ᠲᠣᠭᠲᠠᠬᠤTogtokhТогтох
ᠲᠣᠭᠲᠠᠬᠤ
ᠠᠲᠠᠷ ᠬᠠᠭᠠᠯᠪᠤᠷᠢᠯᠠᠬᠤ ᠶ᠋ᠢ ᠡᠰᠡᠷᠭᠦᠴᠡᠭᠰᠡᠨ ᠵᠣᠷᠢᠭᠲᠤ ᠪᠠᠭᠠᠲᠤᠷ
ᠲᠣᠭᠲᠠᠬᠤ 1863 ᠣᠨ ᠳ᠋ᠤ᠌ ᠥᠪᠥᠷ ᠮᠣᠩᠭᠣᠯ ᠤ᠋ᠨ ᠵᠢᠷᠢᠮ ᠦ᠋ᠨ
ᠴᠢᠭᠤᠯᠭᠠᠨ ᠤ᠋ ᠭᠣᠷᠯᠣᠰ ᠤ᠋ᠨ ᠡᠮᠦᠨᠡᠲᠦ ᠬᠣᠰᠢᠭᠤᠨ ( ᠣᠳᠣ ᠶ᠋ᠢᠨ ᠂ ᠬᠢᠷᠢᠨ ᠮᠣᠵᠢ ᠶ᠋ᠢᠨ ᠡᠮᠦᠨᠡᠲᠦ ᠭᠣᠷᠯᠣᠰ ᠤ᠋ᠨ
ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠬᠠᠤ ᠵᠧᠦ ) ᠶ᠋ᠢᠨ ᠲᠠᠪᠤᠨ ᠲᠠᠭ ᠭᠤᠷᠪᠠᠨ ᠭᠡᠷ ᠬᠡᠮᠡᠬᠦ ᠲᠣᠰᠬᠣᠨ ᠤ᠋
ᠬᠣᠬᠢ
ᠲᠠᠢᠵᠢ ᠡᠩᠬᠡᠪᠢᠯᠢᠭᠲᠦ ᠶ᠋ᠢᠨ ᠭᠡᠷ ᠲᠦ᠍ ᠲᠥᠷᠥᠵᠡᠢ ᠃ ᠲᠡᠷᠡ ᠲᠥᠷᠥᠯᠬᠢ ᠠᠪᠢᠶᠠᠰ ᠪᠢᠯᠢᠭ ᠲᠡᠢ ᠂ ᠴᠣᠪᠣᠭᠣ
ᠰᠡᠷᠭᠦᠯᠡᠩ ᠂ ᠡᠷᠡᠰ ᠰ᠍ᠢᠭᠣᠷᠠᠠᠠᠢ ᠂ ᠡᠷᠡᠯᠬᠡᠭ ᠪᠠᠭᠠᠲᠤᠷ ᠂ ᠵᠣᠷᠢᠭ ᠰᠥᠰᠥ ᠲᠡᠢ ᠪᠥᠭᠡᠳ ᠲᠠᠷᠢᠶᠠᠨ ᠠᠵᠢᠯ ᠤ᠋ᠨ
ᠵᠠᠪ ᠴᠢᠯᠥᠭᠡᠨ ᠳ᠋ᠦ᠍ ᠦᠶ᠎ᠡ ᠶ᠋ᠢᠨ ᠨᠥᠬᠥᠳ ᠶ᠋ᠢᠠᠨ ᠳᠠᠢᠴᠢᠯᠠᠨ ᠂ ᠦᠷᠢᠶ᠎ᠡ ᠬᠦᠯᠦᠭ ᠲᠦ᠍ ᠪᠡᠨ ᠮᠣᠷᠳᠠᠵᠠᠭᠠᠭᠠᠳ ᠠᠪᠠ ᠰ᠍ᠢᠪᠠᠭᠣᠨ ᠳ᠋ᠤ᠌
ᠶᠠᠪᠤᠵᠤ ᠂ ᠠᠩ ᠬᠦᠷᠦᠭᠡ ᠬᠢᠳᠡᠭ ᠪᠣᠯᠠᠠᠣᠷ ᠬᠠᠷᠪᠤᠵᠤ ᠨᠠᠮᠨ᠋ᠠᠠᠠᠣ ᠪᠠ ᠮᠣᠷᠢᠨ ᠮᠡᠷᠭᠡᠵᠢᠯ ᠳᠤ ᠶᠡᠬᠡᠳᠡ
ᠴᠠᠭᠠᠷᠠᠪᠠ ᠃ ᠲᠡᠷᠡ ᠡᠩ ᠦ᠋ᠨ ᠴᠠᠭ ᠲᠤ᠌ ᠪᠠᠨ ᠬᠠᠷᠭᠢᠰ ᠳᠣᠭᠰᠢᠨ ᠠ᠋ᠴᠠ ᠠᠶᠤᠬᠤ ᠦᠭᠡᠢ ᠂ ᠨᠣᠮᠣᠬᠠᠨ ᠰᠢᠳᠤᠷᠭᠤ
ᠶ᠋ᠢ ᠲᠠᠷᠣᠯᠠᠠᠠᠣ ᠦᠭᠡᠢ ᠂ ᠶᠠᠳᠠᠭᠤ ᠶ᠋ᠢ ᠲᠡᠳᠬᠦᠨ ᠵᠣᠪᠠᠯᠠᠩᠲᠠᠨ ᠢ᠋ ᠲᠤᠰᠠᠯᠠᠵᠤ ᠂ ᠪᠠᠶᠠᠳ ᠨᠣᠶᠠᠳ ᠤ᠋ᠨ
ᠬᠠᠷᠭᠢᠰ ᠬᠠᠷᠠᠩᠭᠤᠢ ᠲᠠᠯ᠎ᠠ ᠶ᠋ᠢ ᠢᠯᠡᠴᠢᠯᠡᠨ ᠡᠰᠡᠷᠭᠦᠴᠡᠳᠡᠭ ᠪᠣᠯᠠᠠᠣᠷ ᠠ᠍ᠢ᠍ᠢᠯ ᠣᠯᠠᠨ ᠤ᠋ ᠪᠠᠨ ᠬᠦᠷᠢᠶᠡᠯᠡᠯ ᠢ᠋
ᠣᠯᠵᠤ ᠢᠲᠡᠭᠡᠯ ᠬᠦᠨᠳᠦ ᠲᠡᠢ ᠬᠥᠮᠦᠨ ᠪᠣᠯᠤᠭᠰᠠᠨ ᠪᠠᠢᠨ᠎ᠠ ᠃
1894 ᠣᠨ ᠳ᠋ᠤ᠌ ᠪᠣᠯᠤᠭᠰᠠᠨ ᠳᠤᠮᠳᠠᠳᠤ ᠶᠠᠫᠣᠨ ᠤ᠋ ᠳᠠᠢᠨ ᠳ᠋ᠤ᠌
ᠰᠠᠷᠨᠢᠨ ᠪᠤᠲᠠᠷᠠᠭᠰᠠᠨ ᠴᠢᠩ ᠤᠯᠤᠰ ᠤ᠋ᠨ ᠴᠡᠷᠢᠭ ᠦ᠋ᠳ ᠳᠡᠭᠡᠷᠡᠮ ᠪᠣᠯᠵᠤ ᠂ ᠥᠪᠥᠷ ᠮᠣᠩᠭᠣᠯ ᠤ᠋ᠨ ᠵᠡᠭᠦᠨ ᠬᠡᠰᠩ
ᠢᠯᠠᠩᠭᠤᠶ᠎ᠠ ᠡᠮᠦᠨᠡᠲᠦ ᠭᠣᠷᠯᠣᠰ ᠵᠡᠷᠭᠡ ᠬᠣᠰᠢᠭᠠᠳ ᠶ᠋ᠢᠠᠷ ᠡᠳ᠋ ᠬᠥᠷᠥᠩᠭᠡ ᠮᠠᠯ ᠤᠨᠤᠭ᠎ᠠ ᠳᠡᠭᠡᠷᠡᠮᠳᠡᠵᠦ
ᠠᠷᠠᠳ ᠲᠦᠮᠡᠨ ᠢ᠋ ᠬᠥᠨᠥᠭᠡᠨ ᠬᠢᠳᠤᠵᠤ ᠪᠠᠢᠭᠰᠠᠨ ᠳ᠋ᠤ᠌ ᠲᠣᠭᠲᠠᠬᠤ ᠥᠪᠡᠷ ᠦ᠋ᠨ ᠬᠡᠦᠬᠡᠳ ᠳᠡᠭᠦᠦ ᠨᠠᠷ ᠪᠠ ᠠ᠍ᠢ᠍ᠢᠯ
ᠠᠢᠮᠠᠭ ᠤᠨ ᠲᠥᠷᠥᠯ ᠰᠠᠳᠤᠨ ᠭᠤᠴᠢᠭᠠᠳ ᠬᠥᠮᠦᠨ ᠢ᠋ ᠵᠣᠬᠢᠶᠠᠨ ᠪᠠᠢᠭᠤᠯᠤᠭᠠᠳ ᠲᠡᠳᠡᠨ ᠢ᠋ ᠣᠰᠠᠣᠠᠠᠠᠠᠠᠠᠰᠠᠨ
ᠪᠤᠶᠤ ᠬᠣᠰᠢᠭᠤ ᠨᠤᠲᠤᠭ ᠠ᠋ᠴᠠ ᠪᠠᠨ ᠦᠯᠳᠡᠨ ᠭᠠᠷᠭᠠᠪᠠ ᠃
20 ᠳ᠋ᠤᠭᠠᠷ ᠵᠠᠭᠤᠨ ᠤ᠋ ᠡᠬᠢᠨ ᠦ᠌ ᠣᠨ ᠠ᠋ᠴᠠ ᠡᠬᠢᠯᠡᠨ ᠭᠣᠷᠯᠣᠰ
ᠤ᠋ᠨ ᠡᠮᠦᠨᠡᠲᠦ ᠬᠤᠰᠢᠭᠤᠨ ᠤ᠋ ᠵᠠᠰᠠᠭ ᠸᠠᠩ ᠴ᠍ᠢᠮᠠᠣᠠᠰᠠᠮᠪᠠᠯ ᠭᠠᠵᠠᠷ ᠨᠤᠲᠤᠭ ᠢ᠋ᠶ᠋ᠠᠨ ᠬᠤᠳᠠᠯᠳᠤᠵᠤ ᠂1905
ᠣᠨ ᠪᠣᠯᠠᠠᠣ ᠳ᠋ᠤ᠌ ᠲᠤᠰ ᠬᠣᠰᠢᠭᠤᠨ ᠤ᠋ ᠪᠠᠷᠠᠭᠤᠨ ᠬᠡᠰᠩ ᠦ᠋ᠨ ᠂ ᠥᠩ ᠰᠢᠮᠡᠯᠢᠭ ᠨᠤᠲᠤᠭ ᠪᠡᠯᠴᠢᠭᠡᠷ ᠢ᠋ ᠪᠠᠷᠤᠭ
ᠪᠤᠢᠷ ᠬᠤᠳᠠᠯᠳᠤᠵᠤ ᠲᠠᠭᠣᠰᠠᠠᠠᠵᠠᠢ ᠃ ᠢᠩᠭᠢᠭᠰᠡᠨ ᠶ᠋ᠢᠠᠷ ᠡᠨᠳᠡ ᠨᠤᠲᠤᠭᠯᠠᠵᠤ ᠪᠠᠢᠭᠰᠠᠨ ᠮᠠᠯᠴᠢᠳ ᠤᠤᠭᠤᠭᠰᠠᠨ
ᠤᠰᠤ ᠤᠨᠠᠭᠰᠠᠨ ᠰᠢᠷᠣᠢ ᠠ᠋ᠴᠠ ᠪᠠᠨ ᠰᠢᠬᠠᠭᠳᠠᠨ ᠭᠠᠷᠴᠤ ᠬᠠᠷᠢ ᠨᠤᠲᠤᠭ ᠂ ᠬᠢᠵᠠᠭᠠᠷ ᠣᠷᠣᠨ ᠶ᠋ᠢᠠᠷ ᠲᠡᠨᠦᠭᠦᠴᠢᠯᠡᠵᠦ
ᠡᠬᠢᠯᠡᠪᠡ ᠃ ᠲᠣᠭᠲᠠᠬᠤ ᠡᠳᠡᠭᠡᠷ ᠭᠤᠨᠢᠭᠲᠤ ᠪᠠᠶ᠋ᠢᠳᠠᠯ ᠢ᠋ ᠦᠵᠡᠨ ᠶᠠᠳᠠᠬᠤ ᠳᠤ ᠪᠠᠨ ᠠᠨᠳᠠ ᠨᠥᠬᠥᠳ ᠲᠡᠢ ᠪᠡᠨ
ᠵᠥᠪᠳᠡᠯᠴᠡᠭᠡᠳ ᠬᠣᠰᠢᠭᠤ ᠶᠠᠮᠤᠨ ᠳᠤ ᠣᠴᠢᠵᠤ ᠴᠢᠮᠡᠳᠰᠠᠮᠪᠠᠯ ᠲᠠᠢ ᠠᠭᠤᠯᠵᠠᠨ ᠶᠣᠰᠣ ᠬᠡᠯᠡᠯᠴᠡᠬᠦ ᠪᠡᠷ ᠬᠦᠷᠦᠭᠰᠡᠨ ᠳ᠋ᠦ᠍
᠂ ᠬᠤᠰᠢᠭᠤᠨ ᠤ᠋ ᠵᠠᠬᠢᠷᠤᠭᠴᠢ ᠨᠣᠶᠠᠨ ᠲᠣᠭᠲᠠᠬᠤ ᠶ᠋ᠢ ᠠᠭᠤᠯᠵᠠᠭᠤᠯᠤᠭᠰᠠᠨ ᠦᠭᠡᠢ ᠮᠥᠷᠲᠡᠭᠡᠨ ᠬᠡᠷᠡᠭ ᠥᠳᠥᠭᠡᠵᠦ
ᠪᠠᠶ᠋ᠢᠨ᠎ᠠ ᠭᠡᠮᠡᠨ ᠲᠠᠪᠢᠨ ᠲᠠᠰᠢᠭᠤᠷ ᠬᠦᠨᠳᠦᠳᠡ ᠵᠠᠨᠴᠢᠵᠠᠢ ᠃ ᠲᠣᠭᠲᠠᠬᠤ ᠲᠤᠶ᠋ᠢᠯ ᠢ᠋ᠶ᠋ᠠᠷ ᠠᠭᠤᠷᠯᠠᠵᠤ ᠄
《 ᠡᠭᠦᠨ ᠡᠴᠡ ᠬᠣᠶ᠋ᠢᠰᠢ ᠡᠨᠡ ᠪᠣᠱᠣᠭ᠎ᠠ ᠶ᠋ᠢ ᠳᠠᠬᠢᠨ ᠭᠢᠰᠬᠢᠬᠦ ᠦᠭᠡᠢ ᠃ ᠲᠠ ᠨᠠᠷ ᠡᠵᠡᠷᠬᠡᠭᠴᠢᠳ ᠲᠡᠢ
ᠨᠡᠶ᠋ᠢᠯᠡᠵᠦ ᠮᠠᠨ ᠤ᠋ ᠨᠤᠲᠤᠭ ᠳᠡᠪᠢᠰᠬᠡᠷ ᠂ ᠲᠠᠷᠢᠶᠠᠨ ᠭᠠᠵᠠᠷ ᠊ᠢ ᠬᠤᠳᠠᠯᠳᠤᠨ ᠲᠦᠮᠡᠨ ᠠᠷᠠᠳ ᠤ᠋ᠨ ᠲᠡᠵᠢᠭᠡᠯ
᠊ᠢ ᠲᠠᠰᠤᠯᠤᠭᠰᠠᠨ ᠴᠢᠨᠢ ᠶᠠᠯ᠎ᠠ ᠪᠢᠰᠢᠦ ? ᠣᠷᠣᠨ ᠨᠤᠲᠤᠭ ᠢ᠋ᠶ᠋ᠠᠨ ᠬᠠᠮᠠᠭᠠᠯᠠᠬᠤ ᠶ᠋ᠢᠨ
ᠲᠥᠯᠥᠭᠡ ᠲᠠᠨᠤᠰ ᠲᠠᠢ ᠵᠠᠪᠠᠯ ᠡᠷᠡᠭᠴᠢᠨ ᠡᠮᠡᠭᠴᠢᠨ ᠢ᠋ᠶ᠋ᠡᠨ ᠦᠵᠡᠯᠴᠡᠨᠡ ! ᠳᠡᠶ᠋ᠢᠯᠵᠦ ᠴᠢᠳᠠᠪᠠᠯ ᠲᠦᠮᠡᠨ
ᠠᠷᠠᠳ ᠤ᠋ᠨ ᠵᠢᠷᠭᠠᠯ ᠂ ᠳᠡᠶ᠋ᠢᠯᠦᠭᠳᠡᠪᠡᠯ ᠮᠢᠨᠦ ᠬᠤᠪᠢ ᠪᠡᠶ᠎ᠡ ᠶ᠋ᠢᠨ ᠬᠣᠬᠢᠷᠠᠯ ! 》 ᠭᠡᠵᠦ ᠬᠤᠰᠢᠭᠤᠨ ᠶᠠᠮᠤᠨ ᠤ᠋
ᠬᠢᠨ ᠳ᠋ᠦ᠍ ᠡᠷᠡᠰ ᠲᠠᠰᠤᠷᠬᠠᠢ ᠬᠡᠯᠡᠭᠡᠳ ᠪᠤᠴᠠᠪᠠ ᠃ ᠡᠨᠡ ᠦᠶ᠎ᠡ ᠳ᠋ᠦ᠍ ᠲᠣᠭᠲᠠᠬᠤ ᠪᠣᠯᠤᠨ ᠣᠯᠠᠨ ᠮᠣᠩᠭᠣᠯᠴᠤᠳ ᠲᠤ᠌
ᠵᠡᠪᠰᠡᠭ ᠪᠠᠷᠢᠵᠤ ᠪᠣᠰᠤᠯᠭ᠎ᠠ ᠭᠠᠷᠭᠠᠬᠤ ᠠ᠋ᠴᠠ ᠥᠭᠡᠷ᠎ᠡ ᠵᠠᠮ ᠦᠭᠡᠢ ᠪᠣᠯᠵᠠᠢ ᠃
1906 ᠣᠨ ᠤ᠋9 ᠰᠠᠷ᠎ᠠ ᠶ᠋ᠢᠨ22 ᠤ᠋ ᠡᠳᠦᠷ ᠂ ᠲᠣᠭᠲᠠᠬᠤ ᠥᠪᠡᠷ ᠦ᠋ᠨ
ᠭᠤᠷᠪᠠᠨ ᠬᠥᠪᠡᠭᠦᠨ ᠬᠢᠭᠡᠳ ᠬᠠᠳᠠ ᠂ ᠵᠠᠮᠰᠤ ᠂ ᠰᠠᠶ᠋ᠢᠵᠢᠷᠠᠬᠤ ᠂ ᠡᠷᠲᠡᠨᠢᠲᠠᠯᠠᠢ ᠵᠡᠷᠭᠡ ᠲᠥᠷᠥᠯ ᠰᠠᠳᠤᠨ
ᠵᠢᠷᠤᠮᠲᠤ ᠨᠥᠬᠥᠳ ᠭᠤᠴᠢᠨ ᠬᠣᠶᠠᠷ ᠬᠥᠮᠦᠨ ᠊ᠢ ᠳᠠᠭᠠᠭᠤᠯᠤᠨ ᠮᠣᠷᠳᠠᠵᠤ ᠂ ᠲᠤᠰ ᠬᠤᠰᠢᠭᠤᠨ ᠤ᠋ ᠪᠠᠷᠠᠭᠤᠨ ᠵᠠᠬ᠎ᠠ ᠶ᠋ᠢᠨ
ᠡᠷᠢᠶᠡᠨ ᠱᠣᠩ ᠬᠡᠮᠡᠬᠦ ᠭᠠᠵᠠᠷ ᠲᠤ᠌ ᠬᠦᠷᠴᠡᠢ ᠃ ᠲᠡᠨᠳᠡ ᠠᠲᠠᠷ ᠬᠠᠭᠠᠯᠪᠤᠷᠢᠯᠠᠬᠤ ᠶ᠋ᠢ ᠬᠠᠮᠢᠶᠠᠷᠬᠤ ᠲᠣᠪᠴᠢᠶ᠎ᠠ
ᠭᠡᠵᠦ ᠪᠠᠶ᠋ᠢᠬᠰᠠᠨ ᠪᠥᠭᠡᠳ ᠲᠡᠭᠦᠨ ᠦ᠌ ᠡᠷᠬᠢᠯᠡᠭᠴᠢ ᠲᠦᠰᠢᠮᠡᠯ ᠨᠢ ᠶᠠᠭ ᠬᠣᠷᠢᠨ ᠬᠡᠳᠦᠨ ᠮᠣᠩᠭᠣᠯ ᠴᠡᠷᠢᠭ ᠦ᠋ᠨ
ᠬᠠᠮᠠᠭᠠᠯᠠᠯᠲᠠ ᠲᠠᠢ ᠪᠠᠷ ᠪᠤᠯᠢᠶᠠᠨ ᠡᠵᠡᠯᠡᠭᠰᠡᠨ ᠭᠠᠵᠠᠷ ᠢ᠋ᠶ᠋ᠠᠨ ᠬᠡᠮᠵᠢᠵᠦ ᠪᠠᠶ᠋ᠢᠬᠰᠠᠨ ᠪᠣᠯᠬᠣᠷ ᠲᠣᠭᠲᠠᠬᠤ
ᠨᠠᠷ ᠲᠡᠳᠡᠨᠦᠰ ᠊ᠢ ᠪᠠᠷᠢᠪᠴᠢᠯᠠᠨ ᠠᠪᠴᠤ ᠫᠤᠤ ᠵᠡᠪᠰᠡᠭ ᠊ᠢ ᠨᠢ ᠬᠤᠷᠢᠶᠠᠮᠵᠢᠯᠠᠪᠠ ᠃ ᠲᠤᠰ ᠰᠠᠷ᠎ᠠ ᠶ᠋ᠢᠨ23 ᠤ᠋
ᠰᠥᠨᠢ ᠲᠣᠭᠲᠠᠬᠤ ᠨᠥᠬᠥᠳ ᠢ᠋ᠶ᠋ᠡᠨ ᠳᠠᠶ᠋ᠢᠴᠢᠯᠠᠨ ᠂ ᠮᠣᠳᠣᠳ ᠤ᠋ᠨ ᠪᠠᠭᠤᠳᠠᠯ ᠬᠡᠮᠡᠬᠦ ᠭᠠᠵᠠᠷ ᠲᠤ᠌ ᠰᠠᠭᠤᠷᠢᠰᠢᠵᠤ
ᠪᠠᠶ᠋ᠢᠬᠰᠠᠨ ᠶᠠᠫᠣᠨ ᠤ᠋ ᠬᠡᠮᠵᠢᠨ ᠵᠢᠷᠤᠬᠤ ᠠᠩᠭᠢ ᠶ᠋ᠢ ᠳᠠᠭᠠᠷᠢᠭᠠᠳ ᠶᠠᠫᠣᠨ ᠤ᠋ ᠭᠤᠴᠢᠨ ᠲᠠᠩᠨᠠᠭᠤᠯ ᠪᠣᠯᠤᠨ
ᠲᠡᠳᠡᠨ ᠊ᠢ ᠬᠠᠮᠠᠭᠠᠯᠠᠵᠤ ᠪᠠᠶ᠋ᠢᠬᠰᠠᠨ ᠴᠢᠩ ᠤᠯᠤᠰ ᠤ᠋ᠨ ᠬᠣᠷᠢᠭᠠᠳ ᠴᠡᠷᠢᠭ ᠊ᠢ ᠠᠯᠠᠵᠤ ᠫᠤᠤ ᠵᠡᠪᠰᠡᠭ ᠂ ᠬᠤᠪᠴᠠᠰᠤ
ᠬᠤᠨᠠᠷ ᠊ᠢ ᠨᠢ ᠣᠯᠵᠠᠯᠠᠨ ᠠᠪᠴᠠᠢ ᠃ ᠲᠣᠭᠲᠠᠬᠤ ᠨᠠᠷ ᠲᠡᠨᠳᠡ ᠡᠴᠡ ᠪᠡᠨ ᠲᠦᠰᠢᠶᠡᠲᠦ ᠬᠤᠰᠢᠭᠤᠨ ᠤ᠋ ᠪᠦᠲᠦᠨ
ᠪᠤᠯᠠᠭ ᠤ᠋ᠨ ᠠᠲᠠᠷᠬᠠᠭᠠᠯᠪᠤᠷᠢᠯᠠᠬᠤ ᠲᠣᠪᠴᠢᠶ᠎ᠠ ᠶ᠋ᠢ ᠴᠢᠭᠯᠡᠵᠦ ᠣᠴᠢᠭᠠᠳ ᠲᠤᠰ ᠲᠣᠪᠴᠢᠶ᠎ᠠ ᠶ᠋ᠢ ᠭᠡᠨᠡᠳᠡᠭᠦᠯᠦᠨ
ᠳᠠᠭᠠᠷᠢᠵᠤ ᠠᠷᠪᠠᠨ ᠬᠡᠳᠦᠨ ᠴᠡᠷᠢᠭ ᠊ᠢ ᠨᠢ ᠠᠯᠠᠪᠠ ᠃ ᠡᠨᠡ ᠦᠶ᠎ᠡ ᠳ᠋ᠦ᠍ ᠠᠯᠪᠠᠨ ᠤ᠋ ᠲᠠᠯ᠎ᠠ ᠶ᠋ᠢᠨ ᠬᠢᠨ ᠶᠡᠬᠡ
ᠴᠡᠷᠢᠭ ᠢ᠋ᠶ᠋ᠡᠷ ᠨᠡᠬᠡᠮᠵᠢᠯᠡᠨ ᠠᠶ᠋ᠢᠰᠤᠢ ᠬᠡᠮᠡᠭᠰᠡᠨ ᠨᠤᠲᠤᠭ ᠤ᠋ᠨ ᠠᠷᠠᠳ ᠤ᠋ᠨ ᠬᠦᠷᠭᠡᠭᠰᠡᠨ ᠴᠢᠮᠡᠭᠡ ᠶ᠋ᠢ
ᠣᠯᠤᠭᠰᠠᠨ ᠪᠣᠯᠬᠣᠷ ᠲᠣᠭᠲᠠᠬᠤ ᠶ᠋ᠢᠨ ᠴᠡᠷᠢᠭ ᠠᠩᠭᠢ ᠵᠠᠮ ᠪᠤᠷᠤᠭᠤᠯᠠᠨ ᠤᠮᠠᠷᠠᠰᠢ ᠴᠢᠭᠯᠡᠵᠦ ᠂ ᠵᠠᠰᠠᠭᠲᠤ ᠬᠤᠰᠢᠭᠤᠨ ᠤ᠋
ᠳᠠᠯᠠᠨ ᠰᠤᠤ ᠬᠡᠮᠡᠬᠦ ᠭᠠᠵᠠᠷ ᠲᠤ᠌ ᠬᠦᠷᠦᠭᠡᠳ ᠲᠤᠰ ᠭᠠᠵᠠᠷ ᠤ᠋ᠨ ᠨᠢᠭᠡᠨ ᠲᠣᠮᠣ ᠠᠷᠢᠬᠢᠨ ᠫᠦᠰᠡ ( ᠠᠷᠢᠬᠢ
ᠨᠡᠷᠡᠳᠡᠭ ᠭᠠᠵᠠᠷ ) ᠢ᠋ ᠡᠵᠡᠯᠡᠨ ᠠᠪᠴᠤ ᠨᠡᠬᠡᠷ᠎ᠡ ᠢᠷᠡᠬᠦ ᠴᠡᠷᠢᠭ ᠲᠡᠢ ᠦᠵᠡᠯᠴᠡᠬᠦ ᠪᠡᠷ ᠪᠡᠯᠡᠳᠬᠡᠪᠡ ᠃
ᠢᠩᠭᠢᠵᠦ ᠪᠠᠶ᠋ᠢᠲᠠᠯ᠎ᠠ ᠬᠣᠶ᠋ᠢᠨ᠎ᠠ ᠠ᠋ᠴᠠ ᠨᠢ ᠨᠡᠬᠡᠵᠦ ᠶᠠᠪᠤᠭ᠎ᠠ ᠱᠠᠭᠠᠵᠠᠭᠠᠢ ᠬᠣᠲᠠ ( ᠲᠣᠣᠨᠠᠨ ) ᠂ ᠮᠦᠭᠲᠡᠨ
᠂ ᠬᠢᠷᠢᠨ ᠂ ᠴᠢᠴᠢᠬᠠᠷ ᠵᠡᠷᠭᠡ ᠭᠠᠵᠠᠷ ᠤ᠋ᠨ ᠴᠢᠩ ᠤᠯᠤᠰ ᠤ᠋ᠨ ᠮᠣᠷᠢᠲᠤ ᠶᠠᠪᠠᠭᠠᠨ ᠬᠡᠳᠦᠨ ᠮᠢᠩᠭᠠᠨ ᠴᠡᠷᠢᠭ
ᠨᠡᠬᠡᠮᠵᠢᠯᠡᠨ ᠢᠷᠡᠭᠡᠳ ᠪᠦᠰᠡᠯᠡᠨ ᠫᠤᠤᠳᠠᠵᠠᠢ ᠃ ᠲᠣᠭᠲᠠᠬᠤ ᠨᠠᠷ ᠬᠡᠳᠦᠨ ᠠᠷᠪᠠᠨ ᠳᠠᠬᠢᠨ ᠳᠠᠪᠠᠭᠤ ᠬᠦᠴᠦᠨ
ᠪᠦᠬᠦᠢ ᠳᠠᠶ᠋ᠢᠰᠤᠨ ᠲᠠᠢ ᠵᠢᠷᠭᠤᠭᠠᠨ ᠰᠥᠨᠢ ᠵᠢᠷᠭᠤᠭᠠᠨ ᠡᠳᠦᠷ ᠬᠠᠲᠠᠭᠤᠵᠢᠯᠲᠠᠢ ᠪᠠᠶ᠋ᠢᠯᠲᠤᠵᠤ ᠂ ᠳᠣᠯᠤᠭᠠᠳᠡᠬᠢ
ᠰᠥᠨᠢ ᠨᠢ ᠨᠢᠭᠡᠨ ᠡᠮᠡᠭᠡᠯ ᠲᠡᠢ ᠮᠣᠷᠢᠨ ᠳᠡᠭᠡᠷ᠎ᠡ ᠬᠡᠯᠬᠢᠶ᠎ᠡ ᠫᠤᠤᠵᠢᠩ ᠳᠡᠭᠦᠵᠢᠯᠡᠨ ᠨᠣᠴᠣᠭᠠᠭᠠᠳ ᠳᠠᠶ᠋ᠢᠰᠤᠨ ᠤ᠋
ᠴᠡᠷᠢᠭ ᠦ᠋ᠨ ᠵᠦᠭ ᠲᠠᠯᠪᠢᠨ ᠣᠷᠣᠭᠤᠯᠵᠤ ᠦᠢᠮᠡᠭᠡᠨ ᠳᠡᠭᠳᠡᠭᠡᠭᠰᠡᠨ ᠲᠠᠰᠢᠷᠠᠮ ᠢ᠋ᠶ᠋ᠠᠷ ᠲᠡᠳᠡ ᠳᠠᠶ᠋ᠢᠰᠤᠨ ᠤ᠋
ᠬᠦᠨᠳᠦ ᠪᠦᠰᠡᠯᠡᠯᠲᠡ ᠶ᠋ᠢ ᠰᠢᠪᠲᠤᠯᠤᠨ ᠭᠠᠷᠴᠠᠢ ᠃ ᠲᠡᠭᠦᠨ ᠡᠴᠡ ᠠᠪᠤᠭᠠᠳ ᠲᠣᠭᠲᠠᠬᠤ ᠶ᠋ᠢᠨ ᠴᠡᠷᠢᠭ ᠦ᠋ᠨ ᠨᠡᠷ᠎ᠡ
ᠰᠦᠷ ᠶᠡᠬᠡᠳᠡ ᠮᠠᠨᠳᠤᠪᠠ ᠃
1907 ᠣᠨ ᠤ᠋ ᠵᠤᠨ ᠪᠣᠯᠬᠤ ᠳ᠋ᠤ᠌ ᠲᠣᠭᠲᠠᠬᠤ ᠶ᠋ᠢᠨ ᠴᠡᠷᠢᠭ ᠰᠣᠯᠣᠨ
ᠠᠭᠤᠯᠠᠨ ᠳ᠋ᠤ᠌ ᠭᠠᠷᠪᠠ ᠃ ᠲᠤᠰ ᠵᠢᠯ ᠦ᠋ᠨ ᠨᠠᠮᠤᠷ ᠲᠣᠭᠲᠠᠬᠤ ᠨᠠᠷ ᠥᠪᠡᠷ ᠦ᠋ᠨ ᠨᠤᠲᠤᠭ ᠤᠰᠤ ᠂ ᠡᠬᠡᠨᠡᠷ ᠬᠡᠦᠬᠡᠳ ᠢ᠋ᠶ᠋ᠡᠨ
ᠡᠷᠭᠢᠵᠦ ᠦᠵᠡᠬᠦ ᠪᠡᠷ ᠰᠣᠯᠣᠨ ᠠᠭᠤᠯᠠᠨ ᠠ᠋ᠴᠠ ᠪᠠᠭᠤᠵᠤ ᠂ ᠲᠥᠷᠥᠭᠰᠡᠨ ᠨᠤᠲᠤᠭ ᠢ᠋ᠶ᠋ᠠᠨ ᠴᠢᠭᠯᠡᠭᠡᠳ ᠢᠮᠠᠭᠠᠲᠤ ᠶ᠋ᠢᠨ
ᠳᠣᠪᠣ ᠬᠡᠮᠡᠬᠦ ᠭᠠᠵᠠᠷ ᠲᠤ᠌ ᠬᠣᠨᠣᠭᠯᠠᠭᠰᠠᠨ ᠳ᠋ᠤ᠌ ᠵᠠᠩ ᠽᠦᠸᠧ ᠯᠢᠨ ᠦ᠌ ᠴᠡᠷᠢᠭ ᠨᠡᠬᠡᠮᠵᠢᠯᠡᠨ ᠢᠷᠡᠭᠡᠳ ᠪᠦᠰᠡᠯᠡᠨ
ᠪᠠᠶ᠋ᠢᠯᠲᠤᠪᠠ ᠃ ᠲᠣᠭᠲᠠᠬᠤ ᠶ᠋ᠢᠨ ᠴᠡᠷᠢᠭ ᠵᠠᠩ ᠽᠦᠸᠧ ᠯᠢᠨ ᠦ᠌ ᠴᠡᠷᠢᠭ ᠲᠡᠢ ᠡᠳᠦᠷ ᠢᠯᠡᠭᠦᠦ ᠰᠢᠷᠦᠭᠦᠨ ᠪᠠᠶ᠋ᠢᠯᠲᠤᠭᠠᠨ
ᠬᠢᠵᠦ ᠡᠴᠦᠰ ᠲᠦ᠍ ᠪᠡᠨ ᠭᠠᠵᠠᠷ ᠤ᠋ᠨ ᠪᠠᠶ᠋ᠢᠴᠠ ᠠᠰᠢᠭ ᠦᠭᠡᠢ ᠶ᠋ᠢᠨ ᠳᠡᠭᠡᠷ᠎ᠡ ᠥᠴᠦᠬᠡᠨ ᠬᠦᠴᠦ ᠪᠡᠷ ᠦᠯᠡᠮᠵᠢ
ᠳᠠᠶ᠋ᠢᠰᠤᠨ ᠲᠠᠢ ᠤᠳᠠᠭᠠᠨ ᠪᠠᠶ᠋ᠢᠯᠲᠤᠵᠤ ᠦᠯᠦ ᠪᠣᠯᠬᠤ ᠲᠤᠯᠠ ᠪᠦᠰᠡᠯᠡᠯᠲᠡ ᠶ᠋ᠢ ᠳᠠᠷᠤᠶ᠋ᠢᠬᠠᠨ ᠰᠢᠪᠲᠤᠯᠤᠨ
ᠭᠠᠷᠴᠠᠢ ᠃ ᠡᠨᠡ ᠤᠳᠠᠭ᠎ᠠ ᠶ᠋ᠢᠨ ᠲᠤᠯᠤᠯᠳᠤᠭᠠᠨ ᠳ᠋ᠤ᠌ ᠲᠣᠭᠲᠠᠬᠤ ᠶ᠋ᠢᠨ ᠭᠤᠷᠪᠠᠳᠤᠭᠠᠷ ᠬᠦᠦ ᠨᠤᠲᠤᠭᠲᠤ ᠪᠡᠶ᠎ᠡ
ᠦᠷᠡᠭᠲᠡᠪᠡ ᠃
1907 ᠣᠨ ᠤ᠋ ᠡᠪᠦᠯ ᠲᠣᠭᠲᠠᠬᠤ ᠂ ᠴᠡᠷᠢᠭ ᠢ᠋ᠶ᠋ᠡᠨ ᠳᠠᠭᠠᠭᠤᠯᠤᠨ
ᠲᠦᠰᠢᠶᠡᠲᠦ ᠬᠤᠰᠢᠭᠤᠨ ᠠ᠋ᠴᠠ ᠳᠠᠷᠬᠠᠨ ᠬᠤᠰᠢᠭᠤᠨ ᠳ᠋ᠤ᠌ ᠪᠤᠴᠠᠬᠤ ᠪᠠᠷ ᠵᠠᠮᠨᠠᠵᠤ ᠶᠠᠪᠤᠲᠠᠯ᠎ᠠ ᠲᠦᠴᠤᠸᠠᠨ ᠰᠢᠶᠠᠨ ᠤ᠋
ᠴᠡᠷᠢᠭ ᠪᠣᠯᠤᠨ ᠵᠠᠩ ᠽᠦᠸᠧ ᠯᠢᠨ ᠦ᠌ ᠴᠡᠷᠢᠭ ᠬᠣᠶ᠋ᠢᠨ᠎ᠠ ᠠ᠋ᠴᠠ ᠨᠢ ᠨᠡᠬᠡᠮᠵᠢᠯᠡᠨ ᠢᠷᠡᠭᠡᠳ ᠬᠠᠳᠠᠲᠤ ᠪᠤᠯᠠᠭ
ᠬᠡᠮᠡᠬᠦ ᠭᠠᠵᠠᠷ ᠲᠤ᠌ ᠪᠦᠰᠡᠯᠡᠨ ᠫᠤᠤᠳᠠᠪᠠ ᠃ ᠳᠠᠶ᠋ᠢᠰᠤᠨ ᠤ᠋ ᠴᠡᠷᠢᠭ ᠣᠯᠠᠨ ᠂ ᠵᠡᠪᠰᠡᠭ ᠰᠠᠶ᠋ᠢᠲᠠᠢ ᠶ᠋ᠢᠨ
ᠳᠡᠭᠡᠷ᠎ᠡ ᠲᠡᠷᠡ ᠡᠳᠦᠷ ᠨᠢ ᠪᠠᠷᠠᠭᠤᠨ ᠬᠣᠶ᠋ᠢᠨ᠎ᠠ ᠠ᠋ᠴᠠ ᠶᠡᠬᠡ ᠰᠠᠯᠬᠢ ᠰᠠᠯᠬᠢᠯᠠᠭᠠᠳ ᠲᠣᠭᠲᠠᠬᠤ ᠨᠠᠷ ᠲᠤ᠌
ᠲᠤᠩ ᠠᠰᠢᠭ ᠦᠭᠡᠢ ᠪᠠᠶ᠋ᠢᠯ᠎ᠠ ᠃ ᠡᠨᠡ ᠦᠶ᠎ᠡ ᠳ᠋ᠦ᠍ ᠲᠣᠭᠲᠠᠬᠤ ᠠᠶ᠋ᠢᠯ ᠤ᠋ᠨ ᠠᠷᠤ ᠳ᠋ᠤ᠌ ᠨᠢᠭᠡ ᠰᠦᠷᠦᠭ ᠲᠡᠮᠡᠭᠡ
᠂ ᠪᠠᠶ᠋ᠢᠬᠤ ᠶ᠋ᠢ ᠣᠯᠵᠤ ᠦᠵᠡᠭᠡᠳ ᠂ ᠲᠡᠷᠡ ᠲᠡᠮᠡᠭᠡᠳ ᠊ᠢ ᠳᠠᠶ᠋ᠢᠰᠤᠨ ᠤ᠋ ᠴᠡᠷᠢᠭ ᠦ᠋ᠨ ᠵᠦᠭ ᠴᠢᠨᠡᠭᠡ ᠮᠡᠳᠡᠨ
ᠬᠥᠭᠡᠭᠡᠭᠰᠡᠨ ᠳ᠋ᠦ᠍ ᠲᠡᠮᠡᠭᠡᠳ ᠫᠤᠤ ᠶ᠋ᠢᠨ ᠳᠠᠭᠤᠨ ᠳ᠋ᠤ᠌ ᠦᠷᠭᠦᠨ ᠣᠷᠢᠯᠠᠪᠠ ᠃ ᠳᠠᠶ᠋ᠢᠰᠤᠨ ᠤ᠋ ᠴᠡᠷᠢᠭ ᠦ᠋ᠨ
ᠮᠣᠷᠢᠳ ᠲᠡᠮᠡᠭᠡᠨ ᠳᠠᠭᠤᠨ ᠠ᠋ᠴᠠ ᠨᠠᠳᠬᠤᠭᠠᠳ ᠡᠳᠦᠢ ᠲᠡᠳᠦᠢ ᠴᠡᠷᠢᠭ ᠨᠢ ᠮᠣᠷᠢᠨ ᠠ᠋ᠴᠠ ᠪᠠᠨ ᠬᠠᠶᠠᠭᠳᠠᠭᠰᠠᠨ ᠳ᠋ᠤ᠌
ᠲᠣᠭᠲᠠᠬᠤ ᠶ᠋ᠢᠨ ᠴᠡᠷᠢᠭ ᠳᠠᠶ᠋ᠢᠰᠤᠨ ᠤ᠋ ᠵᠦᠭ ᠰᠢᠷᠦᠭᠦᠨ ᠢ᠋ᠶ᠋ᠡᠷ ᠭᠠᠯᠯᠠᠪᠠ ᠃ ᠳᠠᠶ᠋ᠢᠰᠤᠨ ᠤ᠋ ᠴᠡᠷᠢᠭ ᠨᠠᠶᠠᠭᠠᠳ
ᠬᠥᠮᠦᠨ ᠠᠯᠠᠭᠳᠠᠵᠤ ᠂ ᠪᠤᠰᠤᠳ ᠨᠢ ᠴᠥᠮ ᠪᠤᠷᠤᠭᠤᠯᠠᠨ ᠳᠤᠲᠠᠭᠠᠵᠠᠢ ᠃ ᠢᠩᠭᠢᠭᠡᠳ 《 ᠲᠣᠭᠲᠠᠬᠤ ᠶ᠋ᠢᠨ ᠲᠡᠮᠡᠭᠡᠨ
ᠵᠢᠭᠰᠠᠭᠠᠯ ᠬᠡᠴᠡᠭᠦᠦ 》 ᠭᠡᠮᠡᠨ ᠶᠡᠬᠡᠳᠡ ᠨᠡᠷ᠎ᠡ ᠠᠯᠳᠠᠷᠰᠢᠭᠰᠠᠨ ᠪᠠᠶ᠋ᠢᠨ᠎ᠠ ᠃
1907 ᠣᠨ ᠤ᠋11 ᠰᠠᠷ᠎ᠠ ᠳ᠋ᠤ᠌ ᠂ ᠲᠣᠭᠲᠠᠬᠤ ᠴᠡᠷᠢᠭ ᠢ᠋ᠶ᠋ᠡᠨ
ᠳᠠᠭᠠᠭᠤᠯᠵᠤ ᠵᠠᠰᠠᠭᠲᠤ ᠬᠤᠰᠢᠭᠤᠨ ᠤ᠋ ᠤᠯᠠᠭᠠᠨ ᠱᠣᠷᠣᠩ ᠬᠡᠮᠡᠬᠦ ᠭᠠᠵᠠᠷ ᠲᠤ᠌ ᠣᠴᠢᠭᠠᠳ ᠵᠣᠰᠣᠲᠤ ᠶ᠋ᠢᠨ ᠴᠢᠭᠤᠯᠭᠠᠨ ᠤ᠋
ᠮᠣᠩᠭᠣᠯᠵᠢᠨ ᠬᠤᠰᠢᠭᠤᠨ ᠤ᠋ ᠮᠦᠷᠦᠩᠭᠠ ᠪᠣᠯᠤᠨ ᠰᠦᠷᠦᠭ ᠦ᠋ᠨ ᠬᠤᠰᠢᠭᠤᠨ ᠤ᠋ ᠪᠠᠶᠠᠨᠲᠠᠯᠠᠢ ᠨᠠᠷ ᠲᠠᠢ ᠠᠭᠤᠯᠵᠠᠵᠤ
ᠴᠡᠷᠢᠭ ᠢ᠋ᠶ᠋ᠡᠨ ᠨᠢᠭᠡᠳᠬᠡᠪᠡ ᠃ ᠲᠤᠰ ᠰᠠᠷ᠎ᠠ ᠶ᠋ᠢᠨ ᠠᠷᠪᠠᠳ ᠢ᠋ᠶ᠋ᠠᠷ ᠲᠣᠭᠲᠠᠬᠤ ᠂ ᠮᠦᠷᠦᠩᠭᠠ ᠂ ᠪᠠᠶᠠᠨᠲᠠᠯᠠᠢ
ᠨᠠᠷ ᠴᠡᠷᠢᠭ ᠢ᠋ᠶ᠋ᠡᠨ ᠳᠠᠶ᠋ᠢᠴᠢᠯᠠᠨ ᠰᠣᠯᠣᠨ ᠠᠭᠤᠯᠠᠨ ᠤ᠋ ᠥᠪᠥᠷ ᠲᠡᠬᠢ ᠪᠠᠷᠲᠠᠭ᠎ᠠ ᠶᠡᠬᠡᠲᠡᠢ ᠲᠣᠬᠤᠮᠲᠤ ᠬᠡᠮᠡᠬᠦ
ᠭᠠᠵᠠᠷ ᠲᠤ᠌ ᠬᠦᠷᠴᠦ ᠪᠠᠭᠤᠳᠠᠯᠯᠠᠲᠠᠯᠠ ᠵᠠᠩ ᠽᠦᠸᠧ ᠯᠢᠨ ᠦ᠌ ᠲᠠᠪᠤᠨ ᠵᠠᠭᠤ ᠭᠠᠷᠤᠢ ᠮᠣᠷᠢᠲᠤ ᠴᠡᠷᠢᠭ ᠲᠡᠳᠡᠨ
᠊ᠢ ᠨᠡᠬᠡᠮᠵᠢᠯᠡᠨ ᠪᠠᠶ᠋ᠢᠯᠲᠤᠵᠠᠢ ᠃ ᠨᠢᠭᠡ ᠡᠳᠦᠷ ᠰᠢᠷᠦᠭᠦᠨ ᠲᠤᠯᠤᠯᠳᠤᠭᠠᠳ ᠲᠣᠭᠲᠠᠬᠤ ᠴᠥᠭᠡᠨ ᠢ᠋ᠶ᠋ᠡᠷ ᠣᠯᠠᠨ
᠊ᠢ ᠳᠡᠶ᠋ᠢᠯᠬᠦᠶᠡ ᠪᠡᠷᠬᠡ ᠲᠤᠯᠠ ᠳᠠᠶ᠋ᠢᠰᠤᠨ ᠤ᠋ ᠪᠠᠭᠤᠷᠠᠢ ᠲᠠᠯ᠎ᠠ ᠪᠠᠷ ᠳᠠᠭᠠᠷᠢᠨ ᠭᠠᠷᠴᠤ ᠨᠠᠷᠠ ᠤᠨᠠᠬᠤ ᠶ᠋ᠢᠨ
ᠬᠢᠷᠢ ᠳ᠋ᠦ᠍ ᠪᠤᠲᠠᠷᠠᠭᠠᠨ᠎ᠠ ᠬᠡᠮᠡᠬᠦ ᠭᠠᠵᠠᠷ ᠲᠤ᠌ ᠬᠦᠷᠴᠦ ᠲᠦᠷ ᠠᠮᠠᠷᠠᠪᠠ ᠃ ᠰᠥᠨᠢ ᠪᠣᠯᠤᠭᠰᠠᠨ ᠤ᠋ ᠬᠣᠶ᠋ᠢᠨ᠎ᠠ
ᠲᠣᠭᠲᠠᠬᠤ ᠨᠠᠷ ᠴᠡᠷᠢᠭ ᠢ᠋ᠶ᠋ᠡᠨ ᠳᠠᠶ᠋ᠢᠴᠢᠯᠠᠵᠤ ᠳᠠᠬᠢᠨ ᠲᠣᠬᠤᠮᠲᠤ ᠳ᠋ᠤ᠌ ᠪᠤᠴᠠᠵᠤ ᠢᠷᠡᠭᠡᠳ ᠵᠠᠩ ᠽᠦᠸᠧ ᠯᠢᠨ ᠦ᠌
ᠴᠡᠷᠢᠭ ᠊ᠢ ᠭᠡᠨᠡᠳᠡᠭᠦᠯᠦᠨ ᠳᠠᠭᠠᠷᠢᠵᠤ ᠪᠠᠷᠤᠭ ᠪᠦᠬᠦᠨ ᠢ᠋ᠶ᠋ᠡᠷ ᠨᠢ ᠤᠰᠠᠳᠬᠠᠪᠠ ᠃ ᠡᠨᠡ ᠪᠠᠶ᠋ᠢᠯᠲᠤᠭᠠᠨ ᠠ᠋ᠴᠠ
ᠲᠣᠭᠲᠠᠬᠤ ᠶ᠋ᠢᠨ ᠴᠡᠷᠢᠭ ᠦ᠋ᠨ ᠨᠡᠷ᠎ᠡ ᠰᠦᠷ ᠤᠯᠠᠮ ᠮᠠᠨᠳᠤᠵᠤ ᠂ ᠴᠢᠩ ᠤᠯᠤᠰ ᠤ᠋ᠨ ᠴᠡᠷᠢᠭ ᠤᠯᠠᠮ ᠠᠶᠤᠬᠤ ᠪᠣᠯᠵᠠᠢ
᠃
1908 ᠣᠨ ᠤ᠋ ᠬᠠᠪᠤᠷ ᠂ ᠲᠣᠭᠲᠠᠬᠤ ᠨᠠᠷ ᠳᠠᠷᠬᠠᠨ ᠬᠤᠰᠢᠭᠤᠨ ᠤ᠋
ᠲᠠᠭᠳᠠᠭ ᠪᠠᠶᠠᠨ ᠤ᠋ ᠳ᠋ᠤ᠌ ᠪᠠᠭᠤᠳᠠᠯᠯᠠᠭᠰᠠᠨ ᠳ᠋ᠤ᠌ ᠱᠠᠭᠠᠵᠠᠭᠠᠢ ᠬᠣᠲᠠ ᠶ᠋ᠢᠨ ᠭᠤᠷᠪᠠᠨ ᠵᠠᠭᠤ ᠭᠠᠷᠤᠢ ᠠᠯᠪᠠᠨ
ᠴᠡᠷᠢᠭ ᠨᠡᠬᠡᠮᠵᠢᠯᠡᠨ ᠢᠷᠡᠵᠦ ᠬᠣᠶᠠᠷ ᠲᠠᠯ᠎ᠠ ᠶ᠋ᠢᠨ ᠰᠢᠷᠦᠭᠦᠨ ᠪᠠᠶ᠋ᠢᠯᠲᠤᠭᠠᠨ ᠪᠣᠯᠪᠠ ᠃ ᠲᠡᠳᠡ ᠠᠯᠪᠠᠨ ᠴᠡᠷᠢᠭ
᠊ᠢ ᠳᠥᠴᠢᠭᠡᠳ ᠢᠯᠡᠭᠦᠦ ᠠᠯᠠᠵᠤ ᠰᠥᠨᠥᠭᠡᠭᠰᠡᠨ ᠪᠣᠯᠪᠠᠴᠤ ᠡᠨᠡ ᠲᠤᠯᠤᠯᠳᠤᠭᠠᠨ ᠳ᠋ᠤ᠌ ᠲᠣᠭᠲᠠᠬᠤ ᠪᠠᠰᠠ ᠰᠢᠷᠬᠠᠲᠤᠵᠠᠢ
᠃ ᠮᠥᠨ ᠵᠢᠯ ᠦ᠋ᠨ ᠬᠠᠪᠤᠷ ᠤ᠋ᠨ ᠰᠡᠭᠦᠯᠴᠢ ᠪᠡᠷ ᠲᠣᠭᠲᠠᠬᠤ ᠶ᠋ᠢᠨ ᠴᠡᠷᠢᠭ ᠵᠠᠯᠠᠶ᠋ᠢᠳ ᠬᠤᠰᠢᠭᠤᠨ ᠤ᠋ ᠳᠦᠦᠰᠢ ᠶ᠋ᠢᠨ
ᠬᠤᠳᠠᠯᠳᠤᠭᠠᠨ ᠤ᠋ ᠫᠦᠰᠡ ᠡᠴᠡ ᠲᠦᠰᠢᠶᠡᠲᠦ ᠬᠤᠰᠢᠭᠤᠨ ᠤ᠋ ᠸᠠᠩ ᠯᠤᠤ ᠬᠡᠮᠡᠬᠦ ᠲᠣᠮᠣ ᠪᠠᠶᠠᠨ ᠫᠦᠰᠡᠨ ᠳ᠋ᠦ᠍
ᠬᠦᠷᠦᠭᠰᠡᠨ ᠳ᠋ᠦ᠍ ᠴᠢᠩ ᠤᠯᠤᠰ ᠤ᠋ᠨ ᠲᠠᠪᠤᠨ ᠮᠢᠩᠭᠠᠨ ᠴᠡᠷᠢᠭ ᠨᠡᠬᠡᠮᠵᠢᠯᠡᠨ ᠢᠷᠡᠵᠦ ᠪᠦᠰᠡᠯᠡᠨ ᠠᠪᠤᠪᠠ ᠃ ᠲᠣᠭᠲᠠᠬᠤ
ᠨᠠᠷ ᠬᠣᠶᠠᠷ ᠰᠥᠨᠢ ᠬᠣᠶᠠᠷ ᠡᠳᠦᠷ ᠪᠠᠭᠠᠲᠤᠷᠯᠢᠭ ᠢ᠋ᠶ᠋ᠠᠷ ᠪᠠᠶ᠋ᠢᠯᠲᠤᠵᠤ ᠭᠤᠷᠪᠠᠳᠠᠬᠢ ᠰᠥᠨᠢ ᠶ᠋ᠢᠨ ᠬᠢᠨᠢ
ᠶᠡᠬᠡ ᠪᠣᠷᠣᠭᠠᠨ ᠢ᠋ᠶ᠋ᠠᠷ ᠳᠠᠶ᠋ᠢᠰᠤᠨ ᠤ᠋ ᠪᠦᠰᠡᠯᠡᠯᠲᠡ ᠶ᠋ᠢ ᠰᠢᠪᠲᠤᠯᠤᠨ ᠭᠠᠷᠴᠤ ᠰᠢᠨ ᠺᠠᠢ ᠾᠧ ( ᠨᠠᠷᠢᠳ ᠤ᠋ᠨ
ᠭᠣᠣᠯ ) ᠊ᠢ ᠭᠠᠲᠤᠯᠤᠨ ᠳᠠᠷᠬᠠᠨ ᠬᠤᠰᠢᠭᠤᠨ ᠤ᠋ ᠰᠢᠩᠭᠢ ᠪᠠᠶᠠᠨ ᠤ᠋ ᠳ᠋ᠤ᠌ ᠣᠴᠢᠪᠠ ᠃ ᠵᠠᠮ ᠵᠠᠭᠤᠷ᠎ᠠ ᠪᠠᠨ
ᠴᠠᠬᠠᠷ ᠤ᠋ᠨ ᠪᠠᠶᠠᠷ ᠬᠡᠮᠡᠭᠴᠢ ᠬᠥᠮᠦᠨ ᠲᠡᠢ ᠲᠠᠨᠢᠯᠴᠠᠭᠠᠳ ᠴᠡᠷᠢᠭ ᠢ᠋ᠶ᠋ᠡᠨ ᠨᠡᠶ᠋ᠢᠯᠡᠭᠦᠯᠦᠨ ᠬᠦᠴᠦᠨ ᠢ᠋ᠶ᠋ᠡᠨ
ᠬᠠᠮᠲᠤᠳᠬᠠᠵᠠᠢ ᠃ ᠲᠣᠭᠲᠠᠬᠤ ᠶ᠋ᠢ ᠰᠢᠩᠭᠢ ᠪᠠᠶᠠᠨ ᠤ᠋ ᠳ᠋ᠤ᠌ ᠨᠢᠭᠡ ᠯᠡ ᠬᠣᠨᠣᠭᠠᠳ ᠪᠠᠶ᠋ᠢᠬᠤ ᠳ᠋ᠤ᠌ ᠵᠡᠭᠦᠨ
ᠬᠣᠶ᠋ᠢᠲᠤ ᠭᠤᠷᠪᠠᠨ ᠮᠣᠵᠢ ᠶ᠋ᠢᠨ ᠴᠡᠷᠢᠭ ᠪᠣᠯᠤᠨ ᠵᠢᠷᠢᠮ ᠦ᠋ᠨ ᠴᠢᠭᠤᠯᠭᠠᠨ ᠤ᠋ ᠠᠷᠪᠠᠨ ᠬᠤᠰᠢᠭᠤᠨ ᠤ᠋ ᠮᠣᠩᠭᠣᠯ
ᠴᠡᠷᠢᠭ ᠲᠡᠢ ᠨᠡᠶ᠋ᠢᠲᠡ ᠵᠢᠷᠭᠤᠭᠠᠨ ᠮᠢᠩᠭᠠᠨ ᠴᠡᠷᠢᠭ ᠨᠡᠬᠡᠮᠵᠢᠯᠡᠨ ᠢᠷᠡᠵᠦ ᠪᠦᠰᠡᠯᠡᠨ ᠠᠪᠤᠪᠠ ᠃ ᠲᠣᠭᠲᠠᠬᠤ
ᠨᠠᠷ ᠨᠢᠭᠡ ᠡᠳᠦᠷ ᠬᠠᠲᠠᠭᠤᠵᠢᠯᠲᠠᠢ ᠪᠠᠶ᠋ᠢᠯᠲᠤᠭᠠᠳ ᠳᠠᠶ᠋ᠢᠰᠤᠨ ᠤ᠋ ᠴᠡᠷᠢᠭ ᠊ᠢ ᠪᠠᠷᠤᠭ ᠵᠢᠷᠭᠤᠭᠠᠨ ᠵᠠᠭᠤ
ᠭᠠᠷᠤᠢ ᠰᠥᠨᠥᠭᠡᠵᠦ ᠂ ᠬᠣᠶᠠᠳᠠᠬᠢ ᠰᠥᠨᠢ ᠳ᠋ᠦ᠍ ᠨᠢ ᠬᠡᠷᠡᠮ ᠴᠣᠭᠣᠯᠵᠤ ᠳᠤᠲᠠᠭᠠᠨ ᠭᠠᠷᠴᠠᠢ ᠃ ᠲᠡᠨᠳᠡ ᠡᠴᠡ
ᠲᠣᠭᠲᠠᠬᠤ ᠨᠠᠷ ᠬᠣᠶ᠋ᠢᠰᠢ ᠪᠠᠨ ᠮᠣᠷᠳᠠᠭᠠᠳ ᠰᠢᠯᠢ ᠶ᠋ᠢᠨ ᠭᠣᠣᠯ ᠤ᠋ᠨ ᠴᠢᠭᠤᠯᠭᠠᠨ ᠤ᠋ ᠱᠠᠩᠳᠤ ᠶ᠋ᠢᠨ ᠠᠭᠤᠯᠠᠨ ᠳ᠋ᠤ᠌
ᠬᠦᠷᠴᠦ ᠬᠡᠳᠦᠨ ᠡᠳᠦᠷ ᠠᠮᠠᠷᠠᠲᠠᠯᠠ ᠵᠣᠣ ᠤᠳᠠ ᠶ᠋ᠢᠨ ᠴᠢᠭᠤᠯᠭᠠᠨ ᠤ᠋ ᠳᠣᠯᠣᠭᠠᠨ ᠬᠤᠰᠢᠭᠤᠨ ᠤ᠋ ᠮᠣᠩᠭᠣᠯ ᠴᠡᠷᠢᠭ
ᠨᠡᠬᠡᠮᠵᠢᠯᠡᠨ ᠢᠷᠡᠵᠦ ᠪᠠᠶ᠋ᠢᠯᠲᠤᠪᠠ ᠃
1910 ᠣᠨ ᠤ᠋ ᠬᠠᠪᠤᠷ ᠂ ᠲᠣᠭᠲᠠᠬᠤ ᠲᠠᠪᠢ ᠭᠠᠷᠤᠢ ᠴᠡᠷᠢᠭ ᠢ᠋ᠶ᠋ᠡᠨ
ᠳᠠᠭᠠᠭᠤᠯᠵᠤ ᠴᠢᠩ ᠤᠯᠤᠰ ᠤ᠋ᠨ ᠴᠡᠷᠢᠭ ᠦ᠋ᠨ ᠪᠦᠰᠡᠯᠡᠯᠲᠡ ᠶ᠋ᠢᠨ ᠵᠠᠢ ᠵᠠᠪᠰᠠᠷ ᠊ᠢ ᠡᠷᠢᠨ ᠳᠠᠷᠬᠠᠨ ᠬᠤᠰᠢᠭᠤᠨ ᠠ᠋ᠴᠠ
ᠮᠣᠷᠳᠠᠵᠤ ᠪᠠᠭᠠᠷᠢᠨ ᠬᠣᠰᠢᠭᠤ ᠪᠠᠷ ᠵᠠᠮᠨᠠᠵᠤ ᠶᠠᠪᠤᠲᠠᠯ᠎ᠠ ᠯᠢᠨ ᠰᠢ ᠰᠢᠶᠠᠨ ᠤ᠋ ᠳᠣᠯᠣᠭᠠᠨ ᠵᠠᠭᠤ ᠭᠠᠷᠤᠢ
ᠠᠯᠪᠠᠨ ᠴᠡᠷᠢᠭ ᠲᠣᠰᠣᠨ ᠢᠷᠡᠵᠦ ᠪᠠᠶ᠋ᠢᠯᠲᠤᠪᠠ ᠃ ᠲᠣᠭᠲᠠᠬᠤ ᠡᠳᠡᠭᠡᠷ ᠴᠡᠷᠢᠭ ᠊ᠢ ᠬᠣᠷᠢᠭᠯᠠᠨ ᠴᠣᠬᠢᠭᠰᠠᠭᠠᠷ
ᠦᠵᠦᠮᠦᠴᠢᠨ ᠦ᠌ ᠢᠨᠵᠠᠭᠠᠨ ᠰᠦᠮ᠎ᠡ ᠳ᠋ᠦ᠍ ᠬᠦᠷᠬᠦ ᠦᠶᠡᠰ ᠯᠢᠨ ᠰᠢ ᠰᠢᠶᠠᠨ ᠤ᠋ ᠠᠯᠪᠠᠨ ᠴᠡᠷᠢᠭ ᠊ᠢ ᠬᠣᠶᠠᠷ ᠵᠠᠭᠤ
ᠭᠠᠷᠤᠢ ᠠᠯᠠᠵᠤ ᠰᠥᠨᠥᠭᠡᠭᠰᠡᠨ ᠪᠥᠭᠡᠳ ᠲᠡᠨᠳᠡ ᠡᠴᠡ ᠪᠡᠨ ᠵᠠᠶ᠋ᠢᠯᠠᠵᠤ ᠶᠠᠪᠤᠭᠰᠠᠭᠠᠷ ᠬᠠᠯᠬ᠎ᠠ ᠶ᠋ᠢᠨ ᠬᠢᠵᠠᠭᠠᠷ ᠲᠤ᠌
ᠬᠦᠷᠴᠦ ᠣᠴᠢᠪᠠ ᠃
ᠲᠣᠭᠲᠠᠬᠤ ᠶ᠋ᠢ ᠬᠠᠯᠬ᠎ᠠ ᠳ᠋ᠤ᠌ ᠣᠷᠣᠭᠰᠠᠨ ᠤ᠋ ᠳᠠᠷᠠᠭ᠎ᠠ ᠂ ᠴᠢᠩ
ᠤᠯᠤᠰ ᠤ᠋ᠨ ᠵᠠᠰᠠᠭ ᠤ᠋ᠨ ᠭᠠᠵᠠᠷ ᠠ᠋ᠴᠠ ᠬᠦᠷᠢᠶᠡᠨ ( ᠤᠯᠠᠭᠠᠨᠪᠠᠭᠠᠲᠤᠷ ) ᠲᠤ᠌ ᠰᠠᠭᠤᠭ᠎ᠠ ᠰᠠᠶ᠋ᠢᠳ ᠰᠠᠨᠲᠤᠧ ᠳ᠋ᠦ᠍
ᠴᠡᠷᠢᠭ ᠢ᠋ᠶ᠋ᠡᠷ ᠲᠣᠰᠣᠨ ᠪᠠᠶ᠋ᠢᠯᠲᠤᠵᠤ ᠲᠣᠭᠲᠠᠬᠤ ᠨᠠᠷ ᠊ᠢ ᠤᠰᠠᠳᠬᠠᠬᠤ ᠬᠡᠷᠡᠭᠲᠡᠢ ᠭᠡᠵᠦ ᠵᠠᠯᠭ᠎ᠠ ᠵᠠᠯᠭᠠᠪᠡᠷ
ᠵᠠᠷᠯᠢᠭ ᠪᠠᠭᠤᠯᠭᠠᠪᠠ ᠃ ᠲᠡᠭᠡᠭᠡᠳ ᠲᠤᠰ ᠵᠢᠯ ᠦ᠋ᠨ ᠬᠠᠪᠤᠷ ᠤ᠋ᠨ ᠰᠡᠭᠦᠯᠴᠢ ᠪᠡᠷ ᠬᠠᠯᠬ᠎ᠠ ᠳ᠋ᠤ᠌ ᠰᠠᠭᠤᠭ᠎ᠠ
ᠴᠢᠩ ᠤᠯᠤᠰ ᠤ᠋ᠨ ᠴᠡᠷᠢᠭ ᠰᠡᠴᠡᠨ ᠬᠠᠨ ᠠᠶ᠋ᠢᠮᠠᠭ ᠤ᠋ᠨ ᠰᠠᠩᠰᠠᠷᠠᠶ᠋ᠢᠲᠣᠷᠵᠢ ᠶ᠋ᠢᠨ ᠬᠤᠰᠢᠭᠤᠨ ᠤ᠋ ᠭᠤᠷᠪᠠᠨ
ᠴᠠᠶ᠋ᠢᠲᠠᠮ ᠬᠡᠮᠡᠬᠦ ᠭᠠᠵᠠᠷ ᠲᠤ᠌ ᠲᠣᠭᠲᠠᠬᠤ ᠶ᠋ᠢᠨ ᠴᠡᠷᠢᠭ ᠊ᠢ ᠲᠣᠰᠣᠨ ᠪᠠᠶ᠋ᠢᠯᠲᠤᠵᠠᠢ ᠃ ᠡᠨᠡ ᠤᠳᠠᠭ᠎ᠠ ᠶ᠋ᠢᠨ
ᠲᠤᠯᠤᠯᠳᠤᠭᠠᠨ ᠳ᠋ᠤ᠌ ᠲᠣᠭᠲᠠᠬᠤ ᠶ᠋ᠢᠨ ᠶᠡᠬᠡ ᠬᠥᠪᠡᠭᠦᠨ ᠳᠡᠯᠭᠡᠷ ᠪᠡᠶ᠎ᠡ ᠦᠷᠡᠭᠲᠡᠪᠡ ᠃
ᠲᠣᠭᠲᠠᠬᠤ ᠂ ᠬᠠᠯᠬ᠎ᠠ ᠳ᠋ᠤ᠌ ᠬᠥᠯ ᠲᠣᠭᠲᠠᠨᠢᠬᠤ ᠳ᠋ᠤ᠌ ᠬᠦᠴᠢᠷᠲᠡᠢ
ᠪᠣᠯᠤᠭᠰᠠᠨ ᠲᠤᠯᠠ1910 ᠣᠨ ᠤ᠋ ᠵᠤᠨ ᠪᠤᠷᠢᠶᠠᠳ ᠮᠣᠩᠭᠣᠯ ᠤ᠋ᠨ ᠰᠦᠬᠦᠯ ᠳᠠᠵᠢᠩ ᠬᠡᠮᠡᠬᠦ ᠭᠠᠵᠠᠷ ᠲᠤ᠌ ᠬᠦᠷᠴᠦ
ᠲᠦᠷ ᠰᠠᠭᠤᠪᠠ ᠃1911 ᠣᠨ ᠠ᠋ᠴᠠ ᠰᠡᠭᠦᠯᠡᠷ ᠲᠣᠭᠲᠠᠬᠤ ᠬᠠᠯᠬ᠎ᠠ ᠳ᠋ᠤ᠌ ᠢᠷᠡᠵᠦ ᠨᠤᠲᠤᠭᠰᠢᠭᠰᠠᠨ ᠪᠥᠭᠡᠳ ᠬᠠᠯᠬ᠎ᠠ ᠶ᠋ᠢᠨ
ᠲᠤᠰᠠᠭᠠᠷ ᠲᠣᠭᠲᠠᠨᠢᠬᠤ ᠬᠥᠳᠡᠯᠭᠡᠭᠡᠨ ᠊ᠢ ᠳᠡᠮᠵᠢᠵᠦ ᠪᠠᠶ᠋ᠢᠪᠠ ᠃
1922 ᠣᠨ ᠳ᠋ᠤ᠌ ᠲᠣᠭᠲᠠᠬᠤ ᠂ ᠤᠯᠠᠭᠠᠨᠪᠠᠭᠠᠲᠤᠷ ᠲᠤ᠌ ᠡᠪᠡᠳᠴᠢᠨ ᠢ᠋ᠶ᠋ᠡᠷ
ᠨᠠᠰᠤ ᠪᠠᠷᠠᠵᠠᠢ ᠃
ᠦᠰᠦᠭ ᠠᠮᠢᠯᠠᠭᠤᠯᠤᠭᠴᠢ ᠄
ᠮᠦᠩᠭᠦᠨᠴᠡᠴᠡᠭ
ᠬᠢᠨᠠᠭᠴᠢ ᠄ ᠣᠳᠬᠠᠨᠰᠣ᠎ᠠ᠂ᠭᠠᠷᠮ᠎ᠠ
