭ᠌ ᠊ᠢ ᠣᠯᠤᠭᠰᠠᠨ ᠪ ᠬᠣᠶ᠋ᠢᠨ᠎ᠠ ᠬᠥᠮᠦᠨ ᠵᠠᠷᠤᠵᠤ ᠬᠣᠲᠠᠨ ᠪ ᠳᠣᠣᠷ᠎ᠠ ᠠ᠋ᠴᠠ ᠤᠴᠢᠷ ᠊ᠢ ᠠᠰᠠᠭᠤᠪᠠᠰᠤ ᠂ ᠲᠣᠭᠲᠤᠬ᠋᠎ᠠ ᠬᠣᠲᠠᠨ ᠪ ᠬᠠᠭᠠᠯᠭᠠᠨ ᠳᠡᠭᠡᠷ᠎ᠡ ᠡᠴᠡ ᠵᠠᠷᠯᠠᠵᠤ ᠥᠭᠦᠯᠡᠷᠦᠨ ᠄ 《 ᠵᠠᠷᠯᠢᠬ ᠶ᠋ᠢᠠᠷ ᠭᠠᠭᠴᠠ ᠬᠦ ᠴᠢᠩᠰᠠᠩ ᠊ᠢ ᠪᠠᠭᠤᠷᠠᠭᠤᠯᠤᠭᠰᠠᠨ ᠠ᠋ᠴᠠ ᠭᠠᠲᠠᠨ᠎ᠠ ᠪᠤᠰᠤᠳ ᠳᠠᠭᠠᠭᠰᠠᠳ ᠲᠦᠰᠢᠮᠡᠳ ᠲᠣᠷ ᠶᠠᠯ᠎ᠠ ᠦᠭᠡᠢ ᠂ ᠴᠥᠮ ᠥᠪᠡᠷ ᠥᠪᠡᠷ ᠦ᠋ᠨ ᠲᠤᠰᠢᠶᠠᠯ ᠳᠤ ᠪᠠᠨ ᠣᠤᠠᠰᠤᠭᠠᠢ 》 ᠬᠡᠮᠡᠪᠡ ᠃ ᠪᠠᠶᠠᠨ ᠪᠡᠷ ᠬᠠᠭᠠᠨ ᠳ᠋ᠤᠷ ᠪᠠᠷᠠᠯᠬᠠᠶᠠ ᠬᠡᠮᠡᠨ ᠠᠶ᠋ᠢᠯᠠᠤᠠᠬᠠᠵᠤ ᠭᠣᠶᠣᠪᠠᠰᠤ ᠡᠰᠡ ᠵᠥᠪᠰᠢᠶᠡᠷᠡᠭᠰᠡᠨ ᠳ᠋ᠤᠷ ᠠᠷᠬ᠋᠎ᠠ ᠪᠤᠰᠤ ᠾᠧᠨᠠᠨ ᠲᠡᠶ᠋ᠢᠰᠢ ᠮᠣᠷᠲᠠᠪᠠ ᠃
ᠲᠡᠲᠦᠢ ᠳ᠋ᠤᠷ ᠪᠠᠶᠠᠨ ᠪ ᠥᠩᠭᠡᠷᠡᠭᠰᠡᠨ ᠪ ᠣᠮᠣᠭ ᠰᠦᠷ ᠢᠨᠤ ᠨᠢᠭᠡᠮᠦᠰᠦᠨ ᠳᠠᠷᠤᠭᠳᠠᠵᠤ ᠥᠨᠥᠴᠢᠨ ᠪᠢᠷᠠᠭᠤ ᠮᠡᠲᠦ ᠨᠣᠮᠣᠬᠠᠷᠠᠪᠠ ᠃ ᠲᠡᠷᠡ ᠪᠡᠷ ᠵᠸᠨᠲᠢᠩ ᠶ᠋ᠢᠡᠷ ᠳᠠᠭᠠᠷᠢᠨ ᠣᠤᠠᠬᠤᠢ ᠳ᠋ᠤᠷ ᠲᠣᠭᠲᠡᠮᠤᠷ ᠵᠠᠶᠠᠭᠠᠲᠤ ᠬᠠᠭᠠᠨ ᠊ᠢ ᠬᠠᠮᠠᠭᠠᠯᠠᠨ ᠡᠭᠦᠪᠡᠷ ᠥᠩᠭᠡᠷᠡᠭᠰᠡᠨ ᠲᠤᠬᠠᠢ ᠶ᠋ᠢᠨ ᠵᠢᠯ ᠦ᠋ᠨ ᠪᠠᠶ᠋ᠢᠲᠠᠯ ᠊ᠢ ᠰᠠᠨᠠᠭᠠᠯᠵᠠᠨ ᠨᠢᠭᠡᠨ ᠬᠡᠲᠦᠨ ᠡᠪᠦᠭᠡᠳ ᠠᠷᠢᠬᠢ ᠪᠠᠷᠢᠷ᠎ᠠ ᠢᠷᠡᠪᠡᠢ ᠃
ᠪᠠᠶᠠᠨ ᠲᠡᠲᠡᠨ ᠊ᠢ ᠦᠵᠡᠭᠡᠳ ᠨᠢᠯᠪᠤᠰᠤ ᠤᠨᠠᠭᠠᠵᠤ ᠠᠰᠠᠭᠤᠷᠤᠨ ᠄ 《 ᠲᠠ ᠪᠠᠷ ᠬᠥᠪᠡᠭᠦᠨ ᠢᠨᠤ ᠡᠴᠢᠭᠡ ᠪᠡᠨ ᠬᠣᠣᠷᠯᠠᠭᠰᠠᠨ ᠬᠡᠷᠡᠭ ᠊ᠢ ᠦᠵᠡᠭᠰᠡᠨ ᠤᠤ ? 》 ᠬᠡᠮᠡᠬᠦᠶ᠎ᠡ ᠡᠪᠦᠭᠡᠳ ᠦᠴᠢᠷᠦᠨ ᠄ 《 ᠲᠡᠶ᠋ᠢᠮᠦ ᠶ᠋ᠢ ᠡᠰᠡ ᠦᠵᠡᠪᠡ ᠂ ᠭᠠᠭᠴᠠ ᠰᠠᠶ᠋ᠢᠳ ᠪᠥᠭᠡᠳ ᠡᠵᠡᠨ ᠶ᠋ᠢᠡᠨ ᠬᠣᠷᠣᠭᠠᠭᠰᠠᠨ ᠊ᠢ ᠦᠵᠡᠯᠦᠭᠡ 》 ᠬᠡᠮᠡᠪᠡ ᠃ ᠪᠠᠶᠠᠨ ᠰᠣᠨᠣᠰᠤᠭᠠᠳ ᠶᠡᠬᠡᠲᠡ ᠢᠴᠢᠩᠭᠦᠷᠡᠵᠦ ᠲᠡᠷᠢᠭᠦᠨ ᠶ᠋ᠢᠡᠨ ᠳᠠᠷᠤᠪᠠᠢ ᠃
ᠨᠢᠭᠡ ᠰᠠᠷ᠎ᠠ ᠪᠣᠯᠵᠤ ᠪᠠᠶᠠᠨ ᠾᠧᠨᠠᠨ ᠳᠤ ᠰᠠᠶᠢ ᠬᠦᠷᠲᠡᠯ᠎ᠡ ᠲᠣᠬᠤᠨᠲᠡᠮᠦᠷ ᠬᠠᠭᠠᠨ ᠪᠠᠰᠠ ᠵᠠᠷᠯᠢᠭ ᠪᠠᠭᠤᠯᠭᠠᠵᠤ ᠲᠡᠭᠦᠨ ᠊ᠢ ᠨᠠᠨ ᠧᠨᠵᠧᠦ ( ᠡᠲᠦᠭᠡ ᠶ᠋ᠢᠨ ᠭᠤᠸᠠᠩᠳᠥ᠋ᠩ ᠮᠣᠵᠢ ᠶ᠋ᠢᠨ ᠶᠠᠩ ᠴᠦᠨ ᠰᠢᠶᠠᠨ ) ᠳᠤ ᠰᠢᠢᠤᠠᠬᠡᠨ ᠰᠠᠭᠤᠯᠭᠠᠷᠠ ᠢᠯᠡᠭᠡᠭᠰᠡᠨ ᠳ᠋ᠤᠷ ᠪᠠᠶᠠᠨ ᠢᠴᠢᠭᠰᠡᠭᠡᠷ ᠯᠦᠩ ᠰᠢᠩ ᠴᠥᠯᠭᠡ ᠶ᠋ᠢᠨ ᠥᠷᠲᠡᠭᠡᠨ ᠪ ᠭᠠᠵᠠᠷ ᠲᠤ ᠡᠪᠡᠳᠴᠢᠨ ᠣᠯᠵᠤ ᠦᠬᠦᠪᠡ ᠃
ᠲᠣᠬᠤᠨᠲᠡᠮᠦᠷ ᠬᠠᠭᠠᠨ ᠪᠠᠷ ᠲᠣᠭᠲᠤᠭ᠎ᠠ ᠶ᠋ᠢᠨ ᠰᠢᠳᠤᠷᠭᠤ ᠵᠢᠷᠤᠮ ᠊ᠢ ᠪᠠᠷᠢᠵᠤ ᠨᠢᠭᠡᠨ ᠰᠡᠳᠬᠢᠯ ᠶ᠋ᠢᠡᠷ ᠲᠤᠰᠠᠯᠠᠭᠰᠠᠨ ᠪ ᠤᠯᠠᠮ ᠳᠤ ᠴᠢᠰᠤ ᠤᠷᠤᠰᠬᠠᠭᠰᠠᠨ ᠦᠭᠡᠢ ᠪᠡᠷ ᠪᠠᠶᠠᠨ ᠪ ᠡᠷᠬᠡ ᠲᠤᠰᠢᠶᠠᠯ ᠊ᠢ ᠬᠠᠰᠤᠭᠰᠠᠨ ᠪᠠ ᠲᠡᠭᠦᠨ ᠪ ᠦᠭᠦᠭᠰᠡᠨ ᠊ᠢ ᠰᠣᠨᠣᠰᠤᠭᠠᠳ ᠰᠡᠳᠬᠢᠯ ᠠᠮᠤᠷᠵᠢᠪᠠ ᠃ ᠃
ᡁᠢ ᠶᠤᠸᠠᠨ ᠪ ᠵᠢᠷᠭᠤᠳᠤᠭᠠᠷ ᠣᠨ ᠪ ᠵᠤᠨ ᠪ ᠰᠡᠭᠦᠯ ᠰᠠᠷ᠎ᠠ ᠳᠤ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠲᠦᠰᠢᠮᠡᠳ ᠪᠣᠳᠣᠷᠣᠣᠯ ᠡᠷᠭᠦᠨ ᠠᠶ᠋ᠢᠯᠠᠤᠠᠬᠠᠷᠤᠨ᠄ 《 ᠲᠠᠢ ᠬᠤᠸᠠᠩ ᠲᠠᠶ᠋ᠢᠬᠡᠦ ᠪᠣᠳᠠᠰᠢᠷᠢ ᠬᠡᠮᠡᠭᠴᠢ ᠬᠠᠭᠠᠨ ᠪ ᠲᠥᠷᠥᠭᠰᠡᠨ ᠡᠬᠡ ᠪᠤᠰᠤ ᠂ ᠬᠠᠷᠢᠨ ᠠᠪᠠᠭ᠎ᠠ ᠡᠵᠢ ᠪᠥᠯᠥᠭᠡ ᠃ ᠡᠨᠡ ᠬᠥᠮᠦᠨ ᠪᠣᠯᠪᠠᠰᠤ ᠲᠤᠶ᠋ᠢᠯ ᠦ᠋ᠨ ᠬᠠᠷ᠎ᠠ ᠰᠡᠳᠬᠢᠯ ᠲᠠᠢ ᠂ ᠭᠠᠷ ᠳᠣᠣᠷᠠᠬᠢ ᠬᠥᠮᠦᠨ ᠶ᠋ᠢᠡᠨ ᠳᠣᠬᠢᠵᠤ ᠪᠠᠶ᠋ᠢᠭᠠᠳ ᠬᠠᠭᠠᠨ ᠲᠠᠨ ᠪ ᠲᠥᠷᠥᠭᠰᠡᠨ ᠡᠬᠡ ᠮᠠᠶ᠋ᠢᠯᠠᠶ᠋ᠢᠲᠢ ᠬᠠᠲᠤᠨ ᠊ᠢ ᠪᠦᠬᠦᠯᠢ ᠰᠢᠷᠠᠬᠤ ᠵᠤᠤᠬᠠᠨ ᠳᠤ ᠲᠦᠯᠬᠢᠨ ᠣᠷᠣᠭᠤᠯᠵᠤ ᠠᠮᠢᠳᠤ ᠪᠠᠷ ᠰᠢᠲᠠᠭᠠᠵᠤ ᠠᠯᠠᠭᠰᠠᠨ ᠪᠤᠶᠤ ᠃ ᠲᠡᠷᠡ ᠪᠠᠰᠠ ᠴᠢᠨᠦ ᠡᠴᠢᠭᠡ ᠬᠤᠲᠤᠭᠲᠤ ᠬᠠᠭᠠᠨ ( ᠬᠣᠱᠶ᠋ᠯᠠ ) ᠊ᠢ ᠬᠣᠣᠷᠯᠠᠵᠤ ᠠᠯᠠᠬᠤ ᠰᠦᠯᠪᠡᠭᠡ ᠳᠤ ᠣᠷᠣᠭᠰᠠᠨ ᠪᠤᠢ ᠠ᠋᠃ ᠲᠡᠶ᠋ᠢᠨ ᠬᠦ ᠡᠴᠢᠭᠡ ᠡᠬᠡ ᠶ᠋ᠢ ᠴᠢᠨᠢ ᠬᠣᠣᠷᠯᠠᠨ ᠠᠯᠠᠭᠰᠠᠨ ᠥᠰᠢᠶᠡᠲᠦ ᠬᠥᠮᠦᠨ ᠮᠥᠨ 》 ᠬᠡᠮᠡᠪᠡ ᠃
ᠲᠣᠬᠤᠨᠲᠡᠮᠦᠷ ᠬᠠᠭᠠᠨ ᠲᠤᠰ ᠪᠣᠳᠣᠷᠣᠣᠯ ᠪᠢᠴᠢᠭ᠌ ᠊ᠢ ᠦᠵᠡᠭᠡᠳ ᠨᠡᠯᠢᠶᠡᠳ ᠤᠳᠠᠲᠠᠯ᠎ᠠ ᠭᠦᠨ ᠰᠡᠳᠬᠢᠵᠦ ᠰᠠᠶ᠋ᠢᠲᠤᠷ ᠪᠣᠳᠣᠯᠬᠢᠯᠠᠭᠠᠳ ᠡᠴᠢᠭᠡ ᠡᠬᠡ ᠳᠤ ᠪᠠᠨ ᠬᠢᠯᠢᠰ ᠊ᠢ ᠴᠠᠭᠠᠳᠬᠠᠵᠤ ᠥᠭᠬᠦ ᠪᠡᠷ ᠵᠣᠷᠢᠭ ᠰᠢᠭᠤᠳᠴᠤ ᠂ ᠲᠣᠭᠲᠡᠮᠦᠷ ᠵᠠᠶᠠᠭᠠᠲᠤ ᠬᠠᠭᠠᠨ ᠪ ᠬᠥᠷᠥᠭ ᠊ᠢ ᠳᠡᠭᠡᠳᠦᠰ ᠦ᠋ᠨ ᠲᠠᠬᠢᠯᠭ᠎ᠠ ᠶ᠋ᠢᠨ ᠰᠦᠮ᠎ᠡ ᠡᠴᠡ ᠭᠠᠷᠭᠠᠵᠤ ᠪᠣᠳᠠᠰᠢᠷᠢ ᠬᠠᠲᠤᠨ ᠊ᠢ ᠳ᠋ᠦ᠋ᠩ ᠠᠨ ᠵᠧᠦ ᠳᠤ ᠰᠢᠯᠵᠢᠭᠦᠯᠦᠨ ᠰᠠᠭᠤᠯᠭᠠᠵᠤ ᠂ ᠲᠠᠶ᠋ᠢᠽᠢ ᠡᠯᠲᠡᠭᠦᠰ ᠊ᠢ ᠰᠣᠯᠣᠩᠭᠣᠰ ᠲᠤ ᠴᠦᠯᠡᠵᠦ ᠶᠠᠪᠤᠭᠤᠯᠬᠤ ᠪᠠᠷ ᠵᠣᠤ ᠪᠢᠴᠢᠭ᠌ ᠨᠡᠶ᠋ᠢᠲᠡᠯᠡᠪᠡ᠃ ᠲᠡᠭᠦᠨ ᠪ ᠦᠭᠡ ᠢᠨᠦ ᠄
ᠤᠷᠢᠲᠤ ᠮᠢᠨᠦ ᠡᠪᠦᠭᠡ ᠬᠥᠯᠦᠭ ᠬᠠᠭᠠᠨ ( ᠬᠠᠶ᠋ᠢᠱᠠᠨ ) ᠬᠠᠯᠢᠬᠰᠠᠨ ᠪ ᠬᠣᠶ᠋ᠢᠨ᠎ᠠ ᠂ ᠡᠮᠡᠭᠡ ᠲᠠᠢ ᠬᠤᠸᠠᠩ ᠲᠠᠶ᠋ᠢᠬᠡᠦ ᠠᠷᠬ᠋᠎ᠠ ᠵᠠᠯᠢᠲᠠᠨ ᠳ᠋ᠤᠷ ᠬᠠᠭᠤᠷᠲᠠᠵᠤ ᠂ ᠮᠢᠨᠦ ᠡᠴᠢᠭᠡ ᠬᠤᠲᠤᠭᠲᠤ ᠬᠠᠭᠠᠨ ( ᠬᠣᠱᠶ᠋ᠯᠠ ) ᠊ᠢ ᠶᠦᠨᠨᠠᠨ ᠪ ᠭᠠᠵᠠᠷ ᠲᠦ ᠡᠷᠭᠦᠮᠵᠢᠯᠡᠪᠡ ᠃ ᠭᠡᠭᠡᠨ ᠬᠠᠭᠠᠨ ( ᠰᠣᠲᠢᠪᠠᠯᠠ ) ᠳ᠋ᠤᠷ ᠵᠣᠪᠠᠯᠠᠩ ᠪᠣᠯᠤᠭᠰᠠᠨ ᠴᠠᠭ ᠲᠤᠷ ᠬᠠᠭᠠᠨ ᠰᠠᠭᠤᠷᠢᠨ ᠲᠥᠪ ᠤᠲᠤᠮᠰᠢᠯᠲᠤ ᠪᠤᠰᠤ ᠪᠣᠯᠵᠣᠬᠤᠢ ᠃ ᠮᠢᠨᠦ ᠬᠠᠭᠠᠨ ᠡᠴᠢᠭᠡ ᠪᠡᠷ ᠬᠥᠯᠥᠭ ᠬᠠᠭᠠᠨ ᠪ ᠠᠬᠠᠮᠠᠳ ᠬᠥᠪᠡᠭᠦᠨ ᠭᠣᠪᠢ ᠶ᠋ᠢᠨ ᠤᠮᠠᠷ᠎ᠠ ᠭᠠᠵᠠᠷ ᠵᠠᠶ᠋ᠢᠯᠠᠵᠤ ᠰᠠᠭᠤᠨ ᠪᠠᠶ᠋ᠢᠵᠤᠬᠤᠢ ᠃ ᠲᠥᠷᠥᠯ ᠦ᠋ᠨ ᠨᠣᠶᠠᠳ ᠲᠡᠷᠢᠭᠦᠯᠡᠭᠰᠡᠨ ᠰᠠᠶ᠋ᠢᠳ ᠨᠢᠭᠡᠨ ᠰᠡᠤᠠᠬᠢᠯ ᠶ᠋ᠢᠡᠷ ᠪᠦᠭᠦᠲᠡᠭᠡᠷ ᠲᠤᠰᠠᠯᠠᠵᠤ ᠪᠠᠶ᠋ᠢᠭᠤᠯᠤᠶᠠ ᠬᠡᠮᠡᠯᠦᠭᠡ ᠃ ᠲᠡᠷᠡ ᠴᠠᠭ ᠲᠤᠷ ᠭᠠᠵᠠᠷ ᠣᠶ᠋ᠢᠷ᠎ᠠ ᠬᠡᠮᠡᠨ ᠤᠷᠢᠲᠠ ᠵᠠᠶᠠᠭᠠᠲᠤ ᠬᠠᠭᠠᠨ ( ᠲᠣᠭᠲᠡᠮᠦᠷ ) ᠊ᠢ ᠤᠷᠢᠵᠤ ᠠᠪᠴᠢᠷᠠᠭᠠᠳ ᠣᠯᠠᠨ ᠬᠡᠷᠡᠭ ᠊ᠢ ᠮᠡᠲᠡᠭᠦᠯᠪᠡᠢ ᠃ ᠬᠣᠶ᠋ᠢᠨ᠎ᠠ ᠲᠩᠷᠢ ᠶ᠋ᠢᠨ ᠵᠦᠢ ᠂ ᠬᠥᠮᠦᠨ ᠪ ᠡᠰ ᠦ᠋ᠨ ᠬᠦᠨᠲᠦ ᠶ᠋ᠢ ᠮᠡᠲᠡᠭᠡᠳ ᠬᠠᠭᠤᠷᠮᠠᠭ ᠶ᠋ᠢᠠᠷ ᠰᠠᠭᠤᠷᠢᠨ ᠶ᠋ᠢᠠᠨ ᠨᠠᠶ᠋ᠢᠷ ᠲᠠᠯᠪᠢᠵᠤ ᠥᠭᠭᠦᠮᠦᠢ ᠬᠡᠮᠡᠨ ᠠᠯᠲᠠᠷᠰᠢᠭᠤᠯᠵᠤ ᠂ ᠡᠷᠲᠡᠨᠢ ᠶ᠋ᠢᠨ ᠲᠠᠮᠠᠬ᠋᠎ᠠ ᠶ᠋ᠢ ᠮᠢᠨᠦ ᠡᠴᠢᠭᠡ ᠳ᠋ᠤᠷ ᠬᠦᠷᠭᠡᠯᠦᠭᠡ ᠃ ᠮᠢᠨᠦ ᠡᠴᠢᠭᠡ ᠦᠨᠡᠨ ᠬᠦ ᠰᠡᠤᠠᠬᠢᠯ ᠶ᠋ᠢᠡᠷ ᠣᠭᠣᠭᠠᠲᠠ ᠰᠡᠵᠢᠭ ᠦᠭᠡᠢ ᠳᠠᠷᠤᠢ ᠳ᠋ᠤᠷ ᠬᠣᠩ ᠲᠠᠶ᠋ᠢᠽᠢ ᠶ᠋ᠢᠨ ᠲᠠᠮᠠᠬ᠋᠎ᠠ ᠶ᠋ᠢ ᠵᠠᠶᠠᠭᠠᠲᠤ ᠬᠠᠭᠠᠨ ᠳ᠋ᠤᠷ ᠥᠭᠪᠡᠢ ᠃ ᠭᠡᠲᠡᠯ᠎ᠡ ᠲᠡᠷᠡ ᠪᠡᠷ ᠮᠠᠭᠤ ᠰᠠᠨᠠᠭᠠᠨ ᠊ᠢ ᠠᠬᠤᠭᠤᠯᠤᠨ ᠬᠥᠮᠦᠨ ᠪ ᠴᠢᠨᠠᠷ ᠶ᠋ᠢᠠᠨ ᠠᠯᠲᠠᠵᠤ ᠤᠭᠲᠤᠨ ᠢᠷᠡᠬᠦ ᠵᠠᠭᠤᠷ᠎ᠠ ᠪᠠᠨ ᠥᠯᠥᠭ ᠪᠤᠬ᠎ᠠ ᠂ ᠠᠷᠠᠢ ᠂ᠮᠢᠩᠯᠢᠭ᠌ᠳᠤᠩᠭᠠ ᠲᠠᠨ ᠯᠤᠬ᠋᠎ᠠ ᠶᠣᠰᠣᠨ ᠦᠭᠡᠢ ᠦᠢᠯᠡ ᠶ᠋ᠢ ᠡᠭᠦᠰᠬᠡᠵᠦ ᠂ ᠮᠢᠨᠦ ᠬᠠᠭᠠᠨ ᠡᠴᠢᠭᠡ ᠬᠣᠷᠣᠰᠤᠯ ᠊ᠢ ᠳᠣᠲᠣᠷ᠎ᠠ ᠪᠠᠨ ᠠᠬᠤᠭᠤᠯᠤᠭᠰᠠᠭᠠᠷ ᠲᠥᠷᠥᠯ ᠶᠡᠬᠦᠤᠠᠭᠡᠪᠡᠢ ᠃ ᠲᠣᠭᠲᠡᠮᠦᠷ ᠪᠤᠴᠠᠵᠤ ᠢᠷᠡᠭᠡᠳ ᠬᠠᠷᠢᠨ ᠳᠠᠬᠢᠨᠲᠠ ᠶᠡᠬᠡ ᠰᠠᠭᠤᠷᠢᠨ᠎ᠠ ᠰᠠᠭᠤᠪᠠᠢ ᠃ ᠲᠡᠷᠡ ᠪᠠᠰᠠ ᠥᠪᠡᠷ ᠦ᠋ᠨ ᠬᠥᠪᠡᠭᠦᠨ ᠳ᠋ᠤᠷ ᠶ᠋ᠢᠠᠨ ᠣᠷᠣ ᠪᠠᠨ ᠵᠠᠯᠭᠠᠮᠵᠢᠯᠠᠭᠤᠯᠤᠶᠠ ᠬᠡᠮᠡᠨ ᠪᠠᠪᠣᠱᠠ ᠬᠤᠸᠠᠩᠬᠡᠦ ᠶ᠋ᠢ ᠵᠣᠪᠠᠯᠠᠩ ᠳ᠋ᠤᠷ ᠤᠨᠠᠭᠠᠵᠤ ᠨᠠᠮ᠎ᠠ ᠶ᠋ᠢ ᠬᠤᠲᠤᠭᠲᠤ ᠬᠠᠭᠠᠨ ᠪ ᠬᠥᠪᠡᠭᠦᠨ ᠪᠤᠰᠤ ᠬᠡᠮᠡᠨ ᠥᠭᠦᠯᠡᠵᠦ ᠳᠠᠯᠠᠢ ᠶ᠋ᠢᠨ ᠬᠣᠶ᠋ᠢᠬ ᠲᠤᠷ ᠰᠠᠭᠤᠯᠭᠠᠪᠠᠢ ᠃ ᠳᠡᠭᠡᠳᠦ ᠲᠩᠷᠢ ᠦᠯᠦ ᠥᠷᠥᠰᠢᠶᠡᠨ ᠲᠡᠭᠦᠨ ᠊ᠢ ᠪᠦᠷᠢᠯᠭᠡᠨ ᠦᠬᠦᠭᠦᠯᠦᠭᠰᠡᠨᠡ ᠠᠪᠠᠬ᠋᠎ᠠ ᠡᠬᠡ ᠪᠣᠲᠠᠰᠢᠷᠢ ᠪᠠᠷ ᠥᠪᠡᠷ ᠦ᠋ᠨ ᠠᠤᠬ᠋ᠠ ᠬᠦᠴᠦᠨ ᠳ᠋ᠤᠷ ᠶ᠋ᠢᠠᠨ ᠡᠷᠡᠮᠰᠢᠨ ᠬᠤᠲᠤᠭᠲᠤ ᠬᠠᠭᠠᠨ ᠪ ᠠᠬᠠᠮᠠᠳ ᠬᠥᠪᠡᠭᠦᠨ ᠪᠤᠢ ᠪᠥᠭᠡᠲᠡᠯ᠎ᠡ ᠲᠡᠭᠦᠨ ᠊ᠢ ᠲᠡᠪᠴᠢᠵᠦ ᠥᠴᠦᠬᠡᠨ ᠳᠡᠭᠦᠦ ᠶ᠋ᠢ ᠮᠢᠨᠦ ᠪᠠᠶ᠋ᠢᠭᠤᠯᠤᠨ ᠤᠲᠠᠭᠰᠠᠨ ᠦᠭᠡᠢ ᠵᠠᠭᠤᠷᠮᠠᠭ ᠨᠠᠰᠤᠯᠠᠪᠠᠢ ᠃ ᠲᠥᠷᠥᠯ ᠦ᠋ᠨ ᠨᠣᠶᠠᠳ ᠲᠡᠷᠢᠭᠦᠯᠡᠭᠰᠡᠨ ᠰᠠᠶ᠋ᠢᠳ ᠪᠦᠭᠦᠲᠡᠭᠡᠷ ᠨᠠᠮ᠎ᠠ ᠶ᠋ᠢ ᠠᠬᠠᠮᠠᠳ ᠪᠥᠭᠡᠳ ᠮᠡᠷᠭᠡᠨ ᠬᠡᠮᠡᠨ ᠰᠡᠤᠠᠬᠢᠵᠦ ᠶᠡᠬᠡ ᠰᠠᠭᠤᠷᠢᠨ ᠳ᠋ᠤᠷ ᠰᠠᠭᠤᠯᠭᠠᠭᠰᠠᠨᠠ ᠪᠢ ᠪᠡᠷ ᠲᠩᠷᠢ ᠶ᠋ᠢᠨ ᠢᠪᠡᠭᠡᠯ ᠳᠤ ᠢᠲᠡᠭᠡᠵᠦ ᠡᠷᠬᠡ ᠪᠠᠷᠢᠬᠰᠠᠨ ᠵᠠᠯᠢᠬᠠᠢ ᠮᠠᠭᠤ ᠠᠷᠠᠳ ᠊ᠢ ᠲᠡᠪᠴᠢᠨ ᠠᠷᠢᠯᠭᠠᠪᠠᠢ ᠃ ᠠᠰᠠᠷᠠᠵᠤ ᠬᠥᠮᠦᠵᠢᠭᠦᠯᠦᠭᠰᠡᠨ ᠡᠴᠢᠭᠡ ᠡᠬᠡ ᠶ᠋ᠢᠨ ᠠᠴᠢ ᠶ᠋ᠢ ᠬᠠᠷᠢᠭᠤᠯᠠᠨ ᠦᠯᠦ ᠪᠠᠷᠠᠬᠤ ᠪᠥᠭᠡᠲᠡᠯ᠎ᠡ ᠡᠴᠢᠭᠡ ᠳ᠋ᠤᠷ ᠮᠢᠨᠦ ᠬᠣᠣᠷ ᠦᠢᠯᠡᠳᠦᠭᠰᠡᠨ ᠥᠰᠢᠶᠡᠲᠡᠨ ᠊ᠢ ᠶᠠᠭᠠᠬᠢᠨ ᠤᠮᠠᠷᠲᠠᠵᠤ ᠪᠣᠯᠤᠶᠤ ᠃ ᠲᠡᠶ᠋ᠢᠮᠦ ᠶ᠋ᠢᠨ ᠲᠤᠯᠠᠲᠠ ᠲᠠᠬᠢᠯᠬ᠋ᠠ ᠶ᠋ᠢᠨ ᠶᠠᠪᠤᠲᠠᠯ ᠶᠣᠰᠣᠯᠠᠯ ᠦ᠋ᠨ ᠬᠡᠷᠡᠭ ᠊ᠢ ᠬᠠᠮᠢᠶᠠᠷᠬᠤ ᠶᠠᠮᠤᠨ ᠪ ᠲᠦᠰᠢᠮᠡᠳ ᠲᠤᠷ ᠲᠤᠰᠢᠶᠠᠵᠤ ᠡᠪᠦᠭᠡᠳ ᠦ᠋ᠨ ᠰᠦᠮ᠎ᠡ ᠳ᠋ᠤᠷ ᠠᠭᠴᠢ ᠲᠣᠭᠲᠡᠮᠦᠷ ᠦ᠋ᠨ ᠬᠥᠷᠥᠭ ᠊ᠢ ᠭᠠᠷᠬ᠋ᠠ ᠂ ᠪᠣᠲᠠᠰᠢᠷᠢ ᠶ᠋ᠢᠨ ᠲᠠᠢ ᠬᠤᠸᠠᠩ ᠲᠠᠶ᠋ᠢᠬᠡᠦ ᠬᠡᠮᠡᠭᠳᠡᠭᠰᠡᠨ ᠴᠣᠯᠠ ᠶ᠋ᠢ ᠡᠪᠲᠡᠭᠡᠳ ᠳ᠋ᠦ᠋ᠩ ᠠᠨ ᠵᠸᠦ ᠳ᠋ᠤᠷ ᠰᠢᠢᠤᠠᠬᠡᠵᠦ ᠰᠠᠭᠤᠯᠬ᠋ᠠ ᠂ ᠡᠯᠲᠡᠭᠦᠰ ᠊ᠢ ᠰᠣᠯᠣᠩᠭᠣᠰ ᠲᠤᠷ ᠦᠯᠲᠡ ᠃ ᠲᠡᠷᠡ ᠴᠠᠭ ᠲᠤᠷ ᠨᠥᠬᠥᠴᠡᠯᠳᠦᠭᠰᠡᠨ ᠬᠤᠯᠠᠭᠠᠶ᠋ᠢᠴᠢ ᠥᠯᠥᠭ ᠪᠤᠬ᠎ᠠ ᠲᠠᠨ ᠬᠡᠲᠦᠶ᠋ᠢᠨ ᠦᠬᠦᠭᠰᠡᠨ ᠲᠤᠯᠠ ᠭᠠᠭᠴᠠ ᠮᠢᠩᠯᠢᠭ᠌ᠲᠤᠩᠬ᠋ᠠ ᠳ᠋ᠤᠷ ᠢᠯᠡᠷᠬᠡᠶ᠋ᠢᠶᠠ ᠬᠠᠲᠠᠭᠤ ᠡᠷᠡᠭᠦᠦ ᠲᠤᠯᠭᠠᠵᠤ ᠭᠡᠰᠭᠡᠭᠳᠦᠨ ! 》 ᠬᠡᠮᠡᠪᠡ ᠃
ᠲᠤᠰ ᠵᠣᠣ ᠪᠢᠴᠢᠭ᠌ ᠊ᠢ ᠪᠠᠭᠤᠯᠭᠠᠬᠤ ᠶ᠋ᠢᠨ ᠡᠮᠦᠨ᠎ᠡ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠲᠦᠰᠢᠮᠡᠯ ᠼᠦᠢ ᠵᠢᠩ ᠬᠡᠮᠡᠭᠴᠢ ᠪᠡᠷ ᠡᠯᠲᠡᠭᠦᠰ ᠪᠣᠯᠤᠨ ᠪᠣᠲᠠᠰᠢᠷᠢ ᠶ᠋ᠢᠨ ᠶᠠᠯ᠎ᠠ ᠶ᠋ᠢ ᠠᠭᠤᠴᠢᠯᠠᠬᠤ ᠶ᠋ᠢ ᠲᠣᠬᠤᠨᠲᠡᠮᠦᠷ ᠬᠠᠭᠠᠨ ᠳᠤ ᠢᠤᠠᠬᠠᠭᠰᠠᠨ ᠪᠣᠯᠪᠠᠴᠤ ᠦᠯᠦ ᠵᠥᠪᠰᠢᠶᠡᠷᠡᠪᠡ ᠃ ᠼᠦᠢ ᠵᠢᠩ ᠦ᠋ᠨ ᠠᠶ᠋ᠢᠯᠠᠤᠠᠬᠠᠭᠰᠠᠨ ᠠᠨᠤ ᠄ 《 ᠵᠠᠶᠠᠭᠠᠲᠤ ᠬᠠᠭᠠᠨ ᠪ ᠰᠦᠮ᠎ᠡ ᠳ᠋ᠡᠬᠢ ᠬᠥᠷᠥᠭ ᠊ᠢ ᠭᠠᠷᠭᠠᠭᠠᠳ ᠠᠪᠠᠬ᠋᠎ᠠ ᠡᠬᠡ ᠶ᠋ᠢᠨ ᠶᠡᠬᠡ ᠴᠣᠯᠠ ᠶ᠋ᠢ ᠡᠪᠳᠡᠭᠰᠡᠨ ᠶ᠋ᠢᠡᠷ ᠡᠯᠪᠡᠷᠢᠯ ᠊ᠢ ᠭᠦᠢᠴᠡᠤᠠᠬᠡᠬᠦ ᠨᠡᠷ᠎ᠡ ᠶ᠋ᠢ ᠲᠥᠪ ᠪᠣᠯᠭᠠᠬᠤᠢ ᠳ᠋ᠤᠷ ᠡᠭᠦᠪᠡᠷ ᠳᠠᠭᠤᠰᠪᠠᠢ ᠊ᠶ᠎ᠠ ᠃ ᠰᠠᠨᠠᠪᠠᠰᠤ ᠬᠠᠭᠠᠨ ᠪ ᠳᠡᠭᠦᠦ ᠡᠯᠲᠡᠭᠦᠰ ᠦ᠋ᠨ ᠨᠠᠰᠤᠨ ᠪᠠᠬ᠋᠎ᠠ ᠂ ᠡᠭᠦᠨ ᠊ᠢ ᠦᠯᠲᠡᠵᠦ ᠬᠥᠭᠡᠭᠡᠬᠦᠢ ᠳ᠋ᠤᠷ ᠲᠩᠷᠢ ᠶ᠋ᠢᠨ ᠵᠦᠢ ᠂ ᠬᠦᠮᠦᠨ ᠪ ᠰᠠᠨᠠᠭᠠᠨ ᠳ᠋ᠤᠷ ᠴᠥᠮ ᠦᠯᠦ ᠲᠦᠪᠲᠡᠮᠦᠢ ᠃ ᠤᠷᠢᠲᠤ ᠬᠠᠭᠠᠨ ᠪ ᠬᠠᠯᠢᠬᠰᠠᠨ ᠴᠠᠭ ᠲᠤᠷ ᠡᠯᠲᠡᠭᠦᠰ ᠨᠢᠯᠬ᠎ᠠ ᠠᠭᠰᠠᠨ ᠶ᠋ᠢᠠᠷ ᠡᠨᠡ ᠬᠡᠷᠡᠭ ᠊ᠢ ᠦᠯᠦ ᠮᠡᠲᠡᠨ ᠦᠯᠦ ᠤᠬᠠᠬᠤ ᠶ᠋ᠢᠨ ᠲᠤᠯᠠᠲᠠ ᠵᠦᠢ ᠢᠨᠦ ᠠᠰᠠᠷᠠᠵᠤ ᠬᠠᠶ᠋ᠢᠷᠠᠯᠠᠪᠠᠰᠤ ᠵᠣᠬᠢᠮᠤᠢ ᠃ ᠶᠡᠷᠦ ᠶ᠋ᠢᠨ ᠬᠦᠮᠦᠨ ᠨᠥᠬᠥᠴᠡᠵᠦ ᠵᠠᠭᠤᠨ ᠯᠠᠩ ᠦ᠋ᠨ ᠠᠯᠲᠠᠨ ᠪ ᠬᠥᠷᠥᠩᠭᠡ ᠶ᠋ᠢ ᠣᠯᠪᠠᠰᠤ ᠵᠢᠷᠤᠮᠲᠤ ᠲᠠᠷᠢᠶᠠᠯᠠᠩ ᠪᠠᠶ᠋ᠢᠭᠤᠯᠤᠨ ᠤᠭᠰᠠᠬ᠋ᠠ ᠲᠥᠷᠥᠯ ᠶ᠋ᠢᠠᠨ ᠬᠤᠷᠢᠶᠠᠵᠤ ᠲᠡᠵᠢᠭᠡᠨ ᠪᠥᠭᠡᠲᠡᠯ᠎ᠡ ᠡᠲᠦᠭᠡ ᠳᠥᠷᠪᠡᠨ ᠳᠠᠯᠠᠢ ᠶ᠋ᠢᠨ ᠪᠠᠶᠠᠨ ᠪᠣᠢ ᠪᠥᠭᠡᠳ ᠬᠠᠷᠢᠨ ᠣᠮᠠᠢ ᠨᠢᠭᠡᠲᠡᠨ ᠶ᠋ᠢᠡᠨ ᠡᠰᠡ ᠠᠩᠬᠠᠷᠪᠠᠰᠤ ᠪᠤᠰᠤ ᠤᠯᠤᠰ ᠲᠤᠷ ᠡᠯᠡᠭ᠋ ᠪᠣᠯᠬᠤ ᠪᠥᠭᠡᠳ ᠳᠤᠮᠳᠠᠳᠤ ᠤᠯᠤᠰ ᠢᠴᠢᠭᠦᠷᠢᠲᠦ ᠪᠣᠯᠤᠮᠤᠢ ᠃ ᠬᠡᠷᠪᠡᠲᠡ ᠪᠤᠰᠤ ᠵᠦᠢᠯ ᠦ᠋ᠨ ᠬᠤᠪᠢᠰᠤᠯ ᠪᠣᠯᠪᠠᠰᠤ ᠬᠣᠯᠪᠣᠭᠲᠠᠬᠤ ᠦᠢᠯᠡ ᠪᠠᠬ᠋᠎ᠠ ᠪᠤᠰᠤ ᠃ ᠰᠠᠶ᠋ᠢᠳ ᠪᠢ ᠳᠤᠷᠠᠲᠠᠶ᠎ᠠ ᠪᠡᠶ᠎ᠡ ᠪᠡᠨ ᠠᠯᠠᠵᠤ ᠬᠠᠭᠠᠨ ᠪ ᠳᠡᠭᠦᠦ ᠶ᠋ᠢᠨ ᠶᠠᠯ᠎ᠠ ᠶ᠋ᠢ ᠲᠥᠯᠥᠰᠦᠭᠡᠢ ᠃ ᠭᠤᠶᠤᠬᠤ ᠠᠨᠤ ᠲᠠᠶ᠋ᠢᠬᠡᠦ ᠡᠬᠡ ᠬᠥᠪᠡᠭᠦᠨ ᠰᠡᠯᠲᠡ ᠶ᠋ᠢ ᠪᠤᠴᠠᠭᠠᠵᠤ ᠠᠪᠴᠢᠷᠠᠭᠠᠳ ᠴᠢᠰᠤ ᠮᠢᠬᠠᠨ ᠪ ᠵᠢᠷᠤᠮ ᠊ᠢ ᠭᠦᠢᠴᠡᠤᠠᠬᠡᠬᠦ ᠠᠵᠢᠶᠠᠮᠤ 》 ᠬᠡᠮᠡᠪᠡᠰᠦ ᠬᠠᠷᠢᠭᠤ ᠵᠠᠷᠯᠢᠬ ᠪᠠᠭᠤᠯᠭᠠᠭᠰᠠᠨ ᠦᠭᠡᠢ ᠃
ᠲᠣᠬᠤᠨᠲᠡᠮᠦᠷ ᠬᠠᠭᠠᠨ ᠪ ᠡᠨᠡ ᠬᠦ ᠶᠠᠪᠤᠳᠠᠯ ᠊ᠢ ᠬᠣᠵᠢᠮ ᠦ᠋ᠨ ᠬᠥᠮᠦᠨ ᠪ ᠰᠢᠭᠦᠮᠵᠢᠯᠡᠨ ᠦᠭᠦᠯᠡᠭᠰᠡᠨ ᠢᠨᠤ ᠄ 《 ᠵᠠᠶᠠᠭᠠᠲᠤ ᠬᠠᠭᠠᠨ ᠳᠤ ᠬᠡᠳᠦᠶ᠋ᠢᠪᠡᠷ ᠠᠬ᠎ᠠ ᠪᠡᠨ ᠬᠣᠣᠷᠯᠠᠭᠰᠠᠨ ᠬᠡᠮᠡᠬᠦ ᠲᠠᠭᠠᠮᠠᠬᠠᠯᠠᠯ ᠦᠢᠯᠡ ᠪᠤᠢ ᠠᠪᠠᠴᠤ ᠥᠪᠡᠷ ᠦ᠋ᠨ ᠬᠥᠪᠡᠭᠦᠨ ᠊ᠢ ᠣᠷᠬᠢᠵᠤ ᠠᠬ᠎ᠠ ᠶ᠋ᠢᠨ ᠬᠥᠪᠡᠭᠦᠨ ᠊ᠢ ᠪᠠᠶ᠋ᠢᠭᠤᠯᠤᠭᠰᠠᠨ ᠠᠨᠤ ᠰᠢᠳᠤᠷᠭᠤ ᠰᠢᠭᠦᠮᠵᠢᠯᠡᠯ ᠪᠤᠰᠤ ᠭᠡᠵᠦ ᠦᠯᠦ ᠪᠣᠯᠤᠶᠤ ᠃ ᠡᠳᠦᠭᠡ ᠶ᠋ᠢᠨ ᠬᠠᠭᠠᠨ ᠬᠡᠮᠡᠭᠴᠢ ᠵᠠᠶᠠᠭᠠᠲᠤ ᠬᠠᠭᠠᠨ ᠪ ᠠᠬ᠎ᠠ ᠬᠣᠲᠣᠭᠲᠦ ᠬᠠᠭᠠᠨ ᠪ ᠬᠥᠪᠡᠭᠦᠨ ᠮᠥᠨ ᠪᠦᠬᠦᠢ ᠶ᠋ᠢᠨ ᠲᠤᠯᠠ ᠬᠡᠷᠬᠢᠪᠡᠴᠦ ᠡᠨᠡ ᠶᠠᠪᠤᠳᠠᠯ ᠶ᠋ᠢᠠᠷ ᠶᠠᠪᠤᠵᠤ ᠦᠯᠦ ᠪᠣᠯᠬᠤ ᠠᠵᠤᠭᠤ ᠃ ᠵᠠᠶᠠᠭᠠᠲᠤ ᠬᠠᠭᠠᠨ ᠪ ᠬᠥᠷᠥᠭ ᠊ᠢ ᠰᠦᠮ᠎ᠡ ᠡᠴᠡ ᠭᠠᠷᠭᠠᠨ ᠂ ᠠᠪᠠᠭ᠎ᠠ ᠡᠬᠡ ᠶ᠋ᠢᠨ ᠶᠡᠬᠡ ᠴᠣᠯᠠ ᠶ᠋ᠢ ᠡᠪᠳᠡᠭᠰᠡᠨ ᠶ᠋ᠢᠡᠷ ᠡᠯᠪᠡᠷᠢᠯ ᠊ᠢ ᠭᠦᠢᠴᠡᠳᠬᠡᠬᠦ ᠨᠡᠷ᠎ᠡ ᠶ᠋ᠢ ᠲᠦᠪ ᠪᠣᠯᠭᠠᠬᠤᠢ ᠳ᠋ᠤᠷ ᠡᠭᠦᠪᠡᠷ ᠲᠠᠭᠤᠰᠴᠤ ᠂ ᠭᠠᠭᠴᠠ ᠡᠯᠲᠡᠭᠦᠰ ᠊ᠢ ᠬᠦᠯᠢᠴᠡᠨ ᠪᠠᠭᠲᠠᠭᠠᠨ ᠡᠰᠨ ᠴᠢᠳᠠᠭᠠᠳ ᠴᠦᠯᠡᠵᠦ ᠠᠯᠠᠭᠰᠠᠨ ᠠᠨᠤ ᠵᠢᠷᠥᠮ ᠵᠦᠢ ᠳ᠋ᠤᠷ ᠦᠯᠦ ᠵᠣᠬᠢᠯᠲᠤᠮᠤᠢ ᠃ ᠲᠣᠬᠣᠨᠲᠡᠮᠤᠷ ᠬᠠᠭᠠᠨ ᠪᠡᠷ ᠥᠪᠡᠷ ᠦ᠋ᠨ ᠡᠴᠢᠭᠡ ᠡᠬᠡ ᠶ᠋ᠢᠨ ᠮᠣᠰᠬᠢᠬᠲᠠᠭᠰᠠᠨ ᠊ᠢ ᠴᠠᠭᠠᠤᠠᠬᠠᠨ ᠭᠠᠷᠭᠠᠬᠤ ᠶ᠋ᠢ ᠮᠡᠳᠡᠭᠰᠡᠨ ᠪᠣᠯᠪᠠᠴᠤ ᠶᠡᠬᠡ ᠵᠢᠷᠤᠮ ᠳ᠋ᠤᠷ ᠠᠯᠲᠠᠰᠢ ᠪᠣᠯᠬᠤ ᠶ᠋ᠢ ᠡᠰᠨ ᠮᠡᠳᠡᠭᠰᠡᠨ ᠢᠨᠤ ᠶᠠᠭᠤᠲᠠᠢ ᠬᠠᠶ᠋ᠢᠷᠠᠨ 》 ᠬᠡᠮᠡᠵᠦᠬᠦᠢ ᠃
ᠲᠣᠬᠤᠨᠲᠡᠮᠦᠷ ᠬᠠᠭᠠᠨ ᠪᠠᠰᠠ ᠵᠠᠶᠠᠭᠠᠲᠤ ᠬᠠᠭᠠᠨ ᠪ ᠦᠶ᠎ᠡ ᠳᠤ ᠨᠡᠮᠡᠵᠦ ᠲᠠᠯᠪᠢᠭᠰᠠᠨ ᠠᠯᠪᠠᠨ ᠨᠣᠶᠠᠳ ᠊ᠢ ᠬᠠᠰᠤᠵᠤ ᠂ ᠺᠦᠢ ᠵᠠᠩ ᠭᠧ ᠲᠠᠭᠲᠤ ᠶ᠋ᠢ ᠰᠢᠤᠸᠠᠨ ᠸᠸᠨ ᠭᠧ ᠲᠠᠭᠲᠤ ᠬᠡᠮᠡᠨ ᠬᠠᠯᠠᠭᠰᠠᠨ ᠪᠠᠶ᠋ᠢᠪᠠ ᠃ ᠵᠢᠯ ᠦ᠋ᠨ ᠡᠴᠦᠰ ᠲᠤ ᠵᠠᠷᠯᠢᠬ ᠪᠠᠭᠤᠯᠭᠠᠵᠤ ᠬᠠᠭᠤᠴᠢᠨ ᠊ᠢ ᠠᠷᠢᠯᠭᠠᠨ ᠰᠢᠨ᠎ᠡ ᠶ᠋ᠢ ᠳᠡᠯᠭᠡᠷᠡᠭᠦᠯᠬᠦ ᠬᠡᠮᠡᠨ ᡁᠢ ᠶᠤᠸᠠᠨ ᠪ ᠳᠣᠯᠣᠳᠤᠭᠠᠷ ᠣᠨ ᠪ ᠴᠣᠯᠠ ᠶ᠋ᠢ ᠬᠠᠯᠠᠵᠤ ᡁᠢ ᠵᠸᠩ ᠦ᠋ᠨ ᠲᠡᠷᠢᠭᠦᠨ ᠣᠨ ᠬᠡᠮᠡᠨ ᠨᠡᠷᠡᠶ᠋ᠢᠳᠪᠡ᠃
ᠪᠢᠴᠢᠭ᠌ ᠦ᠋ᠨ ᠣᠤᠠᠬᠠᠴᠢ ᠶ᠋ᠢᠨ ᠬᠦᠷᠢᠶᠡᠯᠡᠩ ᠦ᠋ᠨ ᠳᠡᠳ᠋ ᠰᠠᠶ᠋ᠢᠳ ᠨᠤᠤ ᠨᠤᠤ ᠠᠶ᠋ᠢᠯᠠᠤᠠᠬᠠᠷᠤᠨ ᠄ 《 ᠡᠷᠲᠡᠨ ᠡᠴᠡ ᠢᠨᠠᠭᠰᠢ ᠬᠥᠮᠦᠨ ᠪ ᠡᠷᠲᠡᠮ ᠊ᠢ ᠰᠣᠩᠭᠣᠵᠤ ᠴᠠᠭ ᠲᠤᠷ ᠲᠣᠬᠢᠷᠠᠭᠤᠯᠤᠨ ᠬᠡᠷᠡᠭᠯᠡᠭᠰᠡᠨ ᠢᠨᠤ ᠴᠦᠮ ᠮᠦᠴᠡᠵᠤ ᠠᠪᠬᠤ ᠠ᠋ᠴᠠ ᠭᠠᠷᠴᠤᠬᠤᠢ ᠃ ᠡᠭᠦᠨ ᠊ᠢ ᠪᠠᠶ᠋ᠢᠯᠭᠠᠭᠰᠠᠨ ᠠᠨᠤ ᠡᠰᠨ ᠵᠣᠬᠢᠮᠤᠢ 》 ᠬᠡᠮᠡᠭᠰᠡᠨ᠎ᠡ ᠲᠣᠬᠤᠨᠲᠡᠮᠦᠷ ᠬᠠᠭᠠᠨ ᠲᠡᠭᠦᠨ ᠪ ᠦᠭᠡ ᠶ᠋ᠢ ᠵᠥᠪᠰᠢᠶᠡᠷᠡᠵᠦ᠂ ᠮᠥᠴᠡᠯᠭᠡ ᠶ᠋ᠢᠨ ᠳᠦᠷᠢᠮ ᠊ᠢ ᠰᠡᠷᠭᠦᠭᠡᠬᠦ ᠵᠠᠷᠯᠢᠬ ᠪᠠᠭᠤᠯᠭᠠᠪᠠ ᠃
ᠦᠰᠦᠭ ᠠᠮᠢᠯᠠᠭᠤᠯᠤᠭᠴᠢ ᠄ ᠴᠸᠨ ᠬᠤᠪᠢᠰᠬᠠᠯ ᠂ ᠡᠷᠲᠡᠨᠢ ᠂ ᠪᠦᠷᠢᠨᠵᠢᠷᠭᠠᠯ ᠂ ᠳ᠋ᠦ᠋ᠩ ᠢᠦᠢ ᠯᠢᠩ ᠂
ᠪᠤᠤ ᠿᠦᠩ ᠬᠤᠸᠠ ᠂ ᠮᠥᠩᠭᠥᠨᠴᠡᠴᠡᠭ᠋ ᠂ ᠰᠠᠷᠠᠨ᠎ᠠ ᠂ ᠣᠤᠠᠬᠣᠨᠬᠤᠸᠠᠷ ᠂ ᠥᠷᠯᠥᠭ᠋
ᠬᠢᠨᠠᠭᠴᠢ ᠄ ᠮᠥᠴᠢᠷ
