ᠮᠢᠨᠦ ᠮᠣᠩᠭᠣᠯ ᠠᠵᠢᠯᠲᠠᠨ ᠠᠨᠲᠠ – ᠷᠠᠤᠡᠨᠡᠪᠠᠽᠠᠷ Миний монгол ажилтан анд –  Раднаабазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠠᠵᠢᠯᠲᠠᠨ ᠠᠨᠲᠠ – ᠷᠠᠤᠡᠨᠡᠪᠠᠽᠠᠷ Миний монгол ажилтан анд –  Раднаабазар

ᠮᠢᠨᠦ ᠮᠣᠩᠭᠣᠯ ᠠᠵᠢᠯᠲᠠᠨ ᠠᠨᠲᠠ – ᠷᠠᠤᠡᠨᠡᠪᠠᠽᠠᠷ Миний монгол ажилтан анд –  Раднаабазар

2023-03-24

534

ᠮᠢᠨᠦ ᠮᠣᠩᠭᠣᠯ ᠠᠵᠢᠯᠲᠠᠨ ᠠᠨᠲᠠ


                 ᠷᠠᠤᠡᠨᠡᠪᠠᠽᠠᠷ

       ᠨᠢᠭᠡ

 ᠪᠥᠷᠲᠠ ᠴᠢᠨᠣ᠎ᠠ ᠪᠣᠯ ᠮᠢᠨᠦ ᠲᠡᠬᠡᠲᠦ
 ᠪᠣᠲᠠᠨᠴᠢᠷ ᠮᠣᠩᠬᠠᠬ ᠪᠣᠯ ᠮᠢᠨᠦ ᠡᠪᠦᠭᠡ
 ᠪᠣᠭᠲᠠ ᠴᠢᠩᠭᠢᠰ ᠦ᠋ᠨ ᠦᠷᠡᠰ ᠶᠤᠮ ᠪᠢ
 ᠪᠤᠷᠵᠢᠬᠢᠨ ᠣᠪᠣᠭᠲᠠᠨ ᠪ ᠲᠦᠷᠦᠯ ᠶᠤᠮ ᠪᠢ 
 ᠬᠡᠵᠤ

 ᠪᠤᠲᠠᠭᠠᠨ ᠰᠢᠷᠡᠭᠡᠨ  ‍ᠳᠤ ᠰᠤᠭᠲᠤᠭᠰᠠᠭᠠᠷ
 ᠪᠣᠰᠴᠤ ᠵᠣᠭᠰᠣᠭᠠᠳ ᠬᠠᠰᠬᠢᠷᠲᠠᠭ ᠃
 ᠠᠷᠰᠯᠠᠨ ᠪᠠᠷᠰ ᠦ᠋ᠨ ᠣᠮᠣᠭ ᠲᠠᠢ 
 ᠠᠨᠠᠰᠢ ᠵᠠᠭᠠᠨ ᠪ ᠰᠦᠷ ᠲᠡᠢ
 ᠠᠪᠤᠷᠭᠤ ᠲᠣᠮᠣ ᠪᠡᠶ᠎ᠡ ᠲᠡᠢ
 ᠠᠪᠤᠷᠢ ᠲᠤᠭᠰᠢᠨ ᠰᠢᠨᠵᠢ ᠲᠡᠢ
 ᠮᠢᠨᠦ ᠮᠣᠩᠭᠣᠯ ᠠᠵᠢᠯᠲᠠᠨ ᠠᠨᠲᠠ 
 ᠮᠢᠩᠭᠠᠨ ᠪ ᠰᠣᠲᠣᠨ ᠬᠠᠷᠠᠭᠲᠠᠨ᠎ᠠ ᠃

 ᠪᠤᠲᠠᠭᠠᠨ ᠰᠢᠷᠡᠭᠡᠨ ᠡᠴᠡ ᠰᠠᠯᠤᠨ ᠰᠠᠯᠲᠠᠯ᠎ᠡ
 ᠪᠣᠯᠪᠠᠰᠤᠨ ᠪᠢᠰᠢ ᠦᠬᠡ ᠬᠡᠯᠡᠬᠦ ᠦᠭᠡᠢ
 ᠪᠣᠮᠡᠠ ᠮᠣᠩᠭᠣᠯ ᠦ᠋ᠨ ᠶ᠋ᠢᠠᠨ ᠰᠠᠯᠬᠢᠴᠢ ᠰᠢᠪᠠᠭᠤ
 ᠪᠣᠰᠤᠬ᠋᠎ᠠ ᠬᠡᠯᠡᠨ ᠪ ᠪᠡᠨ ᠰᠣᠲᠣᠨ ᠬᠡᠯᠡᠮᠦᠷᠴᠢ
 ᠮᠢᠨᠦ ᠮᠣᠩᠭᠣᠯ ᠠᠵᠢᠯᠲᠠᠨ ᠠᠨᠲᠠ
 ᠮᠢᠨᠦ ᠨᠤᠲᠤᠭ ᠦ᠋ᠨ ᠨᠠᠷᠠ ᠠ᠋ ᠃

 ᠤᠭᠰᠠᠬ᠋᠎ᠠ ᠮᠢᠨᠢ ᠴᠡᠪᠡᠷ ᠮᠣᠩᠭᠣᠯ
 ᠤᠲᠤᠮ ᠮᠢᠨᠢ ᠠᠷᠢᠭᠤᠨ ᠮᠣᠩᠭᠣᠯ
 ᠣᠷᠣᠰᠬᠤ ᠴᠢᠰᠤ ᠮᠢᠨᠢ ᠴᠡᠪᠡᠷ
 ᠤᠷᠭᠤᠬ᠋᠎ᠠ ᠶᠠᠰᠤ ᠮᠢᠨᠢ ᠴᠠᠭᠠᠨ ᠬᠡᠵᠤ
 ᠠᠷᠢᠬᠢᠨ ᠮᠤᠬᠤᠯᠠᠭ ᠲᠤ ᠬᠠᠯᠠᠰᠠᠭᠰᠠᠭᠠᠷ
 ᠠᠭᠰᠤᠮᠨᠠᠵᠤ ᠪᠠᠷᠲᠠᠮᠨᠠᠵᠤ ᠪᠠᠷᠬᠢᠷᠠᠲᠠᠭ ᠃

 ᠰᠦᠷᠯᠢᠭ ᠪᠣᠰᠤᠬ᠋᠎ᠠ ᠲᠦᠷᠢ ᠲᠠᠢ 
 ᠰᠤᠷᠲᠤᠭᠤ  ᠶᠡᠬᠡᠮᠰᠦᠭ ᠲᠦᠷᠬᠦ ᠲᠡᠢ 
 ᠰᠦᠷ ᠬᠡᠷᠡᠯᠲᠤ ᠵᠢᠪᠬᠤᠬ᠋᠎ᠠ ᠲᠠᠢ 
 ᠰᠣᠲᠣᠨ ᠰᠡᠴᠡᠨ ᠤᠬᠠᠭᠠᠨ ᠲᠠᠢ
 ᠮᠢᠨᠦ ᠮᠣᠩᠭᠣᠯ ᠠᠵᠢᠯᠲᠠᠨ ᠠᠨᠲᠠ
 ᠮᠢᠩᠭᠠᠨ ᠪ ᠮᠠᠩᠯᠠᠢ ᠦᠵᠡᠭᠳᠡᠨ᠎ᠡ ᠃

 ᠬᠤᠭᠤᠯᠡᠠ ᠰᠢᠷᠡᠭᠡ ᠡᠴᠡ ᠶᠠᠪᠤᠨ ᠶᠠᠪᠤᠲᠠᠯ᠎ᠠ
 ᠬᠤᠭᠤᠰᠤᠨ ᠦᠬᠡ ᠬᠡᠯᠡᠬᠦ ᠦᠭᠡᠢ
 ᠬᠤᠷᠴᠢᠨ ᠰᠣᠶᠣᠯ ᠳ᠋ᠠᠭᠠᠨ ᠬᠡᠬᠦ ᠪᠣᠲᠣᠯᠬ᠋᠎ᠠ ᠬᠠᠲᠠᠭᠤ
 ᠬᠣᠶ᠋ᠢᠴᠢ ᠦᠶ᠎ᠡ ᠳ᠋ᠡᠭᠡᠨ ᠬᠡᠬᠦ ᠰᠠᠨᠠᠬ᠋᠎ᠠ ᠬᠣᠯᠠ
 ᠮᠢᠨᠦ ᠮᠣᠩᠭᠣᠯ ᠠᠵᠢᠯᠲᠠᠨ ᠠᠨᠲᠠ 
 ᠮᠢᠨᠦ ᠨᠤᠲᠤᠭ ᠦ᠋ᠨ ᠰᠠᠷᠠ ᠠ᠋ ᠃

         ᠬᠣᠶᠠᠷ 
 ᠬᠣᠭᠣᠯᠠᠨ ᠭᠡᠷ ᠡᠴᠡ ᠥᠷᠥᠭᠡ ᠪᠡᠨ ᠬᠦᠷᠬᠦ ᠬᠣᠷᠣᠮ  ‍ᠳᠤ
 ᠬᠣᠪᠲᠣᠯ ᠵᠢᠷᠦᠬᠡᠨ ᠪ ᠦᠬᠡ ᠨᠢ ᠣᠷᠬᠢᠯᠤᠨ ᠤᠷᠤᠰᠤᠨ᠎ᠠ
 ᠬᠣᠭᠣᠯᠠᠢ ᠶ᠋ᠢᠨ ᠠᠶᠠᠰ ᠲᠠᠭᠤᠨ ᠥᠩᠭᠡ ᠨᠢ ᠶᠡᠬᠡᠰᠴᠦ
 ᠬᠣᠯᠠ ᠣᠶ᠋ᠢᠷ᠎ᠠ  ‍ᠳᠤ ᠴᠤᠤᠷᠢᠶ᠎ᠠ ᠲᠠᠲᠠᠲᠠᠯ᠎ᠡ ᠬᠠᠩᠭᠢᠨᠠᠨ᠎ᠠ ᠃

 ᠰᠤᠷᠭᠠᠭᠤᠯᠢ ᠶ᠋ᠢᠨ ᠶᠡᠬᠡ ᠶ᠋ᠢ ᠲᠡᠭᠦᠰᠬᠡᠭᠰᠡᠨ ᠨᠢ ᠲᠠᠷᠠ ᠬᠡᠨ᠎ᠡ
 ᠰᠤᠷᠤᠯᠬ᠋᠎ᠠ ᠶ᠋ᠢᠨ ᠨᠠᠮᠲᠠᠷ ᠦ᠋ᠨ ᠥᠨᠲᠥᠷ ᠨᠢ ᠲᠡᠷᠡ ᠬᠡᠨ᠎ᠡ
 ᠰᠤᠷᠤᠭᠰᠠᠨ ᠨᠢ ᠬᠦᠨ ᠬᠥᠮᠦᠨ ᠪᠣᠯ ᠲᠡᠷᠡ ᠬᠡᠨ᠎ᠡ
 ᠰᠤᠷᠲᠠᠯ ᠨᠢ ᠲᠥᠪ ᠬᠥᠮᠦᠨ ᠪᠣᠯ ᠲᠡᠷᠡ ᠬᠡᠨ᠎ᠡ ᠃

 ᠬᠣᠷᠴᠢᠨ ᠨᠤᠲᠤᠭ ᠬᠣᠯᠠ ᠪᠠᠭᠠᠲᠠᠵᠤ ᠴᠢᠮᠡᠯᠠᠭᠲᠠᠨ᠎ᠡ
 ᠬᠤᠷᠤ᠎ᠡ ᠶᠢᠷᠲᠢᠨᠴᠤ ᠪᠠᠬ᠋᠎ᠠ ᠶᠠᠬᠡᠲᠡᠵᠤ ᠬᠡᠯᠩᠲᠡᠨ᠎ᠡ 
 ᠪᠢᠷ ᠦ᠋ᠨ ᠡᠷᠲᠡᠮ ᠶ᠋ᠢᠡᠷ ᠬᠡᠨ ᠴᠤ᠌ ᠬᠥᠷᠬᠥ ᠦᠭᠡᠢ
 ᠪᠢᠯᠢᠭ᠌ ᠤᠬᠠᠭᠠᠨ ᠶ᠋ᠢᠠᠷ ᠬᠡᠨ ᠴᠤ᠌ ᠬᠠᠪᠢᠲᠠᠬᠤ ᠦᠭᠡᠢ ᠃

 ᠦᠨᠲᠦᠰᠦᠲᠡᠨ ᠶᠠᠰᠤᠲᠠᠨ ᠪ ᠪᠡᠨ ᠲᠥᠯᠥᠭᠡ ᠯᠡ ᠬᠡᠰᠡᠨ ᠺᠠᠲᠷ
 ᠥᠯᠥᠭᠡᠢ ᠨᠤᠲᠤᠭ ᠦ᠋ᠨ ᠶ᠋ᠢᠠᠨ ᠲᠥᠯᠥᠭᠡ ᠯᠡ ᠭᠡᠰᠡᠨ ᠭᠠᠷ
 ᠦᠬᠡ ᠬᠡᠯᠡᠨ ᠪ ᠪᠡᠨ ᠲᠥᠯᠥᠭᠡ ᠯᠡ ᠭᠡᠰᠡᠨ ᠡᠷ᠎ᠡ
 ᠦᠰᠦᠭ ᠪᠢᠴᠢᠭ᠌ ᠦ᠋ᠨ ᠶ᠋ᠢᠡᠨ ᠲᠥᠯᠥᠭᠡ ᠯᠡ ᠭᠡᠰᠡᠨ ᠬᠥᠮᠦᠨ ᠃

 ᠦᠨᠲᠦᠰᠦᠲᠡᠨ ᠶᠠᠰᠤᠲᠠᠨ ᠥᠯᠥᠭᠡᠢ ᠨᠤᠲᠤᠭ ᠲᠠᠭᠠᠨ ᠤᠰᠤᠯᠲᠠᠪᠠᠯ
 ᠡᠴᠢᠭᠡ ᠲᠩᠷᠢ  ᠨᠢᠷᠭᠡᠭ ᠭᠡᠵᠦ ᠲᠩᠷᠢ ᠶ᠋ᠢ ᠵᠢᠭᠠᠨ᠎ᠠ
 ᠦᠬᠡ ᠬᠡᠯᠡ ᠦᠰᠦᠭ ᠪᠢᠴᠢᠭ᠌ ᠲᠡᠭᠡᠨ ᠤᠰᠤᠯᠲᠠᠪᠠᠯ
 ᠡᠬᠡ ᠭᠠᠵᠠᠷ ᠮᠡᠲᠡᠭ᠌ ᠭᠡᠵᠦ ᠭᠠᠵᠠᠷ ᠊ᠢ ᠵᠢᠭᠠᠨ᠎ᠠ ᠃

        ᠭᠤᠷᠪᠠ

 ᠮᠢᠨᠦ ᠮᠣᠩᠭᠣᠯ ᠠᠵᠢᠯᠲᠠᠨ ᠠᠨᠲᠠ ᠶ᠋ᠢᠨ
 ᠮᠠᠷᠭᠠᠰᠢ ᠶ᠋ᠢᠨ ᠲᠥᠷᠢ ᠨᠢ ᠦᠰᡂᠨ ᠦᠬᠡᠷ᠎ᠡ
 ᠮᠠᠶᠢᠬᠯᠠᠵᠤ ᠵᠣᠭᠤᠭᠯᠠᠭᠠᠤᠠ ᠠᠮᠠ ᠪᠠᠨ ᠬᠡᠲᠦ ᠵᠠᠶ᠋ᠢᠯᠤᠨ᠎ᠠ
 ᠮᠠᠰᠢᠨ ᠲᠡᠷᠭᠡᠨ  ‍ᠳᠤ ᠲᠡᠩᠭᠠᠶ᠋ᠢᠵᠤ ᠬᠡᠪᠲᠡᠬᠡᠤᠨ ᠵᠠᠯᠠᠷᠠᠨ᠎ᠠ ᠃

 ᠲᠥᠷᠪᠡᠯᠵᠢᠨ ᠰᠢᠷᠡᠭᠡᠨ ᠪ ᠰᠠᠬᠢᠭᠤᠯ ᠪᠣᠯᠵᠤ ᠰᠠᠭᠤᠨ᠎ᠠ
 ᠲᠥᠷᠪᠡᠯᠵᠢᠨ ᠴᠢᠷᠠᠢ ᠲᠠᠢ ᠱᠤᠭᠤᠮᠠᠯ ᠪᠣᠯᠵᠤ ᠠᠯᠪᠠᠯᠠᠨ᠎ᠠ
 ᠲᠦᠷᠢᠯᠡᠵᠤ ᠵᠣᠬᠢᠶᠠᠭᠰᠠᠨ ᠮᠠᠨᠠᠭᠤᠯ ᠪᠣᠯᠵᠤ ᠠᠵᠢᠯᠯᠠᠨ᠎ᠠ
 ᠲᠦᠷᠰᠦᠯᠠᠵᠤ ᠵᠢᠷᠤᠭᠰᠠᠨ ᠬᠦᠷᠦᠭ᠌ ᠪᠣᠯᠵᠤ ᠠᠮᠠᠷᠠᠨ᠎ᠠ ᠃

 ᠲᠥᠷᠪᠡᠯᠵᠢᠨ ᠦᠰᠦᠭ ᠲᠡᠢ ᠮᠠᠲ᠋ᠧᠷᠢᠶᠠᠯ ᠶ᠋ᠢᠠᠨ ᠨᠠᠨᠲᠢᠩᠨᠠᠵᠤ
 ᠲᠥᠷᠪᠡᠯᠵᠢᠨ  ᠬᠣᠷᠭᠣ ᠳ᠋ᠠᠭᠠᠨ ᠬᠣᠮᠢᠵᠤ ᠬᠠᠲᠠᠭᠠᠯᠠᠨ᠎ᠠ
 ᠪᠣᠰᠤᠬ᠋᠎ᠠ  ᠦᠰᠦᠭ ᠲᠡᠢ ᠮᠠᠲ᠋ᠸᠷᠢᠶᠡᠯ ᠡᠴᠡ ᠵᠢᠪᠡᠭᠦᠷᠡᠵᠦ
 ᠪᠤᠯᠤᠩ  ᠦ᠋ᠨ ᠰᠠᠭᠰᠤᠨ  ‍ᠳᠤ ᠬᠠᠶᠠᠵᠤ ᠭᠡᠭᠡᠨ᠎ᠡ ᠃

 ᠰᠢᠨ᠎ᠡ  ᠬᠦᠷᠭᠡᠭᠳᠡᠭᠰᠡᠨ ᠰᠣᠨᠢᠨ ᠊ᠢ ᠲᠩᠲᠠᠷᠯᠠᠬᠡᠥᠨ ᠲᠠᠯᠪᠢᠨ᠎ᠠ
 ᠰᠢᠯ ᠴᠣᠮᠣ ᠳ᠋ᠠᠭᠠᠨ ᠴᠡᠢ ᠪᠡᠨ ᠪᠦᠷᠢᠬᠡᠥᠨ ᠬᠠᠶᠠᠨ᠎ᠠ
 ᠺᠣᠮᠫᠢᠦ᠋ᠲ᠋ᠧᠷ ᠨᠡᠬᠡᠭᠡᠵᠤ ᠰᠢᠨ᠎ᠡ ᠠᠪᠠᠬᠠᠢ ᠲᠠᠢ ᠨᠠᠶ᠋ᠢᠵᠠᠯᠠᠨ᠎ᠠ
 ᠺᠣᠰᠲ᠋ᠸᠮ ᠡᠮᠦᠰᠴᠦ ᠥᠪᠡᠷ ᠦ᠋ᠨ ᠪᠡᠶ᠎ᠡ ᠪᠡᠨ ᠲᠠᠨᠢᠭᠤᠯᠤᠨ᠎ᠠ ᠃

 ᠭᠣᠣᠯ ᠤᠲᠤᠷᠢᠲᠤᠯᠭ᠎ᠡ ᠭᠡᠨᠡᠤᠨᠲᠠ ᠣᠷᠣᠭᠠᠳ ᠢᠷᠡᠪᠡᠯ
 ᠭᠣᠰ ᠦᠰᠦᠷᠦᠭᠡᠳ ᠮᠠᠷᠰᠠᠶ᠋ᠢᠨ ᠢᠨᠢᠶᠡᠵᠦ ᠵᠤᠭᠰᠤᠨ᠎ᠡ
 ᠭᠤᠸ᠋᠎ᠠ ᠲᠥᠷᠢ ᠦᠵᠡᠬᠦᠯᠵᠤ ᠮᠦᠰᠢᠶᠡᠨ᠎ᠡ
 ᠭᠣᠣᠯᠴᠢ  ᠲᠥᠪ ᠠᠪᠤᠷᠢᠯᠠᠵᠤ ᠶᠠᠷᠢᠯᠴᠠᠨ᠎ᠠ ᠃

 ᠬᠢᠷᠠᠭᠤ ᠦᠵᠡᠭᠰᠡᠨ ᠨᠠᠪᠴᠢ  ᠰᠢᠭ᠋ ᠵᠥᠭᠡᠯᠡᠨ
 ᠬᠢᠷᠭᠤᠢ ᠦᠵᠡᠭᠰᠡᠨ ᠪᠣᠯᠵᠤᠮᠣᠷ  ᠰᠢᠭ᠋ ᠨᠣᠮᠣᠬᠠᠨ
 ᠮᠤᠤᠷ  ᠦᠵᠡᠭᠰᠡᠨ ᠬᠤᠯᠤᠭᠠᠨ᠎ᠠ  ᠰᠢᠭ᠋ ᠬᠡᠷᠰᠡᠦᠯᠡᠨ᠎ᠡ
 ᠮᠣᠭᠠᠢ  ᠦᠵᠡᠭᠰᠡᠨ ᠰᠢᠪᠠᠭᠤᠬᠠᠢ  ᠰᠢᠭ᠋ ᠬᠢᠴᠢᠶᠡᠨ᠎ᠡ ᠃

 ᠬᠥᠲᠡᠭᠡ ᠮᠣᠩᠭᠣᠯ ᠡᠷᠢᠬᠡᠥᠨ ᠢᠷᠡᠪᠡᠯ
 ᠬᠥᠮᠥᠰᠬᠡ ᠨᠢ ᠤᠨᠠᠮᠠᠷ ᠨᠠᠲᠠᠶ᠋ᠢᠨ᠎ᠡ
 ᠬᠦᠢᠲᠡᠮᠰᠥᠭ᠌ ᠴᠢᠷᠠᠢ ᠨᠢ ᠴᠠᠯᠮᠠᠶ᠋ᠢᠨ᠎ᠡ
 ᠬᠥᠩᠭᠡᠬᠡᠷ ᠨᠢᠲᠦ ᠨᠢ ᠵᠢᠷᠲᠠᠶ᠋ᠢᠨ᠎ᠡ ᠃

 ᠶᠠᠰᠢᠯ ᠢᠳᠡᠭᠰᠡᠨ ᠲᠡᠮᠡᠭᠡ ᠰᠢᠭ᠌
 ᠶᠠᠷᠪᠢᠡᠭ᠌ ᠲᠡᠷᠪᠢᠡᠭ᠌ ᠠᠪᠤᠷᠢᠯᠠᠨ᠎ᠠ
 ᠶᠠᠰᠤᠲᠤ ᠮᠡᠯᠡᠬᠡᠢ ᠶ᠋ᠢ ᠲᠠᠭᠤᠷᠢᠶᠠᠵᠤ
 ᠶᠠᠪᠠ ᠠ᠋ᠴᠠ ᠴᠠᠭᠠᠰᠢ ᠲᠤᠤᠭᠠᠷᠤᠨ᠎ᠡ ᠃

 ᠲᠥᠷᠪᠡᠯᠵᠢᠨ  ᠦᠰᠦᠭ ᠊ᠢ ᠲᠠᠨᠢᠬᠤ ᠦᠭᠡᠢ ᠴᠢ 
 ᠲᠡᠯᠡᠢ  ‍ᠳᠤ ᠣᠷᠣᠭᠠᠲᠤᠢ ᠮᠡᠯᠡᠬᠡᠢ ᠬᠡᠨ᠎ᠡ
 ᠪᠣᠰᠤᠬ᠋᠎ᠠ ᠦᠰᠦᠭ ᠡᠴᠡ ᠪᠡᠨ ᠭᠠᠷᠤᠭᠠᠲᠤᠢ ᠲᠠ
 ᠪᠤᠭᠤᠨᠢ ᠰᠠᠷᠠᠪᠴᠢ ᠶ᠋ᠢᠨ ᠪᠢᠯᠵᠤᠤᠬᠠᠢ ᠬᠡᠨ᠎ᠡ ᠃

 ᠲᠠᠪᠤᠨ ᠬᠣᠰᠢᠭᠤ ᠲᠠᠢ ᠪᠠᠨ ᠠᠮᠢᠲᠤᠷᠠᠲᠠᠭ ᠲᠡᠨᠡᠭ
 ᠲᠠᠷᠠᠭ ᠠᠶ᠋ᠢᠷᠠᠭ ᠠ᠋ᠴᠠ ᠪᠠᠨ ᠰᠠᠯᠤᠭᠠᠲᠤᠢ ᠮᠤᠨᠤᠭ
 ᠲᠠᠯ᠎ᠠ ᠲᠡᠨᠦᠵᠦ ᠠᠮᠢᠲᠤᠷᠠᠲᠠᠭ  ᠵᠥᠨᠥᠭ
 ᠲᠠᠷᠢᠶᠠᠯᠠᠩ  ‍ᠳᠤ ᠰᠢᠭᠤᠤᠡᠴᠤ ᠪᠠᠶᠠᠵᠢᠭᠠᠲᠤᠢ ᠮᠤᠩᠬᠠᠭ ᠬᠡᠵᠤ

 ᠮᠣᠩᠭᠣᠯ ᠤᠭᠰᠠᠬ᠋᠎ᠠ ᠪᠠᠨ ᠲᠣᠭᠣᠬᠢᠯᠠᠨ᠎ᠡ 
 ᠮᠣᠩᠭᠣᠯ ᠤᠲᠤᠮ ᠶ᠋ᠢᠠᠨ ᠮᠠᠭᠤᠯᠠᠨ᠎ᠠ 
 ᠮᠣᠩᠭᠣᠯ ᠦᠨᠲᠦᠰᠦᠲᠡᠨ ᠶ᠋ᠢᠡᠨ ᠵᠢᠭᠰᠢᠨ᠎ᠡ
 ᠮᠣᠩᠭᠣᠯ ᠬᠡᠯᠡᠲᠡᠨ ᠶ᠋ᠢᠡᠨ ᠭᠣᠯᠣᠨ᠎ᠠ ᠃

       ᠳᠦᠷᠪᠡ

 ᠦᠷ᠎ᠡ ᠬᠣᠶ᠋ᠢᠴᠢᠰ ᠦ᠋ᠨ ᠶ᠋ᠢᠠᠨ ᠰᠠᠷᠠᠭᠤᠯ ᠢᠷᠡᠭᠡᠲᠦᠢ ᠶ᠋ᠢᠨ ᠲᠥᠯᠥᠭᠡ
 ᠥᠪᠡᠷ ᠦ᠋ᠨ ᠪᠡᠶ᠎ᠡ ᠪᠡᠨ ᠴᠥᠯᠡᠵᠦ ᠢᠲᠡᠬᠦᠯᠲᠡᠭ᠌
 ᠡᠷᠡᠮᠡᠬᠡᠢ ᠪᠠᠭᠠᠲᠤᠷ ᠡᠮ᠎ᠡ ᠠᠭᠠᠯᠵᠢ ᠠᠲᠠᠯᠢ
 ᠦᠨᠲᠦᠰᠦᠲᠡᠨ ᠤᠭᠰᠠᠭᠠᠲᠠᠨ ᠪ ᠪᠠᠨ ᠮᠠᠨᠲᠤᠯ ᠦ᠋ᠨ ᠲᠥᠯᠥᠭᠡ

 ᠦᠬᠡ ᠬᠡᠯᠡᠨ ᠪ ᠪᠡᠨ ᠬᠥᠭᠵᠢᠯᠲᠡ ᠶ᠋ᠢᠨ ᠲᠥᠯᠥᠭᠡ
 ᠡᠷᠬᠡ ᠵᠡᠷᠭᠡ ᠪᠡᠨ ᠵᠥᠪ ᠬᠡᠷᠡᠭᠯᠡᠵᠦ
 ᠥᠪᠡᠷ ᠦ᠋ᠨ ᠶ᠋ᠢᠡᠨ ᠠᠯᠢᠪᠠ ᠪᠠᠨ ᠵᠣᠷᠢᠭᠤᠯᠲᠠᠭ
 ᠡᠷ᠎ᠡ ᠮᠣᠩᠭᠣᠯ ᠬᠥᠮᠦᠨ ᠪᠣᠯᠤᠭᠰᠠᠨ ᠪᠣᠯ ᠲᠠ

 ᠡᠬᠡ ᠣᠷᠣᠨ ᠪ ᠪᠠᠨ  ᠰᠢᠯᠢᠳᠡᠭ ᠦᠷᠡᠰ ᠪᠠᠶ᠋ᠢᠬᠰᠠᠨ ᠶᠤᠮ ᠂
 ᠥᠯᠥᠭᠡᠢ ᠨᠤᠲᠤᠭ ᠦ᠋ᠨ ᠶ᠋ᠢᠠᠨ ᠲᠥᠯᠥᠭᠡ
 ᠦᠬᠦᠬᠦ ᠡᠴᠡ ᠪᠢᠰᠢ ᠨᠤᠭᠤᠷᠠᠬᠤ ᠦᠭᠡᠢ ᠭᠡᠵᠦ
 ᠥᠪᠡᠷ ᠦ᠋ᠨ ᠠᠮᠠ ᠬᠡᠯᠡ ᠪᠡᠷ ᠶ᠋ᠢᠠᠨ

 ᠥᠴᠢᠵᠦ ᠠᠨᠲᠠᠭᠠᠶ᠋ᠢᠯᠠᠭᠰᠠᠨ ᠲᠠᠩᠭᠠᠷᠢᠬ ᠲᠠᠭᠠᠨ ᠬᠡᠵᠤ
 ᠥᠴᠦᠬᠡᠨ ᠨᠢᠭᠡ ᠰᠢᠪᠡᠵᠢ ᠶ᠋ᠢ  ᠬᠦᠢᠴᠡᠭᠰᠡᠨ ᠪᠣᠯ ᠲᠠ 
 ᠡᠷᠬᠢᠮ ᠮᠣᠩᠭᠣᠯ ᠦ᠋ᠨ ᠰᠣᠲᠣ
 ᠡᠷ᠎ᠡ ᠬᠥᠮᠦᠨ ᠪ ᠮᠠᠩᠯᠠᠢ ᠪᠠᠶ᠋ᠢᠬ᠋᠎ᠠ ᠶᠤᠮ ᠰᠠᠨ !

 ᠬᠣᠶ᠋ᠢᠴᠢ ᠦᠶ᠎ᠡ ᠪᠡᠨ ᠲᠥᠷᠦᠬᠦᠯᠵᠤ ᠪᠣᠶ᠋ᠢᠵᠢᠭᠤᠯᠬᠤ ᠶ᠋ᠢᠨ ᠲᠥᠯᠥᠭᠡ
 ᠬᠣᠪᠢᠨ ᠪ ᠪᠡᠶ᠎ᠡ ᠪᠡᠨ ᠡᠬᠡᠨᠡᠷ ᠲᠡᠭᠡᠨ ᠢᠲᠡᠬᠦᠯᠲᠡᠭ᠌ 
 ᠬᠣᠩᠭᠣᠷ ᠪᠠᠭᠠᠲᠤᠷ ᠲᠡᠮᠵᠢᠭᠤᠷ ᠬᠣᠷᠣᠬᠠᠢ ᠰᠢᠭ᠋
 ᠬᠣᠰᠢᠭᠤ ᠨᠤᠲᠤᠭ ᠦ᠋ᠨ ᠶ᠋ᠢᠠᠨ ᠮᠠᠨᠲᠤᠯ ᠦ᠋ᠨ ᠲᠥᠯᠥᠭᠡ

 ᠬᠣᠪᠣᠷ ᠨᠠᠨᠲᠢᠨ ᠰᠣᠶᠣᠯ ᠶ᠋ᠢᠠᠨ  ᠬᠥᠭᠵᠢᠬᠦᠯᠬᠦ ᠶ᠋ᠢᠨ ᠲᠥᠯᠥᠭᠡ
 ᠬᠣᠪᠲᠣᠭ ᠬᠣᠶ᠋ᠢᠬᠤᠷ ᠊ᠢ ᠡᠷᠡᠰ ᠡᠰᠡᠷᠭᠦᠴᠡᠵᠦ
 ᠬᠣᠪᠢᠨ ᠪ  ᠪᠡᠨ ᠬᠠᠷᠠᠮ ᠦᠭᠡᠢ ᠦᠷᠡᠭ᠌ᠲᠡᠬᠦᠯᠲᠡᠭ᠌
 ᠬᠣᠰᠢᠭᠤᠴᠢ ᠮᠣᠩᠭᠣᠯ ᠬᠥᠮᠦᠨ ᠪᠣᠯᠤᠭᠰᠠᠨ ᠪᠣᠯ ᠲᠠ

 ᠬᠣᠷᠴᠢᠨ ᠨᠤᠲᠤᠭ ᠦ᠋ᠨ ᠶ᠋ᠢᠠᠨ  ᠰᠢᠯᠢᠳᠡᠭ ᠦᠷᠡᠰ ᠪᠠᠶ᠋ᠢᠬᠰᠠᠨ ᠶᠤᠮ ᠂
 ᠠᠭᠤᠤ ᠣᠷᠣᠨ ᠪ ᠪᠠᠨ ᠲᠥᠯᠥᠭᠡ
 ᠠᠯᠢᠪᠠ ᠪᠠᠨ ᠡᠷᠬᠦᠬᠦ ᠡᠴᠡ ᠪᠤᠴᠠᠬᠤ ᠦᠭᠡᠢ ᠬᠡᠵᠤ
 ᠠᠯᠲᠠ ᠪᠡᠶ᠎ᠡ ᠶ᠋ᠢᠨ ᠠᠮᠠ ᠪᠡᠷ ᠶ᠋ᠢᠡᠨ

 ᠠᠨᠲᠠᠭᠠᠶ᠋ᠢᠯᠠᠵᠤ ᠥᠴᠢᠬ᠋ᠰᠡᠨ ᠲᠠᠩᠭᠠᠷᠢᠬ ᠲᠠᠭᠠᠨ ᠬᠡᠵᠤ
 ᠥᠴᠦᠬᠡᠨ ᠨᠢᠭᠡ ᠰᠢᠪᠡᠵᠢ ᠶ᠋ᠢ  ᠬᠦᠷᠦᠭᠰᠡᠨ ᠪᠣᠯ ᠲᠠ
 ᠡᠷᠢᠨ ᠴᠠᠭ ᠦ᠋ᠨ ᠲᠠᠭᠤᠯᠠᠯ
 ᠢᠷᠡᠭᠡᠲᠦᠢ ᠮᠥᠩᠬᠡ ᠶ᠋ᠢᠨ ᠳᠤᠷᠠᠰᠬᠠᠯ ᠪᠠᠶ᠋ᠢᠬ᠋᠎ᠠ ᠶᠤᠮ ᠰᠠᠨ !

         ᠲᠠᠪᠤ 

 ᠮᠢᠨᠦ ᠮᠣᠩᠭᠣᠯ ᠠᠵᠢᠯᠲᠠᠨ ᠠᠨᠲᠠ ᠶ᠋ᠢᠨ ᠮᠢᠨᠢ
 ᠴᠢᠰᠤ ᠨᠢ ᠤᠰᠤ ᠪᠠᠶ᠋ᠢᠬᠰᠠᠨ ᠶᠤᠮ ᠪᠠᠶ᠋ᠢᠪᠠ 
 ᠴᠢᠮᠥᠭᠡ ᠨᠢ ᠰᠢᠭᠦᠰᠦ ᠪᠠᠶ᠋ᠢᠬᠰᠠᠨ ᠶᠤᠮ ᠪᠠᠶ᠋ᠢᠪᠠ
 ᠲᠠᠷᠢᠬᠢ ᠨᠢ ᠨᠢᠰᠦ ᠪᠠᠶ᠋ᠢᠬᠰᠠᠨ ᠶᠤᠮ ᠪᠠᠶ᠋ᠢᠪᠠ 
 ᠲᠣᠯᠣᠭᠠᠢ ᠨᠢ ᠲᠠᠷᠪᠤᠰ ᠪᠠᠶ᠋ᠢᠬᠰᠠᠨ ᠶᠤᠮ ᠪᠠᠶ᠋ᠢᠪᠠ ᠃

 ᠮᠢᠨᠦ ᠮᠣᠩᠭᠣᠯ ᠠᠵᠢᠯᠲᠠᠨ ᠬᠡᠭ᠌ᠴᠢ
 ᠥᠩᠭᠡ ᠶ᠋ᠢᠨ ᠡᠷᠪᠡᠬᠡᠢ ᠪᠠᠶ᠋ᠢᠬᠰᠠᠨ ᠶᠤᠮ ᠪᠠᠶ᠋ᠢᠪᠠ
 ᠥᠷᠥᠮ᠎ᠡ ᠶ᠋ᠢᠨ ᠬᠤᠯᠤᠭᠠᠶ᠋ᠢᠴᠢ ᠪᠠᠶ᠋ᠢᠬᠰᠠᠨ ᠶᠤᠮ ᠪᠠᠶ᠋ᠢᠪᠠ
 ᠲᠠᠪᠠᠯ ᠦ᠋ᠨ ᠡᠯᠬᠦᠬᠦᠷ ᠪᠠᠶ᠋ᠢᠬᠰᠠᠨ ᠶᠤᠮ ᠪᠠᠶ᠋ᠢᠪᠠ
 ᠳ᠋ᠸᠨᠭ᠌ ᠦ᠋ᠨ ᠲᠠᠯᠪᠢᠭᠤᠷ ᠪᠠᠶ᠋ᠢᠬᠰᠠᠨ ᠶᠤᠮ ᠪᠠᠶ᠋ᠢᠪᠠ ᠃

 ᠮᠢᠨᠦ ᠮᠣᠩᠭᠣᠯ ᠠᠵᠢᠯᠲᠠᠨ ᠠᠨᠲᠠ ᠬᠡᠭ᠌ᠴᠢ
 ᠬᠡᠷᠡᠮ ᠲᠡᠬᠡᠷᠡᠬᠢ ᠡᠪᠡᠰᠦ ᠪᠠᠶ᠋ᠢᠬᠰᠠᠨ ᠶᠤᠮ ᠪᠠᠶ᠋ᠢᠪᠠ
 ᠬᠥᠮᠦᠨ ᠪ ᠬᠠᠭᠤᠷᠮᠠᠭ ᠪᠠᠭ ᠪᠠᠶ᠋ᠢᠬᠰᠠᠨ ᠶᠤᠮ ᠪᠠᠶ᠋ᠢᠪᠠ
 ᠬᠤᠯᠤᠰᠤᠨ ᠲᠣᠲᠣᠷᠠᠬᠢ ᠵᠡᠬᠡᠰᠤ ᠪᠠᠶ᠋ᠢᠬᠰᠠᠨ ᠶᠤᠮ ᠪᠠᠶ᠋ᠢᠪᠠ
 ᠬᠤᠷ  ᠭᠠᠷᠤᠭᠰᠠᠨ ᠮᠣᠩᠭᠣᠯ ᠪᠠᠶ᠋ᠢᠬᠰᠠᠨ ᠶᠤᠮ ᠪᠠᠶ᠋ᠢᠪᠠ ᠃

         2011. 7. 20

   ᠦᠰᠦᠭ ᠠᠮᠢᠯᠠᠭᠤᠯᠤᠭᠴᠢ ᠄ ᠣᠶᠤᠨᠴᠢᠮᠡᠭ
      ᠬᠢᠨᠠᠭᠴᠢ ᠪᠠᠬᠰᠢ ᠄ ᠣᠣᠬᠠᠭᠰᠣ᠎ᠡ