ᠳᠠᠪᠤᠰᠤᠨ ᠠᠶᠠᠨ - ᠰᠸᠷᠵᠢ Давсан аян      -   Серж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠪᠤᠰᠤᠨ ᠠᠶᠠᠨ - ᠰᠸᠷᠵᠢ Давсан аян      -   Серж

ᠳᠠᠪᠤᠰᠤᠨ ᠠᠶᠠᠨ - ᠰᠸᠷᠵᠢ Давсан аян      -   Серж

2023-03-25

1087

ᠳᠠᠪᠤᠰᠤᠨ ᠠᠶᠠᠨ


               ᠰᠸᠷᠵᠢ

 ᠳᠡᠭᠡᠷ᠎ᠡ ᠵᠠᠭᠤᠨ ‍ᠤ ᠳᠤᠮᠳᠠᠴᠢ ᠠ᠋ᠴᠠ 
 ᠳᠠᠪᠤᠰᠤᠨ ᠠᠶᠠᠨ ‍ᠳᠤ ᠶᠠᠪᠤᠵᠠᠭᠠᠳᠠᠭ
 ᠦᠬᠡᠷ ᠲᠡᠷᠭᠡ ᠎ᠪᠡᠨ ᠴᠦᠷᠬᠡᠯᠡᠭᠡᠳ
 ᠦᠵᠦᠮᠦᠴᠢᠨ ᠨᠤᠲᠤᠭ ‍ᠢᠶ᠋ᠡᠨ ᠵᠣᠷᠢᠳᠠᠭ

 ᠬᠠᠭᠤᠷᠤᠭᠰᠠᠨ ᠪᠤᠳᠠᠭ᠎ᠠ ᠎ᠪᠠᠨ ᠲᠡᠭᠡᠭᠡᠭᠡᠳ
 ᠬᠤᠷᠤᠳ ᠲᠣᠰᠣ ᠎ᠪᠠᠨ ᠪᠠᠭᠴᠠᠯᠠᠭᠠᠳ
 ᠥᠷᠯᠥᠭᠡ ᠦᠳᠡᠰᠢ ᠎ᠲᠡᠢ ᠲᠡᠮᠡᠴᠡᠨ
 ᠡᠵᠢ ᠨᠠᠭᠤᠷ ‍ᠢ ᠴᠢᠭᠯᠡᠳᠡᠭ

 ᠠᠪᠤ ᠳᠡᠭᠡᠳᠦ ‍ᠶ᠋ᠢᠨ ᠨᠤᠲᠤᠭ ᠠ᠋ᠴᠠ 
 ᠠᠯᠤᠰ ‍ᠤᠨ ᠬᠣᠯᠠ ‍ᠶ᠋ᠢ ᠵᠣᠷᠢᠨ᠎ᠠ
 ᠠᠷᠠᠰᠤᠨ ᠳᠡᠪᠡᠯ ‍ᠢᠶ᠋ᠡᠨ ᠡᠮᠦᠰᠦᠭᠡᠳ
 ᠠᠶᠠᠨ ‍ᠤ ᠵᠠᠮ ‍ᠢᠶ᠋ᠠᠨ ᠡᠯᠭᠦᠨ᠎ᠡ

 ᠦᠬᠡᠷ ‍ᠢᠶ᠋ᠡᠨ ᠲᠠᠯᠪᠢᠵᠤ ᠢᠳᠡᠭᠦᠯᠬᠦ ᠵᠠᠭᠤᠷ᠎ᠠ
 ᠥᠷᠯᠥᠭᠡ ‍ᠶ᠋ᠢᠨ ᠴᠠᠢ ᠎ᠪᠠᠨ ᠪᠤᠴᠠᠯᠭᠠᠨ᠎ᠠ
 ᠤᠤᠭᠤᠵᠤ ᠵᠣᠭᠣᠭᠯᠠᠬᠤ ᠠ᠋ᠴᠠ ᠡᠮᠦᠨ᠎ᠡ
 ᠠᠭᠤᠯᠠᠨ ᠰᠠᠬᠢᠭᠤᠰᠤ ‍ᠳᠤ ᠎ᠪᠠᠨ ᠡᠷᠭᠦᠨ᠎ᠡ

 ᠠᠭᠤᠯᠠᠨ ᠬᠣᠷᠮᠣᠢ ‍ᠳᠤ ᠪᠠᠭᠤᠳᠠᠯᠯᠠᠬᠤ ‍ᠳᠤ
 ᠠᠬᠠᠮᠠᠳ ᠲᠣᠮᠣᠭᠠᠲᠠᠳ ᠬᠠᠭᠤᠴᠢᠯᠠᠨ᠎ᠠ 
 ᠤᠬᠠᠭᠠᠯᠢᠬ ᠰᠠᠮᠪᠠᠭᠠᠲᠠᠢ ᠵᠠᠯᠠᠭᠤᠰ ᠨᠢ
 ᠤᠴᠢᠷᠲᠠᠢ ᠶᠠᠷᠢᠶᠠᠨ ‍ᠳᠤ ᠰᠣᠭᠲᠣᠭᠤᠷᠠᠨ᠎ᠠ

 ᠮᠥᠰᠥ ᠴᠠᠰᠤ ‍ᠶ᠋ᠢ ᠲᠤᠭᠤᠯᠬᠤ ‍ᠳᠤ
 ᠮᠥᠷᠥᠭᠡᠳᠬᠦ ᠰᠡᠳᠬᠢᠯ ᠨᠤᠲᠤᠭ ᠵᠦᠭ ᠲᠤ
 ᠮᠤᠷᠤᠢ ᠰᠠᠷᠤᠢ ᠬᠠᠩᠭᠠᠢ ‍ᠶ᠋ᠢᠨ ᠵᠠᠮ
 ᠮᠢᠷᠠᠯᠵᠠᠭᠰᠠᠨ ᠬᠠᠳᠠᠭ ᠰᠢᠭ᠋ ᠰᠤᠨᠤᠯᠵᠠᠨ᠎ᠠ

 ᠴᠡᠪᠡᠷ ᠠᠷᠢᠭᠤᠨ ᠡᠵᠢ ᠨᠠᠭᠤᠷ
 ᠴᠡᠯᠮᠡᠭ ᠣᠭᠲᠠᠷᠭᠤᠢ ‍ᠶ᠋ᠢᠨ ᠰᠠᠷᠠ ‍ᠦᠦ
 ᠮᠥᠩᠬᠡ ᠲᠩᠷᠢ ᠎ᠡᠴᠡ ᠬᠠᠶ᠋ᠢᠷᠠᠯᠠᠭᠰᠠᠨ
 ᠮᠣᠯᠣᠷ ᠡᠷᠳᠡᠨᠢ ‍ᠶ᠋ᠢᠨ ᠰᠠᠩ ‍ᠦᠦ

 ᠪᠤᠶᠠᠨ ᠬᠤᠷᠤᠶ᠋ᠢᠯᠠᠭᠰᠠᠨ ᠡᠵᠢ ᠨᠠᠭᠤᠷ
 ᠪᠤᠷᠬᠠᠨ ᠰᠠᠬᠢᠭᠤᠰᠤ ᠢᠪᠡᠭᠡᠪᠡ ‍ᠦᠦ
 ᠪᠣᠭᠳᠠ ᠡᠵᠡᠨ ‍ᠦ ᠰᠣᠶᠣᠷᠬᠠᠭᠰᠠᠨ
 ᠪᠣᠮᠠᠨ ᠡᠷᠳᠡᠨᠢᠰ ‍ᠦᠨ ᠳᠠᠯᠠᠢ ‍ᠦᠦ

 ᠴᠠᠰᠤ ᠮᠥᠰᠥ ᠎ᠲᠡᠢ ᠵᠠᠮ ‍ᠢᠶ᠋ᠠᠷ 
 ᠵᠢᠵᠢᠭᠢᠨᠡᠭᠦᠯᠵᠦ ᠶᠠᠪᠤᠨ᠎ᠠ ! ᠦᠬᠡᠷ ᠲᠡᠷᠭᠡ ᠮᠢᠨᠢ
 ᠴᠡᠩᠬᠡᠷ ᠠᠯᠤᠰ ‍ᠤᠨ ᠦᠵᠦᠮᠦᠴᠢᠨ ‍ᠳᠦ 
 ᠴᠠᠬᠢᠯᠳᠠᠭ ᠬᠥᠬᠡᠷᠡᠲᠡᠯ᠎ᠡ ᠠᠶᠠᠯᠠᠳᠠᠭ

 ᠭᠠᠯᠠᠭᠤ ᠰᠢᠪᠠᠭᠤ ᠡᠷᠭᠢᠬᠦ ᠪᠣᠯᠤᠯ᠎ᠠ
 ᠭᠠᠩᠭᠠᠷ ᠭᠣᠩᠭᠣᠷ ᠳᠣᠩᠭᠣᠳᠤᠨ᠎ᠠ
 ᠬᠠᠰᠠᠭ ᠲᠡᠷᠭᠡ ᠎ᠪᠡᠨ ᠳᠦᠭᠦᠷᠭᠡᠭᠡᠳ
 ᠬᠠᠷᠢᠨ ᠪᠢᠳᠡ ᠨᠤᠲᠤᠭ ᠵᠦᠭ ‍ᠢᠶ᠋ᠡᠨ ᠁

     ᠦᠰᠦᠭ ᠠᠮᠢᠯᠠᠭᠤᠯᠤᠭᠴᠢ ᠄  ᠠᠵᠠᠵᠠᠶᠠᠭ᠎ᠠ
       ᠬᠢᠨᠠᠭᠴᠢ ᠄  ᠰᠡᠴᠡᠨᠴᠢᠮᠡᠭ ᠂  ᠣᠳᠣᠨᠭᠡᠷᠡᠯ