ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –2 Монгол оньсгын түүвэр –Хоёрдугаар бүлэг–2 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –2 Монгол оньсгын түүвэр –Хоёрдугаар бүлэг–2

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –2 Монгол оньсгын түүвэр –Хоёрдугаар бүлэг–2

ᠠᠩᠭᠢᠯᠠᠯ:ᠣᠨᠢᠰᠤᠭ᠎ᠠ
2023-03-24

920

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠥᠷᠭᠥᠭᠡ ᠭᠡᠷ ᠲᠤ ᠬᠣᠯᠪᠣᠭᠲᠠᠬᠤ ᠵᠦᠢᠯ


ᠠᠷᠬ᠋᠎ᠠ ᠦᠭᠡᠢ ᠰᠢᠪᠠᠭᠤ
ᠠᠷᠪᠠᠨ ᠬᠣᠶᠠᠷ ᠲᠡᠮᠦᠷ ᠰᠣᠶᠣᠬ᠋᠎ᠠ ᠲᠠᠢ
         ( ᠮᠠᠶ᠋ᠢᠬᠠᠨ )

 ᠬᠠᠮᠠᠷ ᠦᠭᠡᠢ ᠠᠮᠠ
 ᠬᠠᠪᠢᠷᠬ᠋᠎ᠠ ᠦᠭᠡᠢ ᠨᠢᠷᠤᠭᠤ
 ᠬᠣᠭᠣᠰᠣᠨ ᠠᠷᠠᠰᠤ
 ᠬᠣᠶᠠᠷ ᠬᠠ
        ( ᠮᠠᠶ᠋ᠢᠬᠠᠨ )

 ᠬᠣᠭᠣᠰᠣᠨ ᠬᠥᠨᠲᠡᠢ ᠠᠷᠠᠰᠤ
 ᠬᠣᠷᠢᠨ ᠳᠥᠷᠪᠡᠨ ᠬᠥᠯ
       ( ᠮᠠᠶ᠋ᠢᠬᠠᠨ )

 ᠪᠦᠲᠦᠭᠦᠨ ᠬᠥᠮᠦᠨ
 ᠪᠦᠰᠡ ᠪᠡᠨ ᠪᠦᠰᠡᠯᠡᠵᠦ ᠴᠢᠲᠠᠬᠤ ᠦᠭᠡᠢ
         ( ᠮᠣᠩᠭᠣᠯ ᠭᠡᠷ )

 ᠣᠷᠣᠰ ᠬᠠᠲᠠᠭᠠᠰᠤᠨ ᠪ ᠣᠷᠣᠮ ᠦᠭᠡᠢ
 ᠣᠯᠣᠰᠣᠨ ᠳᠡᠭᠡᠰᠦᠨ ᠪ ᠰᠢᠷᠬᠡᠭ ᠦᠭᠡᠢ
 ᠴᠢᠯᠠᠭᠤ ᠰᠢᠷᠣᠢ ᠶ᠋ᠢᠨ ᠵᠠᠷᠤᠲᠠᠯ ᠦᠭᠡᠢ
 ᠴᠤᠯᠤ ᠡᠷᠲᠡᠨᠢ ᠶ᠋ᠢᠨ ᠮᠥᠩᠭᠥᠨ  ᠣᠷᠲᠣᠨ —
 ᠲᠠᠩᠰᠤᠭ ᠪᠠᠶᠠᠨ  ᠬᠠᠶ᠋ᠢᠷᠬᠠᠨ  ᠠ᠋ᠴᠠ ᠪᠠᠨ
 ᠰᠢᠯᠢᠵᠦ ᠰᠣᠩᠭᠣᠭᠰᠠᠨ ᠬᠠᠷᠭᠠᠢ
 ᠲᠠᠪᠤᠨ ᠬᠣᠰᠢᠭᠤ ᠮᠠᠯ ᠦ᠋ᠨ ᠶ᠋ᠢᠠᠨ
 ᠰᠢᠮ᠎ᠡ ᠪᠡᠷ ᠪᠦᠷᠢᠯᠲᠦᠭᠦᠯᠦᠭᠰᠡᠨ ᠬᠠᠷᠰᠢ —
 ᠤᠯᠠᠷᠢᠯ ᠦ᠋ᠨ ᠰᠠᠶ᠋ᠢᠬᠠᠨ ᠊ᠢ ᠦᠵᠡᠵᠦ
 ᠨᠤᠲᠤᠭ ᠶ᠋ᠢᠠᠨ ᠰᠣᠩᠭᠣᠨ  ᠨᠡᠭᠦᠳᠡᠯᠯᠡᠳᠡᠭ
 ᠤᠲᠤᠮ ᠦ᠋ᠨ ᠰᠠᠢᠨ ᠶ᠋ᠢᠠᠨ ᠭᠠᠶ᠋ᠢᠬᠠᠭᠤᠯᠵᠤ
 ᠨᠣᠮᠢᠨ ᠲᠠᠯ᠎ᠠ  ᠳ᠋ᠠᠭᠠᠨ ᠰᠦᠨᠲᠡᠷᠯᠡᠨ᠎ᠡ
      ( ᠮᠣᠩᠭᠣᠯ ᠭᠡᠷ )

 ᠣᠭᠣᠯᠢ ᠪᠠᠷ  ᠬᠢᠭᠰᠡᠨ ᠤᠮᠪᠤᠬᠠᠢ
 ᠣᠶᠣᠵᠤ  ᠬᠢᠭᠰᠡᠨ ᠱᠤᠮᠪᠤᠬᠠᠢ
        ( ᠮᠣᠩᠭᠣᠯ ᠭᠡᠷ )

 ᠶᠡᠬᠡ ᠬᠣᠪᠢᠩ
 ᠢᠰᠡᠭᠡᠢ ᠶ᠋ᠢᠨ ᠲᠠᠭᠯᠠᠬ᠋᠎ᠠ ᠲᠠᠢ
        ( ᠮᠣᠩᠭᠣᠯ ᠭᠡᠷ )

 ᠨᠢᠷᠤᠭᠤ   ᠴᠤᠭᠤᠷᠤᠬᠠᠢ
 ᠳᠣᠲᠣᠷ᠎ᠠ ᠦᠲᠡᠩᠬᠡᠢ
 ᠰᠡᠭᠦᠯ  ᠰᠢᠷᠪᠠᠩᠬᠠᠢ
       ( ᠮᠣᠩᠭᠣᠯ ᠭᠡᠷ )

 ᠬᠥᠮᠥᠷᠭᠡ ᠰᠠᠩ
 ᠬᠥᠮᠦᠨ ᠶ᠋ᠢᠡᠷ ᠪᠥᠭᠡᠯᠵᠢᠨ᠎ᠡ
      ( ᠮᠣᠩᠭᠣᠯ ᠭᠡᠷ )

 ᠬᠠᠰᠢᠶ᠎ᠠ ᠨᠢ ᠳᠣᠲᠣᠷ᠎ᠠ ᠪᠠᠨ
 ᠬᠠᠨ᠎ᠠ ᠨᠢ ᠭᠠᠲᠠᠨ᠎ᠠ ᠪᠠᠨ
       ( ᠮᠣᠩᠭᠣᠯ ᠭᠡᠷ )

 ᠬᠠᠷ᠎ᠠ ᠦᠬᠡᠷ
 ᠭᠡᠷ ᠲᠣᠭᠣᠷᠢᠵᠤ ᠰᠢᠷᠪᠠᠭᠠᠨᠠᠨ᠎ᠠ
        ( ᠭᠡᠷ ᠦ᠋ᠨ ᠰᠡᠭᠦᠲᠡᠷ )

 ᠥᠨᠲᠥᠷ ᠴᠠᠭᠠᠨ ᠮᠣᠷᠢ
 ᠶᠠᠰᠤᠨ ᠴᠠᠭᠠᠨ ᠲᠣᠬᠣᠮ ᠲᠠᠢ
        ( ᠮᠣᠩᠭᠣᠯ ᠭᠡᠷ )

 ᠢᠰᠡᠭᠡᠢ ᠤᠭᠤᠲᠠ
 ᠠᠷᠴᠢᠨ ᠲᠠᠲᠠᠬ᠋᠎ᠠ
       ( ᠮᠣᠩᠭᠣᠯ ᠭᠡᠷ )

 ᠲᠡᠮᠡᠭᠡᠨ ᠳᠡᠭᠡᠷ᠎ᠡ  ᠳᠡᠭᠵᠢ ( ᠳᠥᠷᠪᠡᠯᠵᠢ )
 ᠲᠡᠷᠡ ᠭᠠᠵᠠᠷ ᠶᠠᠭᠵᠢ ( ᠶᠠᠭᠵᠢᠭᠠᠷ )
 ᠪᠠᠷᠠᠭᠠᠨ ᠳᠡᠭᠡᠷ᠎ᠡ ᠪᠠᠭᠵᠢ ( ᠪᠠᠭᠵᠢᠭᠠᠷ )
 ᠪᠠᠷᠠᠭᠰᠠᠨ ᠬᠣᠶ᠋ᠢᠨ᠎ᠠ ᠪᠠᠨ ᠳᠤᠭᠤᠢ
         ( ᠮᠣᠩᠭᠣᠯ ᠭᠡᠷ )

 ᠰᠤᠭ ᠲᠡᠮᠡᠭᠡ ᠰᠣᠭᠰᠣᠯᠵᠠᠨ᠎ᠠ
 ᠰᠤᠬᠠᠢ ᠮᠣᠲᠣ ᠨᠠᠶ᠋ᠢᠭᠤᠯᠵᠠᠨ᠎ᠠ
        ( ᠮᠣᠩᠭᠣᠯ ᠭᠡᠷ ᠪᠣᠰᠬᠠᠬᠤ )

 ᠬᠦᠷᠡᠩ ᠦᠬᠡᠷ
 ᠬᠦᠷᠵᠡ ᠶ᠋ᠢᠨ ᠰᠡᠭᠦᠯ ᠲᠡᠢ
        ( ᠮᠣᠩᠭᠣᠯ ᠭᠡᠷ )

 ᠠᠭᠤᠯᠠᠨ ᠴᠢᠨᠡᠭᠡ ᠵᠢᠷᠦᠬᠡ
 ᠵᠦᠭ ᠪᠦᠷᠢ ᠳ᠋ᠡᠭᠡᠨ ᠵᠠᠮ ᠲᠠᠢ
       ( ᠡᠷᠦᠬᠡ ᠶ᠋ᠢᠨ ᠣᠭᠣᠰᠣᠷ )

 ᠡᠪᠬᠡᠪᠡᠯ ᠵᠠᠩᠴᠢ  ᠰᠢᠭ᠋
 ᠨᠡᠭᠡᠭᠡᠪᠡᠯ ᠰᠡᠮᠡᠵᠡ ᠰᠢᠭ᠌
       ( ᠮᠣᠩᠭᠣᠯ ᠭᠡᠷ ᠦ᠋ᠨ ᠬᠠᠨ᠎ᠠ )

 ᠤᠷᠲᠤ ᠬᠥᠮᠦᠨ ᠤᠯᠠᠨ ᠳ᠋ᠠᠭᠠᠨ ᠦᠰᠦᠲᠡᠢ
       ( ᠮᠣᠩᠭᠣᠯ ᠭᠡᠷ ᠦ᠋ᠨ ᠣᠨᠢ )

 ᠭᠡᠷ ᠳᠦᠭᠦᠷᠡᠩ 
 ᠭᠡᠲᠡᠭᠡᠷ ᠪᠤᠷᠬᠠᠨ
       ( ᠬᠠᠨ᠎ᠠ ᠶ᠋ᠢᠨ ᠲᠣᠯᠣᠭᠠᠢ )

 ᠪᠢ ᠡᠭᠦᠪᠡᠷ ᠶᠠᠪᠤᠶ᠎ᠠ
 ᠴᠢ ᠲᠡᠭᠦᠪᠡᠷ ᠶᠠᠪᠤ
 ᠪᠢᠯᠡᠭᠦᠲᠦ ᠶ᠋ᠢᠨ ᠭᠣᠣᠯ ᠳᠡᠭᠡᠷ᠎ᠡ ᠠᠭᠤᠯᠵᠠᠶ᠎ᠠ
       ( ᠭᠡᠷ ᠦ᠋ᠨ ᠪᠦᠰᠡᠯᠡᠭᠦᠷ )

 ᠬᠠᠪᠬᠠᠭᠠᠰᠤ ᠪᠠᠨ ᠠᠪᠬᠤ  ᠳ᠋ᠦ᠍
 ᠬᠠᠭ ᠨᠢ ᠦᠯᠡᠲᠡᠵᠡᠢ
      ( ᠭᠡᠷ ᠦ᠋ᠨ ᠪᠠᠭᠤᠷᠢ )

 ᠪᠦᠷᠭᠦᠳ ᠪᠥᠭᠰᠡ ᠪᠡᠨ ᠬᠠᠶᠠᠨ᠎ᠠ
       ( ᠭᠡᠷ ᠦ᠋ᠨ ᠪᠠᠭᠤᠷᠢ )

 ᠭᠠᠵᠠᠷ ᠲᠤ ᠭᠠᠷᠬ᠋᠎ᠠ
       ( ᠭᠡᠷ ᠦ᠋ᠨ ᠪᠠᠭᠤᠷᠢ )

 ᠡᠲᠦᠷ ᠲᠡᠭᠡᠨ ᠭᠤᠷᠪᠠᠯᠵᠢᠨ
 ᠰᠥᠨᠢ ᠳ᠋ᠡᠭᠡᠨ ᠳᠥᠷᠪᠡᠯᠵᠢᠨ
       ( ᠭᠡᠷ ᠦ᠋ᠨ ᠡᠷᠦᠬᠡ )

 ᠵᠢᠰᠦᠲᠡᠢ  ᠲᠥᠷᠥᠭᠰᠡᠨ ᠬᠡᠦᠬᠡᠨ ᠪ
 ᠵᠥᠷᠢᠭᠦᠯᠵᠦ ᠲᠠᠯᠪᠢᠬᠰᠠᠨ ᠠᠯᠴᠢᠭᠤᠷ
 ᠵᠦᠭ  ᠪᠣᠯᠭᠠᠨ ᠳ᠋ᠠᠭᠠᠨ ᠪᠦᠴᠡ ᠲᠡᠢ ᠴᠤ᠌
 ᠵᠥᠷᠢᠭᠦᠯᠵᠦ ᠵᠠᠷᠤᠲᠠᠭ ᠶᠣᠰᠣ ᠦᠭᠡᠢ
 ᠡᠮᠦᠨᠡᠬᠢ ᠨᠢᠭᠡ ᠨᠢ ᠰᠤᠯᠠ ᠴᠤ᠌
 ᠥᠷᠯᠥᠭᠡ ᠦᠲᠡᠰᠢ ᠶ᠋ᠢᠨ ᠡᠭᠦᠷᠭᠡ ᠲᠡᠢ
 ᠥᠷᠥᠭᠡᠯ ᠭᠤᠷᠪᠠ ᠨᠢ  ᠤᠶᠠᠬ᠋᠎ᠠ ᠲᠠᠢ ᠴᠤ᠌ 
 ᠡᠲᠦᠷ ᠰᠥᠨᠢ ᠶ᠋ᠢᠨ ᠲᠤᠰᠢᠶᠠᠯ ᠲᠠᠢ
        ( ᠭᠡᠷ ᠦ᠋ᠨ ᠡᠷᠦᠬᠡ )

 ᠳᠥᠨᠵᠢᠨ ᠲᠡᠮᠡᠭᠡ
 ᠳᠥᠷᠪᠡᠨ ᠪᠤᠷᠠᠨᠲᠠᠭ ᠲᠠᠢ
         ( ᠭᠡᠷ ᠦ᠋ᠨ ᠡᠷᠦᠬᠡ )

 ᠥᠷᠯᠥᠭᠡ ᠶᠠᠪᠤᠭᠠᠳ ᠣᠷᠣᠢ  ᠢᠷᠡᠳᠡᠭ
        ( ᠭᠡᠷ ᠦ᠋ᠨ ᠡᠷᠦᠬᠡ )

 ᠥᠷᠯᠥᠭᠡ ᠪᠤᠴᠠᠲᠠᠭ  ᠯᠡᠪᠯᠡᠭᠡᠷ
 ᠣᠷᠣᠢ  ᠢᠷᠡᠳᠡᠭ  ᠯᠡᠪᠯᠡᠭᠡᠷ
        ( ᠭᠡᠷ ᠦ᠋ᠨ ᠡᠷᠦᠬᠡ )

 ᠠᠮᠠ ᠦᠭᠡᠢ ᠪᠠᠶ᠋ᠢᠭᠠᠳ ᠲᠥᠷᠥ ᠲᠡᠢ
 ᠠᠯᠬᠤᠬᠤ ᠦᠭᠡᠢ ᠪᠠᠶ᠋ᠢᠭᠠᠳ ᠬᠥᠯ ᠲᠡᠢ
       ( ᠭᠡᠷ ᠦ᠋ᠨ ᠡᠷᠦᠬᠡ )

 ᠥᠷᠯᠥᠭᠡ ᠶ᠋ᠢᠨ ᠬᠣᠨᠢ ᠬᠣᠶ᠋ᠢᠰᠢ ᠪᠠᠨ ᠪᠡᠯᠴᠢᠨ᠎ᠡ
 ᠦᠲᠡᠰᠢ ᠶ᠋ᠢᠨ ᠬᠣᠨᠢ ᠤᠷᠤᠭᠰᠢ ᠪᠠᠨ ᠪᠡᠯᠴᠢᠨ᠎ᠡ
        ( ᠭᠡᠷ ᠦ᠋ᠨ ᠡᠷᠦᠬᠡ)
 
 ᠶᠡᠬᠡ ᠴᠠᠭᠠᠨ ᠭᠡᠭᠦᠦ
 ᠶᠡᠷᠢ ᠶᠢᠰᠦᠨ ᠲᠠᠮᠠᠬ᠋᠎ᠠ ᠲᠠᠢ
        ( ᠡᠷᠦᠬᠡᠨ ᠣᠭᠣᠰᠣᠷ)
 
 ᠭᠡᠷ ᠦ᠋ᠨ ᠠᠷᠤ ᠳᠡᠭᠡᠷ᠎ᠡ ᠭᠡᠲᠡᠩ ᠭᠣᠲᠣᠩ
 ᠭᠡᠲᠡᠬᠡᠷ ᠮᠣᠲᠣ ᠪᠠᠷ ᠭᠡᠳ ᠭᠣᠣᠨ
         ( ᠡᠷᠦᠬᠡᠨ ᠣᠭᠣᠰᠣᠷ)

 ᠨᠢᠭᠡ ᠨᠣᠶᠠᠨ ᠳᠦᠷᠪᠡᠨ  ᠲᠦᠰᠢᠮᠡᠯ ᠲᠡᠢ
        ( ᠡᠷᠦᠬᠡᠨ ᠣᠭᠣᠰᠣᠷ)

 ᠥᠷᠯᠥᠭᠡ ᠶ᠋ᠢᠨ ᠭᠠᠯᠠᠭᠤ
 ᠥᠭᠡᠲᠡ ᠪᠡᠨ ᠴᠤᠪᠤᠨ᠎ᠠ
 ᠣᠷᠣᠢ ᠶ᠋ᠢᠨ ᠭᠠᠯᠠᠭᠤ 
 ᠤᠷᠤᠭᠤ ᠪᠠᠨ ᠴᠤᠪᠤᠨ᠎ᠠ
        ( ᠡᠷᠦᠬᠡᠨ ᠣᠭᠣᠰᠣᠷ)
 
 ᠠᠮᠢᠲᠤ ᠪᠢᠰᠢ ᠪᠠᠶ᠋ᠢᠭᠠᠳ ᠭᠣᠣᠯ ᠲᠠᠢ
 ᠠᠲᠤᠭᠤ ᠪᠢᠰᠢ ᠪᠠᠶ᠋ᠢᠭᠠᠳ ᠳᠠᠬ᠋᠎ᠠ ᠲᠠᠢ
 ᠮᠠᠯ ᠪᠢᠰᠢ ᠪᠠᠶ᠋ᠢᠭᠠᠳ ᠱᠠᠬ᠋᠎ᠠ ᠲᠠᠢ
 ᠮᠠᠨ ᠪ  ᠳ᠋ᠦ᠍ ᠴᠤ᠌  ᠪᠠᠶ᠋ᠢᠨ᠎ᠠ ᠂  ᠲᠠᠨ ᠪ ᠳ᠋ᠦ᠍ ᠴᠤ᠌ ᠪᠠᠶ᠋ᠢᠨ᠎ᠠ
         ( ᠲᠣᠭᠣᠨᠣ)
 
 ᠮᠥᠩᠭᠥᠨ ᠰᠠᠷᠠᠨ ᠪ ᠬᠡᠯᠪᠡᠷᠢ ᠲᠡᠢ
 ᠮᠦᠭᠡᠷᠦᠨ ᠳᠦᠷᠪᠡᠨ ᠬᠠᠮᠠᠷ ᠲᠠᠢ
 ᠮᠤᠰᠬᠢᠶ᠎ᠠ ᠰᠦᠯᠵᠢᠶ᠎ᠡ ᠭᠡ ᠲᠡᠢ
 ᠮᠤᠨᠠ  ᠶ᠋ᠢᠨ ᠨᠠᠷᠠᠰᠤᠨ  ᠵᠢᠭᠦᠷ ᠲᠡᠢ
 ᠤᠷᠠᠨ ᠳᠠᠷᠬᠠᠨ ᠪ  ᠰᠡᠢᠯᠦᠭᠰᠡᠨ ᠤᠭᠠᠯᠵᠠ 
 ᠤᠲᠤᠮᠲᠤ ᠮᠣᠩᠭᠣᠯ ᠦ᠋ᠨ ᠰᠢᠲᠢᠲᠦ ᠭᠡᠭᠡᠪᠴᠢ
         ( ᠲᠣᠭᠣᠨᠣ)

 ᠵᠣᠭᠣᠰ ᠰᠢᠭ᠋ ᠬᠡᠯᠪᠡᠷᠢ ᠲᠡᠢ
 ᠵᠠᠭᠤ ᠨᠠᠢ᠍ᠮᠠᠨ ᠡᠯᠴᠢ ᠲᠠᠢ
         ( ᠲᠣᠭᠣᠨᠣ)

 ᠠᠴᠠ ᠮᠣᠲᠣᠨ ᠳᠡᠭᠡᠷ᠎ᠡ
 ᠪᠠᠴᠠ ᠮᠣᠲᠣ
 ᠪᠠᠴᠠ ᠮᠣᠲᠣᠨ ᠳᠡᠭᠡᠷ᠎ᠡ
 ᠪᠠᠤᠠᠮ᠎ᠠ ᠲᠠᠮᠠᠬ᠋᠎ᠠ
       ( ᠲᠣᠭᠣᠨᠣ)

 ᠵᠣᠭᠰᠣᠭᠠᠯ ᠬᠠᠲᠤᠨ
 ᠵᠠᠭᠤ ᠨᠠᠢ᠍ᠮᠠᠨ ᠢᠨᠵᠢ ᠲᠡᠢ
        ( ᠲᠣᠭᠣᠨᠣ)

 ᠵᠢᠷᠠᠨ ᠤᠯᠠᠭᠠᠨ ᠢᠮᠠᠬ᠋᠎ᠠ
 ᠵᠢᠷᠠᠨᠲᠠᠢ ᠶ᠋ᠢᠨ ᠳᠠᠪᠠᠬ᠋᠎ᠠ ᠪᠠᠷ ᠳᠠᠪᠠᠨ᠎ᠠ
       ( ᠲᠣᠭᠣᠨᠣ  ᠪᠠᠷ ᠣᠴᠢ ᠪᠤᠲᠠᠷᠠᠬᠤ)

 ᠲᠠᠶ᠋ᠢᠯᠤᠭ ᠲᠡᠮᠡᠭᠡ
 ᠲᠠᠪᠤᠨ ᠪᠤᠷᠠᠨᠲᠠᠭ
         ( ᠲᠣᠭᠣᠨᠣ)

 ᠨᠠᠩ ᠮᠣᠲᠣᠨ ᠳᠡᠭᠡᠷ᠎ᠡ
 ᠰᠠᠩ ᠮᠣᠲᠣ
 ᠰᠠᠩ ᠮᠣᠲᠣᠨ ᠳᠡᠭᠡᠷ᠎ᠡ
 ᠰᠠᠶ᠋ᠢᠬᠠᠨ ᠰᠢᠪᠠᠭᠤ
     (  ᠬᠠᠨ᠎ᠠ  ᠣᠨᠢ ᠲᠣᠭᠣᠨᠣ)


 ᠠᠴᠠ ᠮᠣᠲᠣᠨ ᠳᠡᠭᠡᠷ᠎ᠡ
 ᠨᠠᠴᠠ ᠮᠣᠲᠣ
 ᠨᠠᠴᠠ ᠮᠣᠲᠣ ᠳᠡᠭᠡᠷ᠎ᠡ
 ᠨᠠᠷᠠ ᠰᠠᠷᠠ
       (  ᠬᠠᠨ᠎ᠠ  ᠤᠨᠢ  ᠲᠣᠭᠣᠨᠣ)

 ᠨᠠᠭᠤᠷ ᠲᠣᠭᠣᠷᠢᠭᠠᠳ
 ᠨᠤᠭᠤᠰᠤ ᠰᠠᠭᠤᠬ᠋᠎ᠠ
       ( ᠲᠣᠭᠣᠨᠣ  ᠶ᠋ᠢᠨ ᠬᠤᠷᠤᠭᠤ)

 ᠵᠠᠷᠲᠠᠭᠠᠢ ᠰᠢᠮᠨᠤ ᠶ᠋ᠢ
 ᠵᠢᠷᠠᠨ ᠵᠢᠲᠠ ᠪᠠᠷ ᠵᠢᠲᠠᠯᠠᠨ᠎ᠠ
        ( ᠲᠣᠭᠣᠨᠣ)

 ᠨᠣᠮᠣᠬᠠᠨ ᠬᠠᠷ᠎ᠠ ᠮᠣᠷᠢ
 ᠨᠠᠶᠠᠨ ᠲᠠᠪᠤᠨ ᠰᠢᠲᠤ ᠲᠠᠢ
        ( ᠲᠣᠭᠣᠨᠣ)

 ᠳᠠᠯᠠᠨ ᠤᠷᠬ᠋᠎ᠠ ᠴᠢᠷᠦᠭᠰᠡᠨ
 ᠳᠠᠯᠠᠢ ᠪᠠᠶᠠᠨ ᠠᠵᠢᠷᠬ᠋᠎ᠠ
         ( ᠲᠣᠭᠣᠨᠣ)

 ᠵᠣᠪᠠᠵᠤ  ᠵᠦᠳᠡᠷᠡᠳᠡᠭ ᠦᠭᠡᠢ
 ᠵᠣᠭᠰᠣᠭᠠᠯ ᠬᠠᠲᠤᠨ
         ( ᠲᠣᠭᠣᠨᠣ)

 ᠣᠯᠠᠨ ᠲᠡᠮᠡᠭᠡ ᠳᠣᠲᠣᠷ᠎ᠠ
 ᠣᠩᠭᠣᠷᠬᠠᠢ ᠬᠠᠷ᠎ᠠ ᠪᠤᠤᠷ᠎ᠠ
           ( ᠲᠣᠭᠣᠨᠣ)

 ᠰᠠᠷᠠ ᠰᠢᠭ᠋ ᠳᠤᠭᠤᠢ
 ᠰᠠᠮ  ᠰᠢᠭ᠋ ᠰᠠᠲᠠᠷᠬᠠᠢ
           ( ᠲᠣᠭᠣᠨᠣ)

 ᠵᠠᠭᠤᠨ ᠬᠠᠶ᠋ᠢᠨᠤᠭ
 ᠨᠢᠭᠡ ᠲᠥᠷᠥ ᠲᠡᠢ
          (  ᠣᠨᠢ)

 ᠵᠠᠭᠤᠨ ᠬᠥᠮᠦᠨ
 ᠨᠢᠭᠡ ᠳᠡᠷ᠎ᠡ ᠲᠡᠢ
       (  ᠤᠨᠢ)

 ᠤᠷᠲᠤ ᠬᠦᠮᠦᠨ
 ᠤᠯᠠ ᠳ᠋ᠠᠭᠠᠨ ᠦᠰᠦ ᠲᠡᠢ
       (  ᠤᠨᠢ)

 ᠤᠷᠲᠤ ᠬᠦᠮᠦᠨ
 ᠤᠲᠠᠰᠤᠨ ᠳᠥᠷᠥᠭᠡ ᠲᠡᠢ
       (  ᠤᠨᠢ)

 ᠵᠠᠭᠤᠨ ᠬᠠᠷ᠎ᠠ ᠢᠮᠠᠭᠠᠨ  ᠳ᠋ᠦ᠍
 ᠵᠠᠭᠤᠲᠠᠭ ᠬᠠᠷ᠎ᠠ ᠳᠡᠬᠡ ᠲᠡᠢ
       (  ᠤᠨᠢ)

  ᠭᠡᠷ ᠶ᠋ᠢᠡᠷ ᠳᠦᠭᠦᠷᠡᠩ
  ᠤᠷᠲᠤ ᠬᠠᠷ᠎ᠠ ᠵᠢᠲᠠ
       (  ᠤᠨᠢ)

 ᠤᠷᠲᠤ ᠬᠡᠦᠬᠡᠨ
 ᠤᠷᠤᠭᠤᠯ ᠶ᠋ᠢᠠᠷ ᠶ᠋ᠢᠠᠨ ᠨᠦᠬᠡ ᠲᠡᠢ
 ᠪᠣᠭᠣᠨᠢ ᠬᠡᠦᠬᠡᠨ
 ᠪᠣᠷᠪᠢ ᠪᠠᠷ ᠶ᠋ᠢᠠᠨ ᠨᠦᠬᠡ ᠲᠡᠢ
      (  ᠤᠨᠢ  ᠲᠣᠭᠣᠨᠣ)
 
 ᠲᠠᠭ ᠳᠡᠭᠡᠷ᠎ᠡ
 ᠲᠠᠪᠤᠨ ᠭᠠᠯᠠᠭᠤ
      ( ᠲᠣᠲᠣᠭᠣ  ᠶ᠋ᠢᠨ ᠲᠠᠪᠤᠨ ᠤᠨᠢ)

 ᠲᠠᠭ ᠳᠡᠭᠡᠷ᠎ᠡ
 ᠲᠠᠪᠤᠨ  ᠰᠤᠪᠠᠢ ᠭᠡᠭᠦᠦ
        ( ᠲᠣᠲᠣᠭᠣ  ᠶ᠋ᠢᠨ ᠲᠠᠪᠤᠨ ᠤᠨᠢ)

 ᠲᠡᠮᠡᠭᠡᠨ ᠰᠢᠷᠢ ᠎ᠪᠠᠷ ᠲᠡᠩᠴᠡᠭᠦᠯᠵᠦ ᠬᠣᠯᠪᠣᠭᠰᠠᠨ
 ᠲᠡᠯᠡᠵᠦ ᠠᠪᠴᠢᠬᠤ ᠰᠦᠯᠵᠢᠶ᠎ᠡ ᠪᠤᠷᠭᠠᠰᠤ
 ᠠᠭᠠᠷᠤ ᠽᠠᠨᠳᠠᠨ ‍ᠢ ᠬᠠᠪᠴᠢᠭᠠᠳ ᠠᠪᠳᠠᠭ
 ᠠᠴᠠ ᠮᠣᠳᠣ ᠨᠢ ᠳᠠᠷᠢ ᠲᠡᠭᠰᠢ
 ᠠᠷᠭᠤᠮᠠᠭ ᠬᠢᠯᠭᠠᠰᠤᠨ ᠬᠦᠵᠦᠭᠦᠪᠴᠢ ᠵᠡᠭᠦᠳᠡᠭ
 ᠠᠮᠠᠨ ᠬᠦᠵᠦᠭᠦᠦ ᠨᠢ ᠰᠦᠯᠵᠢᠶ᠎ᠡ ᠰᠠᠯᠠᠭ᠎ᠠ
       (  ᠬᠠᠨ᠎ᠠ)

 ᠢᠰᠢᠭᠡᠨ ᠡᠪᠡᠷ
 ᠡᠰᠢ ᠎ᠪᠠᠨ ᠲᠠᠰᠢ ᠎ᠪᠠᠨ
 ᠬᠣᠨᠢᠨ ᠡᠪᠡᠷ
 ᠬᠣᠶ᠋ᠢᠰᠢ ᠎ᠪᠠᠨ ᠤᠷᠤᠭᠰᠢ ᠎ᠪᠠᠨ
      (  ᠬᠠᠨ᠎ᠠ)

 ᠮᠣᠩᠬᠣᠲᠠᠢ ᠮᠣᠳᠣ ᠡᠮᠬᠦᠵᠡᠢ
 ᠱᠣᠩᠭᠣᠲᠠᠢ ᠰᠢᠷᠣᠢ ᠡᠮᠬᠦᠵᠡᠢ
      ( ᠬᠠᠨ᠎ᠠ )

 ᠵᠢᠷᠠᠨ ᠵᠢᠷᠠᠭᠠᠬᠠᠢ ‍ᠶ᠋ᠢᠨ ᠠᠮᠠ ᠨᠢᠭᠡ
 ᠵᠠᠭ ᠬᠠᠷᠭᠠᠨ᠎ᠠ ‍ᠶ᠋ᠢᠨ ᠦᠶ᠎ᠡ ᠨᠢᠭᠡ
      ( ᠬᠠᠨ᠎ᠠ )

 ᠰᠡᠮᠡᠵᠡ ᠰᠢᠭ᠌ ᠳᠡᠯᠭᠡᠵᠦ
 ᠰᠡᠭᠡᠷ ᠰᠢᠭ᠌ ᠨᠤᠭᠤᠯᠤᠨ᠎ᠠ
      (  ᠬᠠᠨ᠎ᠠ)

 ᠭᠡᠷ ‍ᠢᠶ᠋ᠠᠷ ᠳᠦᠭᠦᠷᠡᠩ
 ᠭᠡᠰᠡᠷ ‍ᠤᠨ ᠣᠯᠪᠣᠭ
      (  ᠬᠠᠨ᠎ᠠ ‍ᠶ᠋ᠢᠨ ᠨᠢᠳᠦ)

 ᠭᠡᠷ ᠪᠣᠯᠭᠠᠨ ᠭᠡᠯᠦᠩ ᠎ᠲᠠᠢ
 ᠭᠡᠯᠦᠩ ᠪᠣᠯᠭᠠᠨ ᠣᠯᠪᠣᠭ ᠎ᠲᠠᠢ
      (  ᠬᠠᠨ᠎ᠠ ‍ᠶ᠋ᠢᠨ ᠨᠢᠳᠦ)

 ᠭᠡᠷ ‍ᠢᠶ᠋ᠠᠷ ᠳᠦᠭᠦᠷᠡᠩ
 ᠠᠮᠠ ᠴᠠᠭᠠᠨ ᠳᠠᠪᠤᠤ
      ( ᠬᠠᠨ᠎ᠠ ‍ᠶ᠋ᠢᠨ ᠨᠢᠳᠦ )

 ᠲᠠᠶ᠋ᠢᠵᠢ ‍ᠶ᠋ᠢᠨ ᠲᠡᠮᠡᠭᠡ
 ᠲᠠᠯ᠎ᠠ ᠤᠷᠤᠭᠤ ᠪᠡᠯᠴᠢᠨ᠎ᠡ
 ᠲᠠᠪᠤᠨᠠᠩ ‍ᠤᠨ ᠬᠡᠦᠬᠡᠳ 
 ᠨᠢᠭᠡ ᠨᠢᠭᠡᠨ ‍ᠢᠶ᠋ᠠᠨ ᠵᠠᠶ᠋ᠢᠳᠠᠯᠠᠨ᠎ᠠ
       (  ᠤᠨᠢ ‍ᠶ᠋ᠢ ᠬᠠᠨ᠎ᠠ ‍ ᠳ᠋ᠦ᠍ ᠲᠠᠭᠠᠷᠠᠭᠤᠯᠬᠤ)

 ᠵᠢᠷᠠᠨ ᠪᠢᠯᠵᠤᠤᠬᠠᠢ
 ᠭᠠᠵᠠᠷ ᠤᠬᠤᠨ᠎ᠠ
       (  ᠬᠠᠨ᠎ᠠ ‍ᠶ᠋ᠢᠨ ᠰᠢᠭᠢᠷ᠎ᠡ)

 ᠵᠢᠷᠠᠨ ᠵᠡᠭᠡᠷ᠎ᠡ
 ᠭᠠᠵᠠᠷ ᠴᠠᠪᠴᠢᠨ᠎ᠠ
      ( ᠬᠠᠨ᠎ᠠ ‍ᠶ᠋ᠢᠨ ᠰᠢᠭᠢᠷ᠎ᠡ )

 ᠮᠠᠨ ‍ᠤ ᠬᠡᠦᠬᠡᠳ
 ᠮᠢᠬᠠᠨ ‍ ᠳ᠋ᠦ᠍ ᠳᠤᠷᠠᠲᠠᠢ
 ᠮᠠᠩᠭᠤᠰ ‍ᠤᠨ ᠬᠡᠦᠬᠡᠳ
 ᠰᠢᠷᠣᠢ ‍ ᠳ᠋ᠦ᠍ ᠳᠤᠷᠠᠲᠠᠢ
      ( ᠬᠠᠨ᠎ᠠ ‍ᠶ᠋ᠢᠨ ᠰᠢᠭᠢᠷ᠎ᠡ )

 ᠠᠪᠤ ᠴᠢᠨᠢ ᠴᠢᠨᠦ ᠠᠷᠤ ᠠ᠋ᠴᠠ
 ᠨᠤᠳᠤᠷᠮ᠎ᠠ ( ᠨᠢᠳᠤᠷᠭ᠎ᠠ ) ᠎ᠪᠠᠨ ᠵᠠᠩᠭᠢᠳᠴᠤ ᠪᠠᠶ᠋ᠢᠨ᠎ᠠ
      (  ᠬᠠᠨ᠎ᠠ ‍ᠶ᠋ᠢᠨ ᠦᠳᠡᠭᠡᠷᠢ)

 ᠭᠡᠷ ᠲᠦ ᠨᠢᠭᠡ ᠨᠢᠳᠤᠷᠭ᠎ᠠ
 ᠭᠠᠳᠠᠭ᠎ᠠ ᠨᠢᠭᠡ ᠨᠢᠳᠤᠷᠭ᠎ᠠ
      ( ᠬᠠᠨ᠎ᠠ ‍ᠶ᠋ᠢᠨ ᠦᠳᠡᠭᠡᠷᠢ )

 ᠭᠡᠷ ᠳᠦᠭᠦᠷᠡᠩ ᠠᠭᠠᠯᠵᠢ
      (  ᠬᠠᠨ᠎ᠠ ‍ᠶ᠋ᠢᠨ ᠦᠳᠡᠭᠡᠷᠢ)

 ᠭᠠᠳᠠᠭ᠎ᠠ ᠴᠤ᠌ ᠨᠢᠭᠡ ᠮᠥᠴᠢ
 ᠭᠡᠷ ᠲᠤ ᠴᠤ᠌ ᠨᠢᠭᠡ ᠮᠥᠴᠢ
      (  ᠬᠠᠨ᠎ᠠ ‍ᠶ᠋ᠢᠨ ᠦᠳᠡᠭᠡᠷᠢ)

 ᠭᠡᠷ ‍ᠢᠶ᠋ᠠᠷ ᠳᠦᠭᠦᠷᠡᠩ ᠱᠠᠯᠵᠠ
      ( ᠬᠠᠨ᠎ᠠ ‍ᠶ᠋ᠢᠨ ᠦᠳᠡᠭᠡᠷᠢ )

 ᠣᠷᠳᠣᠨ ‍ᠤ ᠳᠣᠲᠣᠭᠤᠷ
 ᠣᠯᠪᠣᠭ ‍ᠤᠨ ᠳᠡᠭᠡᠭᠦᠷ
 ᠣᠪᠣ ᠳᠣᠪᠣ ᠱᠠᠯᠵᠠ
      ( ᠬᠠᠨ᠎ᠠ ‍ᠶ᠋ᠢᠨ ᠦᠳᠡᠭᠡᠷᠢ )

 ᠭᠡᠷ ᠲᠤ ᠨᠢᠭᠡ ᠱᠠᠯᠵᠠ
 ᠭᠠᠳᠠᠭ᠎ᠠ ᠨᠢᠭᠡ ᠱᠠᠯᠵᠠ
       ( ᠬᠠᠨ᠎ᠠ ‍ᠶ᠋ᠢᠨ ᠦᠳᠡᠭᠡᠷᠢ)

 ᠴᠠᠭᠠᠨ᠎ᠠ ᠨᠢ ᠴᠤ ᠨᠢᠭᠡ ᠱᠠᠯᠵᠠ
 ᠨᠠᠭᠠᠨ᠎ᠠ ᠨᠢ ᠎ ᠴᠤ ᠨᠢᠭᠡ ᠱᠠᠯᠵᠠ
       ( ᠬᠠᠨ᠎ᠠ ‍ᠶ᠋ᠢᠨ ᠦᠳᠡᠭᠡᠷᠢ )

 ᠲᠩᠷᠢ ᠠ᠋ᠴᠠ ᠲᠡᠯᠡᠭᠡ ᠎ᠲᠠᠢ
 ᠲᠡᠷᠡ ᠮᠣᠳᠣᠨ ᠠ᠋ᠴᠠ ᠤᠶᠠᠭ᠎ᠠ ᠎ᠲᠠᠢ
 ᠭᠠᠵᠠᠷ ᠠ᠋ᠴᠠ ᠭᠠᠢ ᠎ᠲᠠᠢ
 ᠭᠠᠭᠴᠠ ᠮᠣᠳᠣᠨ ᠠ᠋ᠴᠠ ᠤᠶᠠᠭ᠎ᠠ ᠎ᠲᠠᠢ
       (  ᠴᠢᠬᠲᠠᠭ᠎ᠠ)

 ᠲᠩᠷᠢ ᠠ᠋ᠴᠠ ᠲᠡᠮᠡᠭᠡᠨ ᠰᠡᠭᠦᠯ
       (  ᠴᠢᠬᠲᠠᠭ᠎ᠠ)

 ᠭᠦᠨ ᠬᠤᠳᠳᠤᠭ ᠲᠤ ᠭᠦᠷᠪᠡᠯ ᠮᠣᠭᠠᠢ
       (  ᠴᠢᠬᠲᠠᠭ᠎ᠠ)

 ᠶᠠᠮᠠᠷ ᠴᠦ᠍ ᠶᠡᠬᠡᠮᠰᠦᠭ ‍ᠢ
 ᠶᠠᠭᠠᠬᠢᠪᠠᠴᠤ ᠮᠥᠷᠭᠥᠭᠦᠯᠳᠡᠭ
 ᠶᠠᠪᠤᠬᠤ ᠣᠷᠣᠬᠤ ‍ᠶ᠋ᠢ ᠴᠠᠭᠳᠠᠳᠠᠭ
 ᠶᠠᠮᠠᠷ ᠰᠦᠷᠡᠬᠡᠢ ᠭᠠᠶ᠋ᠢᠬᠠᠯ ᠪᠤᠢ
       (  ᠬᠠᠭᠠᠯᠭ᠎ᠠ)
 
 ᠬᠣᠶᠠᠷ ᠨᠢ ᠬᠡᠪᠲᠡᠨ᠎ᠡ
 ᠬᠣᠶᠠᠷ ᠨᠢ ᠵᠣᠭᠰᠣᠨ᠎ᠠ
 ᠨᠢᠭᠡ ᠨᠢ ᠳᠠᠭᠤᠯᠠᠨ᠎ᠠ
       (  ᠬᠠᠭᠠᠯᠭ᠎ᠠ)

 ᠡᠭᠦᠳᠡ ‍ᠶ᠋ᠢ ᠰᠠᠬᠢᠬᠰᠠᠨ ᠡᠭᠦᠷᠢᠳᠡ ‍ᠶ᠋ᠢᠨ ᠬᠠᠷᠠᠭᠤᠯ
 ᠦᠶᠡᠷᠬᠡᠵᠦ ᠵᠣᠭᠰᠣᠭᠰᠠᠨ ᠦᠶ᠎ᠡ ‍ᠶ᠋ᠢᠨ ᠬᠣᠶᠠᠷ
 ᠮᠣᠷᠢᠯᠠᠨ ᠢᠷᠡᠭᠰᠡᠳ ‍ᠢ ᠤᠭᠲᠤᠵᠤ
 ᠮᠣᠷᠳᠠᠨ ᠶᠠᠪᠤᠭᠰᠠᠳ ‍ᠢ ᠦᠳᠡᠨ᠎ᠡ
        ( ᠬᠠᠭᠠᠯᠭ᠎ᠠ )

 ᠡᠭᠡᠴᠢ ᠳᠡᠭᠦᠦ ᠬᠣᠶᠠᠷ
 ᠡᠭᠡᠭᠡ ᠯᠡ ᠰᠠᠴᠠᠭᠤ
       ( ᠬᠠᠭᠠᠯᠭ᠎ᠠ )

 ᠳᠠᠩᠬᠠᠯᠲᠠᠢ ᠡᠪᠦᠭᠡᠨ ᠡᠪᠦᠯ ᠵᠤᠨ ᠦᠭᠡᠢ
 ᠳᠠᠩ ᠴᠠᠮᠴᠠ ᠎ᠪᠠᠷ ᠳᠠᠩᠬᠠᠯᠵᠠᠨ᠎ᠠ
       ( ᠴᠣᠩᠬᠣ )

 ᠡᠩᠭᠡᠷ ᠬᠣᠷᠮᠣᠢ ᠵᠠᠯᠭᠠᠭ᠎ᠠ ᠎ᠲᠠᠢ
 ᠡᠪᠬᠡᠷᠡᠬᠦ ᠨᠣᠣᠰᠣᠨ ᠡᠮᠵᠢᠶᠡᠷᠢ ᠎ᠲᠠᠢ
 ᠡᠨᠡ ᠲᠡᠷᠡ ᠲᠠᠯ᠎ᠠ ᠢᠯᠭᠠᠭ᠎ᠠ ᠦᠭᠡᠢ
 ᠡᠷᠴᠢᠯᠡᠭᠰᠡᠨ ᠭᠤᠷᠪᠠᠨ  ᠲᠣᠷᠤᠯᠭ᠎ᠠ ᠎ᠲᠠᠢ
 ᠲᠠᠩᠭᠤᠳ ᠵᠠᠭᠠᠮ᠎ᠠ ᠮᠣᠩᠭᠣᠯ ᠬᠣᠷᠮᠣᠶ᠋ᠢᠪᠴᠢ
 ᠲᠠᠭᠠᠷᠠᠭᠰᠠᠨ ᠭᠡᠳᠡᠭ ᠨᠢ ᠶᠠᠪ ᠴᠠᠪ
       ( ᠳᠡᠭᠡᠪᠦᠷ )

 ᠭᠠᠳᠠᠭᠠᠳᠤ ᠡᠩᠭᠡᠷ ᠳᠣᠲᠣᠭᠠᠳᠤ ᠡᠩᠭᠡᠷ
 ᠵᠥᠷᠢᠭᠡᠳ ᠭᠠᠷᠬᠤ ᠦᠭᠡᠢ
 ᠠᠭᠤᠯᠵᠠᠭᠠᠳ ᠰᠠᠯᠬᠤ ᠦᠭᠡᠢ
 ᠪᠡᠯᠬᠡᠭᠦᠰᠦᠨ ᠳ᠋ᠡᠭᠡᠨ ᠭᠤᠷᠪᠠᠨ ᠳᠠᠪᠬᠤᠷ ᠪᠦᠰᠡ ᠎ᠲᠠᠢ
 ᠪᠡᠶ᠎ᠡ ᠳ᠋ᠡᠭᠡᠨ ᠵᠢᠷᠭᠤᠭᠠᠨ ᠬᠣᠣᠰ ᠪᠦᠰᠡ ᠲᠠᠢ
 ᠮᠢᠨᠲᠠᠰᠤᠨ ᠬᠣᠨᠢᠳ ᠦ᠋ᠨ ᠨᠣᠣᠰᠣᠨ  ᠰᠢᠷᠬᠡᠭ
 ᠮᠠᠯᠴᠢᠨ ᠪᠦᠰᠡᠭᠦᠢ ᠶ᠋ᠢᠨ ᠨᠡᠭᠡᠭᠡᠭᠰᠡᠨ ᠪᠦᠰᠡ
         ( ᠲᠤᠭᠤᠷᠬ᠋᠎ᠠ )

 ᠭᠡᠷ ᠦ᠋ᠨ ᠳᠡᠭᠡᠷ᠎ᠡ  ᠭᠡᠷᠡᠯᠦᠭ ( ᠭᠡᠷᠡᠯ ᠲᠠᠢ )
 ᠭᠡᠷ ᠦ᠋ᠨ ᠬᠣᠶ᠋ᠢᠨ᠎ᠠ ᠰᠢᠷᠠᠯᠠᠭ ( ᠰᠢᠷ᠎ᠠ ᠥᠩᠭᠡ ᠲᠠᠢ )
        ( ᠳᠡᠭᠡᠪᠦᠷ ᠭᠡᠷ ᠦ᠋ᠨ ᠰᠡᠭᠦᠲᠡᠷ )

 ᠠᠪᠲᠠᠷ᠎ᠠ ᠶ᠋ᠢᠨ ᠠᠷᠤ  ᠳ᠋ᠦ᠍
 ᠠᠮᠠ ᠲᠣᠷᠬ᠋᠎ᠠ
         (  ᠭᠡᠷ ᠦ᠋ᠨ ᠰᠡᠭᠦᠲᠡᠷ )
 
 ᠴᠦᠯ ᠨᠦᠬᠡ
 ᠴᠦᠨᠴᠤᠭᠡᠷ ᠲᠠᠷᠪᠠᠬ᠋᠎ᠠ
 ᠨᠠᠬᠢᠭᠤ ᠳᠠᠪᠠᠬ᠋᠎ᠠ
 ᠨᠠᠮ ᠬᠣᠷᠮᠣᠢ 
        ( ᠭᠡᠷ ᠬᠥᠮᠦᠨ ᠪᠣᠰᠤᠬ᠋᠎ᠠ ᠡᠭᠦᠲᠡ )

 ᠡᠪᠲᠡᠬᠦ ᠶ᠋ᠢᠨ ᠮᠠᠭᠤ ᠪᠠᠷ  ᠡᠪᠲᠡᠵᠦ
 ᠡᠮᠴᠢᠯᠡᠬᠦ ᠶ᠋ᠢᠨ ᠰᠠᠢᠨ ᠶ᠋ᠢᠠᠷ ᠡᠲᠡᠭᠡᠭᠡᠨ᠎ᠡ
       ( ᠭᠡᠷ  ᠪᠠᠭᠤᠯᠭᠠᠬᠤ ᠪᠠ ᠪᠠᠷᠢᠬᠤ )
 
 ᠲᠣᠩ ᠊ᠢ ᠨᠢ ᠠᠪᠤᠭᠠᠳ
 ᠲᠣᠭᠣᠷᠢᠬ ᠊ᠢ ᠨᠢ ᠬᠠᠶᠠᠨ᠎ᠠ
       ( ᠭᠡᠷ ᠪᠠᠭᠤᠯᠭᠠᠬᠤ )

 ᠡᠷᠭᠢᠨ ᠡᠷᠭᠢᠨ  ᠨᠠᠭᠠᠯᠲᠤᠭᠠᠳ
 ᠡᠭᠡᠴᠢ ᠳᠡᠭᠦᠦ ᠲᠠᠢ ᠪᠠᠨ ᠵᠣᠯᠭᠠᠵᠤ ᠨᠠᠭᠠᠲᠤᠭᠠᠳ
 ᠳᠤᠷᠳᠤᠩ ᠪᠦᠰᠡ ᠪᠡᠨ ᠳᠡᠪᠢᠰᠴᠦ ᠨᠠᠭᠠᠲᠤᠭᠠᠳ
 ᠲᠤᠤᠬᠠᠢ ᠪᠦᠰᠡ ᠪᠡᠨ ᠵᠠᠩᠭᠢᠯᠠᠵᠤ ᠨᠠᠭᠠᠤᠠᠪᠠ
        ( ᠭᠡᠷ ᠪᠠᠷᠢᠬᠤ )
 
 ᠳᠦᠯᠡᠢ ᠡᠪᠦᠭᠡᠨ ᠳᠥᠷᠪᠡᠨ ᠲᠡᠰᠢ ᠪᠡᠨ ᠰᠠᠷᠠᠪᠴᠢᠯᠠᠨ᠎ᠠ
        ( ᠪᠠᠶ᠋ᠢᠰᠢᠩ ᠦ᠋ᠨ ᠪᠤᠯᠤᠩ )

 ᠲᠡᠨᠡᠭ᠋ ᠬᠠᠷ᠎ᠠ ᠬᠦᠦ ᠲᠩᠷᠢ ᠥᠭᠡᠲᠡ ᠰᠠᠷᠠᠪᠴᠢᠯᠠᠨ᠎ᠠ
        ( ᠪᠠᠭᠠᠨ᠎ᠠ )

 ᠵᠠᠭᠤᠨ ᠢᠮᠠᠭᠠᠨ ᠪ ᠳᠣᠲᠣᠷ᠎ᠠ ᠠ᠋ᠴᠠ
 ᠵᠠᠭᠤᠲᠠᠭ ᠬᠠᠷ᠎ᠠ ᠤᠬᠤᠨ᠎ᠠ
       ( ᠪᠠᠭᠠᠨ᠎ᠠ )

 ᠢᠩᠭᠡᠨ ᠲᠡᠮᠡᠭᠡᠨ ᠪ  ᠬᠡᠪᠲᠡᠭᠰᠡᠨ ᠣᠷᠣ
 ᠢᠷᠡᠬᠦ ᠵᠢᠯ ᠠᠷᠢᠯᠬᠤ ᠦᠭᠡᠢ
 ᠭᠤᠨᠵᠢᠨ ᠲᠡᠮᠡᠭᠡᠨ ᠪ  ᠬᠡᠪᠲᠡᠭᠰᠡᠨ ᠣᠷᠣ
 ᠭᠤᠷᠪᠠᠨ ᠵᠢᠯ ᠠᠷᠢᠯᠬᠤ ᠦᠭᠡᠢ
     ( ᠭᠡᠷ ᠦ᠋ᠨ ᠪᠠᠭᠤᠴᠠ )


    ᠦᠰᠦᠭ ᠠᠮᠢᠯᠠᠭᠤᠯᠤᠭᠴᠢ ᠄  ᠮᠢᠩᠭᠠᠳ · ᠴᠢᠮᠡᠭ ᠂  ᠬᠠᠳᠠᠴᠢ · ᠤᠷᠠᠨ᠎ᠠ ᠂ ᠠᠯᠲᠠᠨᠲᠣᠶᠠᠭ᠎ᠠ
        ᠬᠢᠨᠠᠭᠴᠢ ᠄    ᠬᠠᠷᠠᠨᠤᠳ · ᠲᠤᠶᠠᠭ᠎ᠠ