ᠲᠠᠭᠲᠠᠭ᠎ᠠ- ᠳ ᠰᠡᠩᠭᠡ Тагтаа-д· сэнгэ
ᠲᠠᠭᠲᠠᠭ᠎ᠠ
ᠳ · ᠰᠡᠩᠭᠡ
ᠲᠠᠭᠲᠠᠭᠠᠨ ᠳ᠋ᠤ᠌ ᠪᠦᠷᠭᠦᠳ ᠦ᠋ᠨ
ᠬᠦᠴᠦᠨ ᠪᠠᠶ᠋ᠢᠬ᠋᠎ᠠ ᠦᠭᠡᠢ
ᠲᠠᠭᠲᠠᠭᠠᠨ ᠳ᠋ᠤ᠌ ᠱᠣᠩᠬᠣᠷ ᠤ᠋ᠨ
ᠵᠣᠷᠢᠭ ᠪᠠᠶ᠋ᠢᠬ᠋᠎ᠠ ᠦᠭᠡᠢ
ᠲᠠᠭᠲᠠᠭ᠎ᠠ ᠠᠯᠲᠠᠨ ᠭᠤᠷᠭᠤᠤᠯᠳᠠᠢ
ᠰᠢᠭ᠋ ᠳᠠᠭᠤᠯᠠᠭᠠ ᠦᠭᠡᠢ
ᠲᠠᠭᠲᠠᠭ᠎ᠠ ᠦᠨᠡᠨ ᠪᠠ ᠠᠮᠢᠳᠤᠷᠠᠯ ᠲᠠᠢ
ᠨᠡᠶ᠋ᠢᠯᠡᠭᠡ ᠦᠭᠡᠢ
ᠭᠡᠪᠡᠴᠦ ᠤᠯᠠᠢ ᠦᠵᠡᠬᠦ ᠶ᠋ᠢ
ᠬᠦᠰᠡᠳᠡᠭ ᠦᠭᠡᠢ ᠳ᠋ᠦ᠍ ᠨᠢ
ᠭᠡᠮ ᠦᠭᠡᠢ ᠳᠠᠷᠤᠤ ᠵᠠᠩ ᠲᠠᠢ ᠳ᠋ᠤ᠌
ᠨᠢ
ᠭᠡᠷ ᠬᠥᠮᠦᠨ ᠬᠣᠶᠠᠷ ᠲᠤ᠌
ᠣᠶ᠋ᠢᠷ᠎ᠠ ᠪᠠᠶ᠋ᠢᠲᠠᠭ ᠲᠤ᠌ ᠨᠢ
ᠭᠡᠷᠡᠯᠲᠦ ᠴᠠᠭᠠᠨ ᠲᠠᠭᠳᠠᠭᠠᠨ ᠳ᠋ᠤ᠌
ᠬᠥᠮᠦᠨ ᠳᠤᠷᠠᠲᠠᠢ
ᠲᠠᠭᠲᠠᠭ᠎ᠠ ᠬᠥᠭᠡᠷᠦᠬᠦᠨ ᠂
ᠲᠠᠭᠲᠠᠭ᠎ᠠ ᠨᠣᠮᠣᠬᠠᠨ
ᠲᠠᠩᠳᠠ ᠣᠯᠠᠭᠤᠯᠠ ᠂ ᠲᠠᠩᠳᠠ
ᠲᠠᠶ᠋ᠢᠪᠤᠩ ᠃
ᠲᠠᠭᠲᠠᠭ᠎ᠠ — ᠡᠩᠬᠡ ᠲᠠᠶ᠋ᠢᠪᠤᠩ ᠤ᠋ᠨ
ᠪᠡᠯᠭᠡ ᠲᠡᠮᠳᠡᠭ
ᠲᠠᠭᠲᠠᠭ᠎ᠠ —ᠡᠷᠬᠡ ᠴᠢᠯᠥᠭᠡᠨ ᠦ᠌
ᠪᠡᠯᠭᠡ ᠲᠡᠮᠳᠡᠭ
ᠲᠠᠭᠲᠠᠭ᠎ᠠ — ᠳᠤᠷᠠᠯᠠᠯ ᠵᠢᠷᠭᠠᠯ ᠤ᠋ᠨ
ᠪᠡᠯᠭᠡ ᠲᠡᠮᠳᠡᠭ
ᠲᠠᠭᠲᠠᠭ᠎ᠠ — ᠰᠠᠢᠨ ᠰᠠᠢᠬᠠᠨ ᠤ᠋
ᠪᠡᠯᠭᠡ ᠲᠡᠮᠳᠡᠭ
ᠬᠥᠬᠡ ᠴᠡᠩᠬᠡᠷ ᠣᠭᠲᠠᠷᠭᠤᠢ ᠶ᠋ᠢᠨ
ᠭᠦᠨ ᠳ᠋ᠦ᠍
ᠬᠥᠪᠦᠨ ᠬᠥᠭᠡᠷᠦᠨ ᠨᠢᠰᠴᠦ
ᠶᠠᠪᠤᠬᠤ ᠳ᠋ᠤ᠌ ᠪᠠᠨ
ᠬᠥᠮᠦᠨ ᠦ᠌ ᠭᠠᠷ ᠲᠤ᠌ ᠪᠠᠷᠢᠭᠳᠠᠭᠰᠠᠨ
ᠦᠭᠡᠢ
ᠬᠦᠰᠡᠯ ᠰᠡᠳᠬᠢᠯ ᠳ᠋ᠦ᠍ ᠨᠢ
ᠣᠷᠣᠰᠢᠵᠤ ᠪᠠᠶ᠋ᠢᠨ᠎ᠠ ᠃
ᠲᠠᠭᠲᠠᠭ᠎ᠠ ᠬᠥᠭᠡᠷᠦᠬᠦᠨ ᠂
ᠲᠠᠭᠲᠠᠭ᠎ᠠ ᠨᠣᠮᠣᠬᠠᠨ
ᠲᠠᠩᠳᠠ ᠮᠥᠷᠥᠭᠡᠳᠦᠯ ᠂ ᠲᠠᠩᠳᠠ
ᠡᠷᠡᠮᠡᠯᠵᠡᠯ ᠃
ᠬᠠᠯᠳᠠᠰᠢ ᠦᠭᠡᠢ ᠪᠠᠷᠢᠭᠳᠠᠰᠢ
ᠦᠭᠡᠢ ᠰᠠᠢᠬᠠᠨ ᠲᠠᠭᠲᠠᠭ᠎ᠠ ᠶ᠋ᠢ
ᠬᠠᠮᠤᠭ ᠲᠦᠷᠦᠭᠦᠨ ᠳ᠋ᠦ᠍ ᠬᠥᠮᠦᠨ ᠦ᠌
ᠭᠠᠷ ᠲᠤ᠌
ᠬᠠᠪᠤᠲᠠᠢ ᠵᠢᠷᠭᠠᠯᠲᠠᠢ ᠵᠥᠪᠯᠡᠯᠲᠦ ᠶ᠋ᠢᠨ
ᠤᠯᠤᠰ ᠲᠦᠮᠡᠨ ᠳ᠋ᠦ᠍
ᠬᠠᠶ᠋ᠢᠷᠠᠲᠤ ᠯᠧᠨᠢᠨ ᠂ ᠰᠲ᠋ᠠᠯᠢᠨ
ᠬᠣᠶᠠᠷ ᠪᠠᠷᠢᠵᠤ ᠥᠭᠭᠦᠯ᠎ᠡ ᠃
ᠬᠠᠨ ᠪᠦᠷᠭᠦᠳ ᠦ᠋ᠨ ᠳᠠᠯᠠᠪᠴᠢ ᠪᠠᠷ
ᠵᠢᠭᠦᠷ ᠬᠢᠵᠦ
ᠬᠠᠷᠴᠠᠭᠠᠢ ᠱᠣᠩᠬᠣᠷ ᠤ᠋ᠨ
ᠵᠣᠷᠢᠭ ᠢ᠋ᠶ᠋ᠠᠷ ᠵᠢᠷᠦᠬᠡ ᠬᠢᠵᠦ
ᠠᠯᠲᠠᠨ ᠭᠤᠷᠭᠤᠤᠯᠳᠠᠢ ᠶ᠋ᠢᠨ
ᠳᠠᠭᠤ ᠪᠠᠷ ᠬᠣᠭᠣᠯᠠᠢ ᠬᠢᠵᠦ
ᠠᠮᠢᠳᠤᠷᠠᠯ ᠦᠨᠡᠨ ᠬᠣᠶᠠᠷ ᠢ᠋ᠶ᠋ᠠᠷ
ᠬᠦᠴᠦ ᠶ᠋ᠢ ᠨᠢ ᠰᠡᠯᠪᠢᠯᠡ ᠃
ᠲᠠᠭᠲᠠᠭ᠎ᠠ ᠬᠦᠴᠦ ᠲᠡᠢ ᠂
ᠲᠠᠭᠲᠠᠭ᠎ᠠ ᠵᠣᠷᠢᠭ ᠲᠠᠢ
ᠲᠠᠩᠳᠠ ᠬᠥᠮᠦᠨ ᠲᠡᠢ ᠂ ᠲᠠᠩᠳᠠ
ᠣᠯᠠᠨ ᠲᠠᠢ ᠃
ᠠᠶᠤᠩᠭ᠎ᠠ ᠳᠡᠯᠪᠡᠷᠡᠬᠦ ᠪᠠᠷᠠᠭᠠᠨ
ᠡᠭᠦᠯᠡᠰ ᠦ᠋ᠨ ᠡᠰᠡᠷᠭᠦ
ᠠᠲ᠋ᠣᠮ ᠢ᠋ᠶ᠋ᠠᠷ ᠴᠡᠨᠡᠭᠯᠡᠭᠰᠡᠨ
ᠭᠠᠯᠲᠤ ᠪᠥᠮᠪᠥᠭᠡ ᠶ᠋ᠢᠨ ᠡᠰᠡᠷᠭᠦ
ᠠᠶᠤᠯ ᠨᠥᠮᠥᠷᠦᠭᠰᠡᠨ ᠴᠠᠰᠤᠲᠤ
ᠳᠠᠶ᠋ᠢᠨ ᠤ᠋ ᠡᠰᠡᠷᠭᠦ
ᠠᠷᠠᠳ ᠲᠦᠮᠡᠨ ᠦ᠌ ᠤᠷᠢᠶ᠎ᠠ ᠶ᠋ᠢ
ᠬᠤᠰᠢᠭᠤᠨ ᠳ᠋ᠤ᠌ ᠪᠠᠨ ᠵᠠᠭᠤᠵᠤ
ᠬᠤᠨ ᠴᠠᠭᠠᠨ ᠲᠠᠭᠲᠠᠭ᠎ᠠ ᠵᠢᠭᠦᠷ ᠢ᠋ᠶ᠋ᠡᠨ
ᠳᠡᠯᠭᠡᠨ
ᠬᠤᠷᠳᠤᠨ ᠵᠣᠷᠢᠭᠲᠤ ᠳᠠᠪᠢᠯᠲᠠ ᠪᠠᠷ
ᠡᠭᠦᠯᠡᠰ ᠊ᠢ ᠢᠷᠠᠭᠰᠠᠭᠠᠷ
ᠬᠤᠷᠴᠠ ᠲᠤᠩᠭᠠᠯᠠᠭ ᠨᠠᠷᠠᠨ ᠤ᠋
ᠭᠡᠷᠡᠯ ᠊ᠢ ᠲᠤᠰᠬᠠᠨ
ᠬᠤᠳᠠᠯ ᠪᠠ ᠭᠦᠳᠬᠡᠯ ᠊ᠢ ᠢᠯᠠᠨ
ᠨᠢᠰᠴᠦ ᠶᠠᠪᠤᠨ᠎ᠠ ᠲᠠᠭᠲᠠᠭ᠎ᠠ ᠬᠦᠴᠦ ᠲᠡᠢ ᠂ ᠲᠠᠭᠲᠠᠭ᠎ᠠ ᠢᠯᠠᠨ᠎ᠠ !
ᠲᠠᠩᠳᠠ ᠪᠢᠳᠡᠨ ᠲᠡᠢ ᠂ ᠲᠠᠩᠳᠠ
ᠠᠯᠳᠠᠷᠠᠰᠢ !
ᠦᠰᠦᠭ ᠠᠮᠢᠯᠠᠭᠤᠯᠤᠭᠴᠢ ᠄ ᠰᠡᠴᠡᠨᠴᠢᠮᠡᠭ
ᠬᠢᠨᠠᠭᠴᠢ ᠄ ᠣᠤᠠᠬᠠᠨᠰᠣ ᠠ᠋
