ᠭᠠᠳᠠ ᠮᠡᠶ᠋ᠢᠷᠡᠨГад мэйрэн
ᠭᠠᠳᠠ ᠮᠡᠶ᠋ᠢᠷᠡᠨ
— ᠮᠣᠩᠭᠣᠯᠴᠤᠳ ᠤ᠋ᠨ ᠭᠠᠵᠠᠷ ᠰᠢᠷᠣᠢ ᠶ᠋ᠢᠨ ᠲᠥᠯᠥᠭᠡ ᠲᠡᠮᠡᠴᠡᠭᠰᠡᠨ
ᠪᠠᠭᠠᠲᠤᠷ
ᠭᠠᠳᠠ ᠮᠠᠶ᠋ᠢᠷᠠᠨ ᠤ᠋ ᠤᠤᠯ ᠨᠡᠷ᠎ᠡ ᠨᠠᠤᠠᠮᠠᠳ᠂ ᠬᠢᠲᠠᠳ ᠨᠡᠷ᠎ᠡ ᠨᠢ
ᠮᠧᠩ ᠴᠢᠩ ᠱᠠᠨ ᠭᠡᠳᠡᠭ᠂ ᠮᠥᠯᠲᠠᠲᠦ ᠣᠪᠣᠭ ᠲᠠᠢ᠂1892 ᠣᠨ ᠳ᠋ᠤ᠌ ᠥᠪᠥᠷ ᠮᠤᠩᠭ᠋ᠤᠯ ᠤ᠋ᠨ ᠵᠢᠷᠢᠮ ᠦ᠋ᠨ ᠴᠢᠭᠤᠯᠭᠠᠨ ᠤ᠋
ᠳᠠᠷᠬᠠᠨ ᠬᠤᠰᠢᠭᠤᠨ ᠤ᠋ ᠲᠠᠪᠤᠨ ᠭᠡᠷ ᠦ᠋ᠨ ᠮᠠᠨᠲᠠᠷᠭᠠ ᠠᠶ᠋ᠢᠯ ᠤ᠋ᠨ ᠬᠠᠷᠠᠴᠤ ᠠᠷᠠᠳ ᠢᠳᠡᠷ ᠠᠷᠰᠯᠠᠨ ᠤ᠋ ᠭᠡᠷ ᠲᠦ᠍
ᠲᠥᠷᠥᠵᠡᠢ᠃
1909 ᠣᠨ ᠳ᠋ᠤ᠌
ᠭᠠᠳᠠ ᠮᠠᠶ᠋ᠢᠷᠠᠨ ᠬᠦᠷᠭᠡᠨ ᠠᠬ᠎ᠠ ᠶ᠋ᠢᠨ ᠦ᠌ ᠲᠠᠨᠢᠯᠴᠠᠭᠤᠯᠭ᠎ᠠ ᠪᠠᠷ ᠳᠠᠷᠬᠠᠨ ᠬᠤᠰᠢᠭᠤᠨ ᠤ᠋ ᠬᠣᠰᠢᠭᠤ ᠴᠡᠷᠢᠭ ᠲᠦ᠍
ᠬᠤᠶᠠᠭ ᠪᠣᠯᠪᠠ᠃1913 ᠣᠨ ᠳ᠋ᠤ᠌᠂ ᠳᠠᠷᠬᠠᠨ ᠸᠠᠩ ᠬᠢᠲᠠᠳ ᠴᠡᠷᠢᠭ ᠦ᠋ᠨ ᠨᠣᠶᠠᠨ ᠤᠷᠢᠵᠤ ᠰᠢᠨ᠎ᠡ ᠴᠡᠷᠢᠭ ᠦ᠋ᠨ
ᠰᠤᠷᠭᠠᠭᠤᠯᠢᠯᠠᠯ ᠬᠢᠯᠭᠡᠭᠰᠡᠨ ᠳ᠋ᠦ᠍ ᠭᠠᠳᠠ ᠮᠠᠶ᠋ᠢᠷᠠᠨ ᠣᠷᠴᠢᠭᠤᠯᠤᠭᠴᠢ ᠪᠠᠷ ᠶᠠᠪᠤᠭᠰᠠᠨ ᠪᠥᠭᠡᠳ ᠮᠥᠨ ᠲᠤᠰ
ᠵᠢᠯ ᠳ᠋ᠦ᠍ ᠡᠩ ᠦ᠋ᠨ ᠬᠤᠶᠠᠭ ᠠ᠋ᠴᠠ ᠪᠠᠨ ᠵᠤᠸᠠᠨᠲᠠ ᠪᠠᠷ ᠲᠣᠮᠢᠯᠠᠭᠳᠠᠪᠠ᠃
1925 ᠣᠨ ᠳ᠋ᠤ᠌᠂
ᠭᠠᠳᠠ ᠮᠠᠶ᠋ᠢᠷᠠᠨ ᠳᠠᠷᠬᠠᠨ ᠬᠤᠰᠢᠭᠤᠨ ᠤ᠋ ᠴᠡᠷᠢᠭ ᠦ᠋ᠨ ᠮᠠᠶ᠋ᠢᠷᠠᠨ ᠤ᠋ ᠵᠡᠷᠭᠡ ᠳ᠋ᠦ᠍ ᠳᠠᠪᠰᠢᠵᠤ᠂ ᠣᠯᠠᠨ ᠳ᠋ᠤ᠌
《 ᠭᠠᠳᠠ ᠮᠠᠶ᠋ᠢᠷᠠᠨ 》 ᠭᠡᠵᠦ ᠳᠠᠭᠤᠳᠠᠭᠳᠠᠬᠤ ᠪᠣᠯᠤᠭᠰᠠᠨ ᠪᠥᠭᠡᠳ ᠪᠦᠬᠦ ᠬᠤᠰᠢᠭᠤᠨ ᠤ᠋ ᠵᠠᠭᠤ ᠬᠣᠷᠢᠨ ᠴᠡᠷᠢᠭ ᠪᠣᠯᠤᠨ
ᠭᠤᠷᠪᠠᠨ ᠵᠠᠭᠤ ᠭᠠᠷᠤᠢ ᠡᠷᠦᠬᠡ ᠶ᠋ᠢᠨ ᠬᠤᠶᠠᠭ ᠊ᠢ ᠵᠠᠬᠢᠷᠬᠤ ᠪᠣᠯᠵᠠᠢ᠃ ᠭᠡᠪᠡᠴᠦ ᠳᠡᠮᠡᠢ ᠤᠳᠠᠭᠰᠠᠨ ᠦᠭᠡᠢ᠂
ᠬᠣᠰᠢᠭᠤ ᠴᠡᠷᠢᠭ ᠦ᠋ᠨ ᠴᠠᠯᠢᠩ ᠮᠥᠩᠭᠥ ᠳᠤᠲᠠᠭᠳᠠᠭᠰᠠᠨ ᠪᠣᠯᠬᠣᠷ ᠲᠡᠷᠡ ᠮᠥᠭᠲᠡᠨ ᠳ᠋ᠦ᠍ ᠬᠦᠷᠴᠦ᠂ ᠳᠠᠷᠬᠠᠨ
ᠸᠠᠩ ᠳ᠋ᠤ᠌ ᠮᠡᠳᠡᠭᠦᠯᠵᠦ ᠪᠠᠶ᠋ᠢᠭᠠᠳ ᠪᠠᠭᠠᠷᠢᠨ ᠲᠠᠷᠢᠶᠠᠨ ᠤ᠋ ᠵᠢᠷᠠᠨ ᠹᠠᠩ ᠭᠠᠵᠠᠷ ᠤ᠋ᠨ ᠠᠮᠤ ᠲᠦᠷᠢᠶᠡᠰᠦ
ᠪᠡᠷ ᠬᠣᠰᠢᠭᠤ ᠴᠡᠷᠢᠭ ᠦ᠋ᠨ ᠴᠠᠯᠢᠩ ᠪᠠ ᠵᠠᠷᠤᠳᠠᠯ ᠰᠦᠢᠳᠬᠡᠯ ᠊ᠢ ᠬᠠᠩᠭᠠᠬᠤ ᠪᠠᠷ ᠵᠥᠪᠰᠢᠶᠡᠷᠡᠭᠦᠯᠪᠡ᠃
1926 ᠣᠨ ᠠ᠋ᠴᠠ
ᠠᠪᠤᠭᠠᠳ ᠵᠢᠷᠢᠮ ᠦ᠋ᠨ ᠴᠢᠭᠤᠯᠭᠠᠨ ᠤ᠋ ᠵᠡᠭᠦᠨ ᠪᠡᠶ᠎ᠡ ᠶ᠋ᠢᠨ ᠬᠣᠰᠢᠭᠤᠳ ᠢᠯᠠᠩᠭᠤᠶ᠎ᠠ ᠳᠠᠷᠬᠠᠨ ᠬᠤᠰᠢᠭᠤᠨ ᠤ᠋
ᠪᠠᠶ᠋ᠢᠲᠠᠯ ᠨᠢ ᠥᠷᠭᠡᠨ ᠣᠯᠠᠨ ᠮᠣᠩᠭᠣᠯᠴᠤᠳ ᠤ᠋ᠨ ᠠᠵᠤ ᠣᠨᠳᠣᠷᠤᠯᠭ᠎ᠠ ᠳ᠋ᠤ᠌ ᠤᠯᠠᠮ ᠢ᠋ᠶ᠋ᠠᠷ ᠠᠰᠢᠭ ᠦᠭᠡᠢ ᠪᠣᠯᠵᠤ
ᠢᠷᠡᠪᠡ᠃ ᠸᠢᠯᠢ᠂ ᠹᠧᠩ ᠲᠢᠶᠠᠨ ᠤ᠋ ᠴᠡᠷᠢᠭ ᠡᠷᠬᠡᠲᠡᠨ ᠦ᠌ ᠬᠣᠭᠣᠷᠣᠨᠳᠣ ᠪᠣᠯᠤᠭᠰᠠᠨ ᠲᠠᠶ᠋ᠢᠨ ᠳ᠋ᠤ᠌ ᠵᠠᠩ ᠽᠦᠸᠧ
ᠯᠢᠨ ᠢᠯᠠᠭᠳᠠᠵᠤ ᠪᠡᠭᠡᠵᠢᠩ ᠡᠴᠡ ᠤᠬᠤᠷᠢᠨ ᠭᠠᠷᠤᠭᠰᠠᠨ ᠤ᠋ ᠳᠠᠷᠠᠭ᠎ᠠ᠂ ᠳᠠᠶ᠋ᠢᠨ ᠤ᠋ ᠬᠦᠨᠳᠦ ᠬᠣᠬᠢᠷᠠᠯ ᠢ᠋ᠶ᠋ᠠᠨ
ᠨᠥᠬᠥᠪᠥᠷᠢᠯᠡᠬᠦ ᠶ᠋ᠢᠨ ᠲᠥᠯᠥᠭᠡ ᠳᠠᠷᠬᠠᠨ ᠬᠣᠰᠢᠭᠤ ᠵᠡᠷᠭᠡ ᠭᠠᠵᠠᠷ ᠢ᠋ᠶ᠋ᠠᠷ ᠠᠲᠠᠷ ᠬᠠᠭᠠᠯᠪᠤᠷᠢᠯᠠᠬᠤ ᠠᠵᠢᠯᠯᠠᠭ᠎ᠠ ᠪᠠᠨ
ᠱᠠᠯᠠᠪᠳᠠᠨ ᠶᠠᠪᠤᠭᠤᠯᠵᠠᠢ᠃ 1928 ᠣᠨ ᠳ᠋ᠤ᠌ ᠪᠣᠯᠬᠤ ᠳ᠋ᠤ᠌ ᠵᠠᠩ ᠽᠦᠸᠧ ᠯᠢᠨ ᠯᠢᠶᠣᠤᠶᠣᠸᠠᠨ ᠰᠢᠶᠠᠨ ᠳ᠋ᠤ᠌
《 ᠠᠲᠠᠷ ᠬᠠᠭᠠᠯᠪᠤᠷᠢᠯᠠᠬᠤ 》 ᠲᠣᠪᠴᠢᠶ᠎ᠠ ᠶ᠋ᠢ ᠪᠠᠶ᠋ᠢᠭᠤᠯᠵᠤ᠂ ᠲᠡᠮᠦᠷ ᠵᠠᠮ ᠠ᠋ᠴᠠ ᠪᠠᠷᠠᠭᠤᠨᠰᠢᠬᠢ ᠶᠡᠬᠡ ᠬᠡᠮᠵᠢᠶᠡᠨ ᠦ᠌
ᠨᠤᠲᠤᠭ ᠪᠡᠯᠴᠢᠭᠡᠷ ᠊ᠢ ᠡᠵᠡᠷᠬᠡᠨ ᠡᠵᠡᠯᠡᠭᠡᠳ᠂ 《 ᠵᠠᠩ ᠶᠡᠬᠡ ᠵᠠᠩᠵᠤᠨ ᠤ᠋ ᠴᠡᠷᠢᠭ ᠦ᠋ᠨ ᠠᠭᠲᠠ ᠶ᠋ᠢᠨ ᠲᠠᠯᠠᠪᠠᠢ 》 ᠪᠣᠯᠭᠠᠪᠠ᠃ ᠵᠠᠯᠭᠠᠭᠠᠳ ᠪᠠᠰᠠ ᠳᠠᠷᠬᠠᠨ ᠸᠠᠩ ᠨᠠᠮᠵᠢᠯᠰᠠᠷᠡᠩ ᠳ᠋ᠦ᠍ ᠳᠠᠷᠤᠯᠲᠠ ᠦᠵᠡᠭᠦᠯᠵᠦ
ᠪᠠᠶ᠋ᠢᠭᠠᠳ ᠲᠦᠩᠯᠢᠶᠣᠤ ᠠ᠋ᠴᠠ ᠬᠣᠶ᠋ᠢᠰᠢᠬᠢ ᠰᠢᠷᠠᠮᠥ᠋ᠷᠡᠨ ᠦ᠌ ᠬᠣᠶ᠋ᠢᠲᠤ ᠬᠥᠪᠡᠭᠡ ᠳᠠᠭᠠᠤ ᠣᠷᠣᠨ ᠤ᠋ ᠶᠡᠬᠡ
ᠬᠡᠮᠵᠢᠶᠡᠨ ᠦ᠌ ᠨᠤᠲᠤᠭ ᠪᠡᠯᠴᠢᠭᠡᠷ ᠊ᠢ ᠬᠤᠳᠠᠯᠳᠤᠨ ᠠᠪᠴᠤ 《 ᠯᠢᠶᠣᠤᠪᠸᠢ ᠰᠢᠶᠠᠨ 》 ᠭᠠᠷᠭᠠᠬᠤ ᠪᠠᠷ ᠲᠣᠭᠲᠠᠵᠠᠢ᠃ ᠢᠩᠭᠢᠭᠡᠳ1929 ᠣᠨ ᠤ᠋ ᠴᠠᠭᠠᠨ ᠰᠠᠷ᠎ᠠ ᠳ᠋ᠤ᠌ ᠳᠠᠷᠬᠠᠨ ᠬᠤᠰᠢᠭᠤᠨ ᠤ᠋ ᠳ᠋ᠤ᠌
《 ᠠᠲᠠᠷ ᠬᠠᠭᠠᠯᠪᠤᠷᠢᠯᠠᠬᠤ ᠲᠣᠪᠴᠢᠶ᠎ᠠ 》 ᠶ᠋ᠢ ᠪᠠᠶ᠋ᠢᠭᠤᠯᠵᠤ᠂ ᠰᠢᠳᠠᠷ ᠢᠲᠡᠭᠡᠯᠲᠡᠨ ᠬᠠᠨ ᠰᠡᠸᠡᠩ ᠊ᠢ 《 ᠶᠡᠷᠦᠩᠬᠡᠢ ᠭᠦᠢᠴᠡᠳᠬᠡᠭᠴᠢ 》 ᠪᠡᠷ ᠲᠣᠮᠢᠯᠠᠭᠠᠳ
ᠭᠠᠵᠠᠷ ᠬᠡᠮᠵᠢᠬᠦ ᠵᠡᠪᠰᠩᠲᠦ ᠠᠩᠭᠢ ᠭᠠᠷᠭᠠᠨ ᠮᠣᠩᠭᠣᠯᠴᠤᠳ ᠤ᠋ᠨ ᠨᠤᠲᠤᠭ ᠪᠡᠯᠴᠢᠭᠡᠷ ᠊ᠢ ᠳᠡᠭᠡᠰᠦᠯᠡᠵᠦ ᠡᠬᠢᠯᠡᠪᠡ᠃
ᠲᠡᠭᠦᠨ ᠦ᠌ ᠳ᠋ᠦ᠋ᠩ ᠳ᠋ᠦ᠍ ᠮᠠᠯᠴᠢᠨ ᠠᠷᠠᠳ ᠬᠥᠨᠳᠡᠯᠡᠨ ᠬᠣᠰᠢᠭᠤ ᠪᠠᠷ ᠲᠡᠨᠦᠭᠦᠴᠢᠯᠡᠵᠦ᠂ ᠵᠠᠷᠢᠮ ᠨᠢ ᠦᠷ᠎ᠡ
ᠬᠡᠦᠬᠡᠳ ᠢ᠋ᠶ᠋ᠡᠨ ᠳᠠᠭᠠᠭᠤᠯᠤᠨ ᠬᠥᠮᠦᠨ ᠦ᠌ ᠮᠥᠷ ᠭᠠᠷᠤᠭ᠎ᠠ ᠦᠭᠡᠢ ᠪᠠᠯᠠᠷ ᠡᠯᠡᠰᠦᠨ ᠳ᠋ᠦ᠍ ᠨᠡᠭᠦᠵᠡᠭᠡᠵᠦ ᠪᠠᠶ᠋ᠢᠯ᠎ᠠ᠃
ᠡᠨᠡ ᠬᠦ ᠪᠠᠶ᠋ᠢᠲᠠᠯ ᠨᠢ ᠦᠨᠳᠦᠰᠦᠲᠡᠨ ᠢ᠋ᠶ᠋ᠡᠨ ᠬᠠᠶ᠋ᠢᠷᠠᠯᠠᠬᠤ ᠬᠠᠯᠠᠭᠤᠨ ᠰᠡᠳᠬᠢᠯᠭᠡ ᠲᠡᠢ᠂ ᠦᠨᠡᠨ ᠊ᠢ ᠪᠠᠷᠢᠮᠲᠠᠯᠠᠬᠤ
ᠠᠷᠢᠭᠤᠨ ᠵᠠᠩ ᠲᠠᠢ ᠭᠠᠳᠠ ᠮᠠᠶ᠋ᠢᠷᠠᠨ ᠤ᠋ ᠵᠢᠷᠦᠬᠡ ᠶ᠋ᠢ ᠰᠢᠮᠰᠢᠷᠡᠭᠦᠯᠦᠭᠰᠡᠨ ᠡᠴᠡ ᠲᠡᠷᠡ ᠭᠤᠷᠪᠠᠨ ᠮᠠᠩᠬ᠎ᠠ᠂
ᠰᠢᠪᠠᠷᠲᠤ᠂ ᠬᠠᠷ᠎ᠠ ᠤᠰᠤ ᠶ᠋ᠢᠨ ᠰᠦᠮ᠎ᠡ ᠵᠡᠷᠭᠡ ᠭᠠᠵᠠᠷ ᠲᠤ᠌ ᠣᠯᠠᠨ ᠲᠦᠮᠡᠨ ᠦ᠌ ᠴᠢᠭᠤᠯᠭᠠᠨ ᠊ᠢ ᠴᠢᠭᠤᠯᠤᠭᠠᠳ
ᠠᠲᠠᠷ ᠬᠠᠭᠠᠯᠪᠤᠷᠢᠯᠠᠬᠤ ᠶ᠋ᠢ ᠵᠣᠭᠰᠣᠭᠠᠬᠤ ᠡᠷᠭᠦᠳᠡᠯ ᠦ᠋ᠨ ᠪᠢᠴᠢᠭ ᠳᠡᠭᠡᠷ᠎ᠡ ᠲᠦᠮᠡᠨ ᠬᠥᠮᠦᠨ ᠦ᠌ ᠭᠠᠷ ᠤ᠋ᠨ
ᠦᠰᠦᠭ ᠵᠢᠷᠤᠬᠤ ᠬᠥᠳᠡᠯᠭᠡᠭᠡᠨ ᠊ᠢ ᠥᠷᠨᠢᠭᠦᠯᠪᠡ᠃ ᠨᠥᠭᠥᠭᠡ ᠲᠠᠯ᠎ᠠ ᠪᠠᠷ ᠰᠡᠬᠡᠭᠡᠷᠡᠭᠰᠡᠨ ᠲᠣᠮᠣᠭᠠᠲᠠᠨ 《 ᠬᠣᠷᠢᠨ ᠨᠢᠭᠡᠨ ᠳᠡ 》 ᠶ᠋ᠢᠨ ᠳᠡᠮᠵᠢᠯᠭᠡ ᠶ᠋ᠢ
ᠣᠯᠤᠭᠠᠳ᠂ 《 ᠵᠢᠷᠠᠨ ᠡᠪᠦᠭᠡᠨ 》 ᠪᠦᠷᠢᠯᠲᠦᠭᠰᠡᠨ 《 ᠠᠲᠠᠷ ᠬᠠᠭᠠᠯᠪᠤᠷᠢᠯᠠᠬᠤ ᠶ᠋ᠢ ᠬᠣᠷᠢᠭᠯᠠᠬᠤ᠂ ᠡᠷᠭᠦᠳᠡᠯ ᠮᠡᠳᠡᠭᠦᠯᠬᠦ ᠲᠥᠯᠥᠭᠡᠯᠡᠭᠴᠢᠳ ᠦ᠋ᠨ
ᠪᠦᠯᠬᠦᠮ 》 ᠊ᠢ ᠪᠠᠶ᠋ᠢᠭᠤᠯᠪᠠ ᠲᠡᠭᠡᠭᠡᠳ ᠭᠠᠳᠠ ᠮᠠᠶ᠋ᠢᠷᠠᠨ᠂
ᠰᠡᠩᠭᠡᠭᠠᠷᠪᠤ᠂ ᠵᠣᠣ ᠰᠡᠸᠡᠩ᠂ ᠵᠠᠩ ᠰᠧᠷᠠᠩᠨᠢᠮᠠ ᠲᠦᠷᠦᠭᠦᠲᠠᠢ 《 ᠠᠲᠠᠷ ᠬᠠᠭᠠᠯᠪᠤᠷᠢᠯᠠᠬᠤ ᠶ᠋ᠢ ᠬᠣᠷᠢᠭᠯᠠᠬᠤ ᠡᠷᠭᠦᠳᠡᠯ ᠮᠡᠳᠡᠭᠦᠯᠬᠦ ᠲᠥᠯᠥᠭᠡᠯᠡᠭᠴᠢᠳ ᠦ᠋ᠨ
ᠪᠦᠯᠬᠦᠮ 》 ᠮᠦᠭᠲᠡᠨ ᠬᠣᠲᠠ ᠳ᠋ᠤ᠌ ᠣᠴᠢᠵᠤ᠂ 《 ᠲᠦᠮᠡᠨ ᠬᠥᠮᠦᠨ ᠦ᠌ ᠭᠠᠷ ᠤ᠋ᠨ ᠦᠰᠦᠭ ᠵᠢᠷᠤᠭᠰᠠᠨ ᠲᠥᠭᠥᠷᠢᠭ ᠪᠢᠴᠢᠭ 》 ᠢ᠋ᠶ᠋ᠡᠨ ᠹᠧᠩ ᠲᠢᠶᠠᠨ ᠮᠣᠵᠢ ᠶ᠋ᠢᠨ ᠠᠯᠪᠠᠨ ᠵᠤᠷᠭᠠᠨ ᠪᠣᠯᠤᠨ ᠳᠠᠷᠬᠠᠨ ᠸᠠᠩ ᠤ᠋ᠨ ᠣᠷᠳᠣᠨ ᠳ᠋ᠤ᠌
ᠬᠦᠷᠭᠡᠵᠦ ᠶᠣᠰᠣ ᠤᠴᠢᠷ ᠢ᠋ᠶ᠋ᠠᠨ ᠮᠡᠳᠡᠭᠦᠯᠰᠦᠭᠡᠢ ᠭᠡᠮᠡᠨ ᠱᠠᠭᠠᠷᠳᠠᠪᠠ᠃ ᠭᠡᠲᠡᠯ᠎ᠡ ᠹᠧᠩ ᠲᠢᠶᠠᠨ ᠮᠣᠵᠢ ᠶ᠋ᠢᠨ
ᠠᠯᠪᠠᠨ ᠲᠠᠯ᠎ᠠ ᠶ᠋ᠢᠨ ᠬᠢᠨ ᠪᠠ ᠳᠠᠷᠬᠠᠨ ᠸᠠᠩ ᠨᠠᠷ ᠲᠥᠯᠥᠭᠡᠯᠡᠭᠴᠢᠳ ᠊ᠢ ᠬᠦᠯᠢᠶᠡᠨ ᠠᠪᠴᠤ ᠠᠭᠤᠯᠵᠠᠬᠤ ᠶ᠋ᠢ
ᠵᠣᠷᠢᠭᠤᠳᠠ ᠤᠳᠠᠭᠠᠰᠢᠷᠠᠭᠤᠯᠵᠤ᠂ ᠡᠴᠦᠰ ᠲᠦ᠍ ᠬᠦᠯᠢᠶᠡᠨ ᠠᠪᠴᠤ ᠠᠭᠤᠯᠵᠠᠭᠰᠠᠨ ᠪᠣᠯᠪᠠᠴᠤ ᠬᠠᠲᠠᠭᠤ ᠵᠥᠭᠡᠯᠡᠨ
ᠡᠯᠳᠡᠪ ᠦ᠋ᠨ ᠠᠷᠭ᠎ᠠ ᠪᠠᠷ ᠠᠷᠭᠠᠴᠠᠭᠰᠠᠨ ᠳ᠋ᠤ᠌ ᠭᠠᠳᠠ ᠮᠠᠶ᠋ᠢᠷᠠᠨ᠄ 《 ᠪᠢ ᠠᠮᠢᠳᠤ ᠪᠠᠶ᠋ᠢᠬᠰᠠᠨ ᠴᠠᠭ ᠲᠤ᠌ ᠲᠠ ᠨᠠᠷ ᠳᠠᠷᠬᠠᠨ ᠬᠤᠰᠢᠭᠤᠨ ᠳ᠋ᠤ᠌ ᠯᠢᠶᠣᠤᠪᠸᠢ ᠶ᠋ᠢᠨ
ᠠᠲᠠᠷ ᠭᠠᠷᠭᠠᠨ᠎ᠠ ᠭᠡᠵᠦ ᠭᠣᠷᠢ ᠪᠠᠨ ᠲᠡᠳᠡ! 》 ᠭᠡᠵᠦ ᠡᠷᠡᠰ ᠲᠠᠰᠤᠷᠬᠠᠢ ᠬᠠᠷᠢᠭᠤᠯᠪᠠ᠃ ᠢᠩᠭᠢᠭᠰᠡᠨ ᠢ᠋ᠶ᠋ᠡᠷ1929 ᠣᠨ ᠤ᠋7 ᠰᠠᠷ᠎ᠠ ᠶ᠋ᠢᠨ26 ᠤ᠋
ᠰᠥᠨᠢ ᠹᠧᠩ ᠲᠢᠶᠠᠨ ᠮᠣᠵᠢ ᠶ᠋ᠢᠨ ᠴᠠᠭᠳᠠᠭ᠎ᠠ ᠶ᠋ᠢᠨ ᠲᠠᠩᠬᠢᠮ ᠠ᠋ᠴᠠ ᠦᠯᠡᠮᠵᠢ ᠣᠯᠠᠨ ᠴᠠᠭᠳᠠᠭ᠎ᠠ ᠭᠠᠷᠭᠠᠵᠤ᠂
ᠰᠢᠷ᠎ᠠ ᠰᠦᠮ᠎ᠡ ᠪᠣᠯᠤᠨ ᠮᠣᠤ ᠯᠠᠨ ᠵᠣᠴᠢᠳ ᠤ᠋ᠨ ᠪᠠᠭᠤᠳᠠᠯ ᠊ᠢ ᠪᠦᠰᠡᠯᠡᠨ ᠠᠪᠤᠭᠠᠳ ᠭᠠᠳᠠ ᠮᠠᠶ᠋ᠢᠷᠠᠨ᠂ ᠰᠡᠩᠭᠡᠭᠠᠨᠷᠪᠤ᠂
ᠵᠣᠣ ᠰᠡᠸᠡᠩ᠂ ᠵᠠᠩ ᠰᠧᠷᠨᠩᠨᠢᠮᠠ ᠵᠡᠷᠭᠡ ᠶ᠋ᠢᠨ ᠳᠥᠷᠪᠡᠨ ᠲᠦᠷᠦᠭᠦᠦ ᠶ᠋ᠢ ᠪᠠᠷᠢᠪᠴᠢᠯᠠᠵᠤ᠂ ᠮᠦᠭᠲᠡᠨ ᠭᠢᠨᠳᠠᠨ ᠳ᠋ᠤ᠌
ᠬᠣᠷᠢᠭᠰᠠᠨ ᠪᠥᠬᠡ ᠲᠥᠯᠥᠭᠡᠯᠡᠭᠴᠢᠳ ᠦ᠋ᠨ ᠪᠦᠯᠬᠦᠮ ᠦ᠋ᠨ ᠭᠡᠰᠢᠭᠦᠨ ᠵᠢᠷᠠᠨ ᠡᠪᠦᠭᠡᠨ ᠊ᠢ ᠬᠣᠰᠢᠭᠤ ᠨᠤᠲᠤᠭ ᠲᠤ᠌
ᠨᠢ ᠬᠥᠭᠡᠭᠡᠵᠦ ᠶᠠᠪᠤᠭᠤᠯᠪᠠ᠃
ᠨᠢᠭᠡ ᠰᠠᠷ᠎ᠠ ᠥᠩᠭᠡᠷᠡᠭᠡᠳ ᠭᠠᠳᠠ ᠮᠠᠶ᠋ᠢᠷᠠᠨ ᠵᠡᠷᠭᠡ ᠶ᠋ᠢᠨ ᠳᠥᠷᠪᠡᠨ
ᠬᠥᠮᠦᠨ ᠊ᠢ ᠳᠠᠷᠬᠠᠨ ᠬᠤᠰᠢᠭᠤᠨ ᠤ᠋ ᠠᠯᠪᠠᠨ ᠶᠠᠮᠤᠨ ᠳ᠋ᠤ᠌ ᠠᠪᠴᠢᠷᠠᠨ ᠭᠢᠨᠳᠠᠨ ᠳ᠋ᠤ᠌ ᠬᠣᠷᠢᠵᠠᠢ᠃ ᠤᠳᠠᠭᠰᠠᠨ
ᠦᠭᠡᠢ ᠵᠣᠣ ᠰᠡᠸᠡᠩ᠂ ᠰᠧᠷᠨᠩᠨᠢᠮᠠ ᠬᠣᠶᠠᠭᠤᠯᠠ ᠶ᠋ᠢ ᠪᠠᠲᠤᠯᠠᠨ ᠭᠠᠷᠭᠠᠵᠤ᠂ ᠭᠠᠳᠠ ᠮᠠᠶ᠋ᠢᠷᠠᠨ᠂ ᠰᠡᠩᠭᠡᠭᠠᠨᠷᠪᠤ
ᠬᠣᠶᠠᠭᠤᠯᠠ ᠶ᠋ᠢ ᠠᠯᠠᠬᠤ ᠶᠠᠯ᠎ᠠ ᠪᠠᠷ ᠰᠢᠢᠳᠬᠡᠪᠡ᠃
ᠭᠠᠳᠠ ᠮᠠᠶ᠋ᠢᠷᠠᠨ ᠤ᠋
ᠡᠬᠡᠨᠡᠷ ᠮᠥᠲᠠᠨ᠂ ᠭᠠᠳᠠ ᠮᠠᠶ᠋ᠢᠷᠠᠨ ᠤ᠋ ᠬᠤᠰᠢᠭᠤᠨ ᠶᠠᠮᠤᠨ ᠤ᠋ ᠬᠣᠷᠢᠭᠳᠠᠵᠤ ᠪᠠᠶ᠋ᠢᠬᠤ ᠴᠢᠮᠡᠭᠡ ᠶ᠋ᠢ ᠰᠣᠨᠣᠰᠤᠭᠠᠳ
ᠲᠡᠭᠦᠨ ᠊ᠢ ᠠᠪᠤᠷᠠᠨ ᠭᠠᠷᠭᠠᠬᠤ ᠪᠠᠷ ᠵᠣᠷᠢᠭ ᠰᠢᠭᠤᠳᠴᠤ᠂ ᠭᠠᠳᠠ ᠮᠠᠶ᠋ᠢᠷᠠᠨ ᠲᠠᠢ ᠨᠢᠭᠤᠴᠠ ᠬᠣᠯᠪᠣᠭ᠎ᠠ ᠠᠪᠤᠭᠠᠳ
ᠫᠤᠤ ᠵᠡᠪᠰᠡᠭ ᠮᠣᠷᠢ ᠤᠨᠤᠭ᠎ᠠ ᠪᠡᠯᠡᠳᠬᠡᠵᠦ᠂ ᠲᠤᠰ ᠵᠢᠯ ᠦ᠋ᠨ11 ᠰᠠᠷ᠎ᠠ ᠶ᠋ᠢᠨ13 ᠤ᠋ ᠰᠥᠨᠢ ᠬᠤᠰᠢᠭᠤᠨ ᠴᠡᠷᠢᠭ ᠦ᠋ᠨ
ᠳᠡᠭᠡᠷᠡᠮ ᠊ᠢ ᠴᠣᠬᠢᠬᠤ ᠪᠠᠷ ᠭᠠᠳᠠᠭᠰᠢ ᠭᠠᠷᠤᠭᠰᠠᠨ ᠲᠠᠰᠢᠷᠠᠮ ᠢ᠋ᠶ᠋ᠠᠷ ᠳᠣᠩᠷᠣᠪ᠂ ᠭᠠᠶᠠ᠂ ᠡᠩᠬᠡᠪᠠᠶᠠᠷ᠂ ᠰᠧᠷᠠᠩ᠂
ᠣᠶ᠋ᠢᠷᠤᠪ᠂ ᠷᠠᠰᠢ᠂ ᠠᠮᠤᠷᠯᠢᠩᠭᠤᠢ ᠵᠡᠷᠭᠡ ᠳᠣᠯᠣᠭᠠᠨ ᠵᠡᠪᠰᠡᠭᠲᠦ ᠢᠳᠡᠷᠴᠦᠳ ᠊ᠢ ᠳᠠᠭᠠᠭᠤᠯᠤᠨ ᠸᠠᠩ ᠤ᠋ᠨ ᠣᠷᠳᠣᠨ ᠳ᠋ᠤ᠌
ᠣᠴᠢᠵᠤ ᠭᠢᠨᠳᠠᠨ ᠊ᠢ ᠡᠪᠳᠡᠭᠡᠳ ᠭᠠᠳᠠ ᠮᠠᠶ᠋ᠢᠷᠠᠨ ᠢ ᠠᠪᠤᠷᠠᠨ ᠭᠠᠷᠭᠠᠵᠠᠢ᠃
ᠭᠠᠳᠠ ᠮᠠᠶ᠋ᠢᠷᠠᠨ
ᠭᠢᠨᠳᠠᠨ ᠠᠴᠠ ᠳᠤᠲᠠᠭᠠᠵᠤ ᠭᠠᠷᠤᠭᠰᠠᠨ ᠤ᠋ ᠪᠠᠨ ᠳᠠᠷᠠᠭ᠎ᠠ᠂
《 ᠲᠡᠳᠡ ᠵᠡᠪᠰᠡᠭᠲᠦ ᠬᠦᠴᠦᠨ ᠢ᠋ᠶ᠋ᠡᠷ ᠮᠠᠨ ᠤ᠋ ᠨᠤᠲᠤᠭ ᠪᠡᠯᠴᠢᠭᠡᠷ ᠊ᠢ
ᠪᠤᠯᠢᠶᠠᠨ ᠡᠵᠡᠯᠡᠪᠡᠯ᠂ ᠪᠢᠳᠡ ᠮᠥᠨ ᠵᠡᠪᠰᠡᠭᠲᠦ ᠬᠦᠴᠦᠨ ᠢ᠋ᠶ᠋ᠡᠷ ᠲᠡᠳᠡ ᠊ᠢ ᠦᠯᠳᠡᠨ ᠬᠥᠭᠡᠭᠡᠶ᠎ᠡ! 》 ᠭᠡᠰᠡᠨ ᠤᠷᠢᠶ᠎ᠠ ᠶ᠋ᠢ ᠳᠤᠷᠠᠳᠴᠤ᠂ ᠠᠲᠠᠷ ᠬᠠᠭᠤᠯᠪᠤᠷᠢᠯᠠᠬᠤ ᠶ᠋ᠢ ᠬᠣᠷᠢᠭᠯᠠᠬᠤ ᠤᠷᠪᠠᠯᠭᠠᠨ
ᠭᠠᠷᠭᠠᠪᠠ᠃ ᠭᠠᠳᠠ ᠮᠠᠶ᠋ᠢᠷᠠᠨ ᠤ᠋ ᠪᠣᠰᠤᠯᠭ᠎ᠠ ᠭᠠᠷᠭᠠᠭᠰᠠᠨ ᠴᠢᠮᠡᠭᠡ ᠡᠯ᠎ᠡ ᠭᠠᠵᠠᠷ ᠲᠤ᠌ ᠤᠯᠠᠮᠵᠢᠯᠠᠭᠳᠠᠨ
ᠲᠠᠷᠬᠠᠮᠠᠭᠴᠠ ᠮᠣᠩᠭᠣᠯ ᠬᠢᠲᠠᠳ ᠠᠷᠠᠳ ᠢᠷᠭᠡᠨ ᠦ᠌ ᠬᠠᠯᠠᠭᠤᠨ ᠬᠦᠷᠢᠶᠡᠯᠡᠯ ᠊ᠢ ᠣᠯᠵᠤ᠂ ᠠᠯᠪᠠᠨ ᠶᠠᠮᠤᠨ ᠪᠣᠯᠤᠨ
ᠪᠠᠶᠠᠳ ᠨᠣᠶᠠᠳ ᠤ᠋ᠨ ᠬᠠᠪᠴᠢᠯᠭ᠎ᠠ ᠬᠢᠬᠠᠯᠭᠠ ᠠ᠋ᠴᠠ ᠪᠣᠯᠵᠤ ᠠᠷᠪᠠ ᠲᠠᠪᠤ ᠪᠠᠷ ᠪᠣᠰᠤᠯᠴᠠᠨ 《ᠳᠡᠭᠡᠷᠡᠮ 》 ᠪᠣᠯᠤᠭᠰᠠᠨ ᠬᠥᠮᠦᠰ ᠬᠦᠷᠲᠡᠯ᠎ᠡ ᠪᠣᠰᠤᠯᠭ᠎ᠠ ᠳ᠋ᠤ᠌ ᠣᠷᠣᠯᠴᠠᠵᠠᠭᠠᠵᠤ
ᠪᠠᠶ᠋ᠢᠯ᠎ᠠ᠃ ᠢᠩᠭᠢᠭᠰᠡᠨ ᠢ᠋ᠶ᠋ᠡᠷ ᠪᠣᠰᠤᠯᠭ᠎ᠠ ᠶ᠋ᠢᠨ ᠴᠡᠷᠢᠭ ᠮᠠᠰᠢ ᠲᠦᠷᠭᠡᠨ ᠨᠡᠮᠡᠭᠲᠡᠵᠦ᠂1929 ᠣᠨ ᠤ᠋ ᠡᠴᠦᠰ
ᠪᠣᠯᠬᠤ ᠳ᠋ᠤ᠌ ᠬᠣᠶᠠᠷ ᠵᠠᠭᠤ ᠭᠠᠷᠤᠢ ᠬᠥᠮᠦᠨ ᠲᠡᠢ ᠪᠣᠯᠤᠭᠰᠠᠨ ᠪᠥᠭᠡᠳ1930 ᠣᠨ ᠤ᠋ ᠰᠡᠭᠦᠯᠴᠢ ᠪᠡᠷ ᠮᠢᠩᠭ᠎ᠠ
ᠭᠠᠷᠤᠢ ᠬᠥᠮᠦᠨ ᠲᠡᠢ ᠲᠣᠮᠣ ᠴᠡᠷᠢᠭ ᠠᠩᠭᠢ ᠪᠣᠯᠤᠨ ᠪᠦᠷᠢᠯᠳᠦᠪᠡ᠃
ᠭᠠᠳᠠ ᠮᠠᠶ᠋ᠢᠷᠠᠨ
ᠡᠨᠡ ᠬᠦ ᠰᠦᠷ ᠳᠠᠯᠠᠶ᠋ᠢᠴᠠ ᠲᠠᠢ ᠪᠣᠰᠤᠯᠭ᠎ᠠ ᠶ᠋ᠢᠨ ᠴᠡᠷᠢᠭ ᠊ᠢ ᠤᠳᠤᠷᠢᠳᠴᠤ᠂ ᠳᠠᠷᠬᠠᠨ᠂ ᠵᠠᠷᠤᠳ᠂ ᠲᠦᠰᠢᠶᠡᠲᠦ
ᠭᠤᠷᠪᠠᠨ ᠬᠤᠰᠢᠭᠤᠨ ᠤ᠋ ᠥᠷᠭᠡᠨ ᠠᠭᠤᠳᠠᠮ ᠭᠠᠵᠠᠷ ᠣᠷᠣᠨ ᠢ᠋ᠶ᠋ᠠᠷ ᠲᠣᠭᠣᠷᠢᠨ ᠪᠠᠶ᠋ᠢᠯᠲᠤᠵᠤ᠂ ᠬᠦᠷᠦᠭᠰᠡᠨ ᠭᠠᠵᠠᠷ
ᠪᠣᠯᠭᠠᠨ ᠳ᠋ᠤ᠌ ᠴᠡᠷᠢᠭ ᠦ᠋ᠨ ᠡᠷᠬᠡᠲᠡᠨ ᠦ᠌ ᠠᠲᠠᠷ ᠬᠠᠭᠠᠯᠪᠤᠷᠢᠯᠠᠬᠤ ᠠᠩᠭᠢ ᠪᠣᠯᠤᠨ ᠭᠠᠵᠠᠷ ᠳᠡᠭᠡᠰᠦᠯᠡᠬᠦ
ᠠᠩᠭᠢ ᠶ᠋ᠢ ᠴᠣᠬᠢᠨ ᠰᠠᠷᠨᠢᠭᠤᠯᠵᠤ᠂ ᠬᠠᠷᠭᠢᠰ ᠪᠠᠶᠠᠨ ᠵᠠᠯᠢᠬᠠᠢ ᠰᠠᠷᠢᠭᠠᠴᠢᠨ ᠊ᠢ ᠰᠢᠢᠳᠬᠡᠨ ᠵᠠᠯᠬᠠᠭᠠᠵᠤ ᠪᠠᠶ᠋ᠢᠯ᠎ᠠ᠃
1930 ᠣᠨ ᠤ᠋ ᠡᠪᠦᠯ ᠪᠣᠯᠬᠤ ᠳ᠋ᠤ᠌ ᠭᠣᠮᠢᠨᠳᠠᠩ ᠤ᠋ᠨ ᠲᠡᠷᠰᠯᠡᠭᠦᠴᠦᠳ᠂
ᠴᠡᠷᠢᠭ ᠦ᠋ᠨ ᠡᠷᠬᠡᠲᠡᠨ ᠬᠢᠭᠡᠳ ᠸᠠᠩ ᠬᠦᠩ ᠨᠠᠷ ᠵᠢᠰᠤᠷᠳᠠᠨ ᠰᠦᠯᠪᠡᠭᠡᠯᠡᠵᠦ᠂ ᠨᠢᠭᠡ ᠲᠠᠯ᠎ᠠ ᠪᠠᠷ ᠭᠠᠳᠠ ᠮᠠᠶ᠋ᠢᠷᠠᠨ
᠊ᠢ ᠪᠠᠷᠢᠪᠴᠢᠯᠠᠭᠤᠯᠬᠤ 《 ᠱᠠᠩᠨᠠᠯᠳᠤ ᠲᠤᠩᠬᠠᠭ 》 ᠲᠠᠷᠬᠠᠭᠠᠵᠤ᠂ ᠨᠥᠭᠥᠭᠡ ᠲᠠᠯ᠎ᠠ ᠪᠠᠷ ᠲᠦᠩᠯᠢᠶᠣᠤ ᠳ᠋ᠤ᠌ ᠰᠠᠭᠤᠭ᠎ᠠ 《 ᠬᠠᠷ᠎ᠠ ᠮᠣᠷᠢᠲᠤ ᠴᠡᠷᠢᠭ 》᠂ ᠲᠣᠣᠨᠠᠨ ᠳ᠋ᠤ᠌
ᠰᠠᠭᠤᠭ᠎ᠠ ᠵᠠᠩ ᠬᠠᠢ ᠫᠧᠩ ᠦ᠋ᠨ ᠴᠡᠷᠢᠭ ᠻᠠᠶ᠋ᠢᠯᠤ ᠳ᠋ᠤ᠌ ᠰᠠᠭᠤᠭ᠎ᠠ ᠼᠦᠢ ᠰᠢᠩ ᠡᠤ ᠶ᠋ᠢᠨ ᠴᠡᠷᠢᠭ ᠦ᠋ᠨ ᠳᠡᠭᠡᠷ᠎ᠡ
ᠮᠣᠩᠭᠣᠯ ᠬᠣᠰᠢᠭᠤᠳ ᠤ᠋ᠨ ᠮᠣᠷᠢᠲᠤ ᠴᠡᠷᠢᠭ ᠊ᠢ ᠨᠡᠮᠡᠵᠦ ᠨᠡᠶ᠋ᠢᠲᠡ ᠳᠥᠷᠪᠡᠨ ᠮᠢᠩᠭ᠎ᠠ ᠭᠠᠷᠤᠢ ᠮᠣᠷᠢᠲᠤ ᠴᠡᠷᠢᠭ
ᠪᠣᠯᠭᠠᠨ ᠪᠦᠷᠢᠯᠲᠦᠭᠰᠡᠨ ᠵᠠᠷᠤᠳ ᠬᠤᠰᠢᠭᠤᠨ ᠤ᠋ ᠠᠷᠤ ᠠᠭᠤᠯᠠ᠂ ᠨᠠᠢ᠍ᠮᠠᠯᠵᠢ ᠣᠷᠴᠢᠮ ᠢ᠋ᠶ᠋ᠠᠷ ᠭᠠᠳᠠ ᠮᠠᠶ᠋ᠢᠷᠠᠨ ᠤ᠋
ᠪᠣᠰᠤᠯᠭ᠎ᠠ ᠶ᠋ᠢᠨ ᠴᠡᠷᠢᠭ ᠊ᠢ ᠪᠦᠰᠡᠯᠡᠨ ᠴᠣᠬᠢᠪᠠ᠃ ᠳᠠᠪᠠᠭᠤ ᠬᠦᠴᠦᠨ ᠲᠡᠢ ᠳᠠᠶ᠋ᠢᠰᠤᠨ ᠳ᠋ᠤ᠌ ᠳᠥᠷᠪᠡᠨ ᠲᠠᠯ᠎ᠠ ᠪᠠᠷ ᠢ᠋ᠶ᠋ᠠᠨ
ᠪᠦᠰᠡᠯᠡᠭᠲᠡᠭᠰᠡᠨ ᠬᠠᠲᠠᠭᠤ ᠪᠡᠷᠬᠡᠰᠢᠶᠡᠯ ᠲᠡᠢ ᠪᠠᠶ᠋ᠢᠲᠠᠯ ᠳᠣᠣᠷ᠎ᠠ ᠭᠠᠳᠠ ᠮᠠᠶ᠋ᠢᠷᠠᠨ ᠵᠢᠷᠦᠬᠡᠰᠢᠶᠡᠵᠦ ᠡᠮᠢᠶᠡᠭᠰᠡᠨ
ᠦᠭᠡᠢ᠂ ᠪᠣᠰᠤᠯᠭ᠎ᠠ ᠶ᠋ᠢᠨ ᠴᠡᠷᠢᠭ ᠢ᠋ᠶ᠋ᠡᠨ ᠤᠳᠤᠷᠢᠳᠤᠨ ᠡᠷᠡᠯᠬᠡᠭ ᠪᠠᠭᠠᠲᠤᠷᠯᠢᠭ ᠢ᠋ᠶ᠋ᠠᠷ ᠪᠠᠷᠢᠯᠳᠤᠵᠤ᠂ ᠳᠠᠶ᠋ᠢᠰᠤᠨ ᠤ᠋
ᠨᠢᠭᠲᠠ ᠪᠦᠰᠡᠯᠡᠯᠲᠡ ᠶ᠋ᠢ ᠰᠢᠪᠲᠤᠯᠤᠨ ᠭᠠᠷᠴᠠᠢ᠃ ᠭᠡᠪᠡᠴᠦ ᠫᠤᠤ ᠰᠤᠮᠤ ᠨᠢ ᠪᠠᠷᠠᠭᠳᠠᠵᠤ ᠴᠡᠷᠢᠭ ᠮᠣᠷᠢ ᠨᠢ
ᠨᠡᠯᠢᠶᠡᠳ ᠶᠡᠬᠡ ᠬᠣᠬᠢᠷᠠᠯ ᠳ᠋ᠤ᠌ ᠤᠴᠠᠷᠠᠭᠠᠳ ᠵᠠᠷᠢᠮ ᠬᠥᠮᠦᠨ ᠦ᠌ ᠤᠷᠮ᠎ᠠ ᠵᠣᠷᠢᠭ ᠨᠢ ᠪᠠᠭᠤᠷᠠᠵᠤ ᠡᠬᠢᠯᠡᠭᠰᠡᠨ
ᠪᠠ ᠢᠯᠠᠩᠭᠤᠶ᠎ᠠ ᠤᠤᠯ ᠠ᠋ᠴᠠ ᠪᠠᠨ 《 ᠲᠤᠰᠠᠭᠠᠷ ᠳᠡᠭᠡᠷᠡᠮ 》 ᠶᠠᠪᠤᠵᠤ ᠪᠠᠶ᠋ᠢᠬᠰᠠᠨ ᠲᠡᠳᠡᠭᠡᠷ ᠬᠥᠮᠦᠰ ᠬᠤᠪᠢ ᠬᠣᠪᠢᠨ ᠤ᠋ ᠪᠦᠯᠦᠭ ᠢ᠋ᠶ᠋ᠡᠨ ᠳᠠᠭᠠᠭᠤᠯᠤᠨ
ᠰᠠᠯᠵᠤ ᠣᠳᠤᠭᠰᠠᠨ ᠠ᠋ᠴᠠ1931 ᠣᠨ ᠤ᠋ ᠡᠬᠢ ᠪᠣᠯᠬᠤ ᠳ᠋ᠤ᠌ ᠭᠠᠳᠠ ᠮᠠᠶ᠋ᠢᠷᠠᠨ ᠤ᠋ ᠴᠡᠷᠢᠭ ᠳᠥᠩᠭᠡᠵᠦ ᠬᠣᠶᠠᠷ
ᠵᠠᠭᠤ ᠭᠠᠷᠤᠢ ᠬᠥᠮᠦᠨ ᠦᠯᠡᠳᠡᠪᠡ᠃ ᠭᠠᠳᠠ ᠮᠠᠶ᠋ᠢᠷᠠᠨ ᠡᠶ᠋ᠢᠮᠦᠷᠬᠦᠦ ᠪᠡᠷᠬᠡ ᠬᠠᠲᠠᠭᠤᠵᠢᠯᠲᠠᠢ ᠪᠠᠶ᠋ᠢᠲᠠᠯ ᠳᠣᠣᠷ᠎ᠠ
ᠬᠠᠲᠠᠭᠤ ᠳᠠᠭᠠᠭᠠᠮᠠᠭᠠᠢ ᠪᠠᠷ ᠲᠡᠮᠡᠴᠡᠨ ᠬᠡᠳᠦᠨ ᠠᠷᠪᠠᠨ ᠳᠠᠬᠢᠨ ᠳᠠᠪᠠᠭᠤ ᠬᠦᠴᠦᠨ ᠲᠡᠢ ᠳᠠᠶ᠋ᠢᠰᠤᠨ ᠤ᠋ ᠳᠠᠪᠬᠤᠷ
ᠳᠠᠪᠬᠤᠷ ᠪᠦᠰᠡᠯᠡᠯᠲᠡ ᠶ᠋ᠢ ᠰᠢᠪᠲᠤᠯᠵᠤ ᠲᠣᠭᠣᠷᠢᠨ ᠪᠠᠶ᠋ᠢᠯᠲᠤᠭᠰᠠᠭᠠᠷ ᠬᠠᠮᠤᠭ ᠰᠡᠭᠦᠯ ᠳ᠋ᠦ᠍ ᠪᠡᠨ ᠥᠪᠡᠷ ᠦ᠋ᠨ
ᠨᠤᠲᠤᠭ ᠳᠠᠷᠬᠠᠨ ᠬᠤᠰᠢᠭᠤᠨ ᠤ᠋ ᠰᠢᠪᠠᠷᠲᠤ ᠣᠴᠢᠮ ᠬᠦᠷᠴᠦ ᠢᠷᠡᠪᠡ᠃ ᠡᠨᠡ ᠦᠶ᠎ᠡ ᠳ᠋ᠦ᠍ ᠲᠡᠭᠦᠨ ᠦ᠌ ᠴᠡᠷᠢᠭ
ᠨᠢ ᠲᠠᠪᠢᠭᠠᠳ ᠬᠥᠮᠦᠰ ᠯᠡ ᠦᠯᠡᠲᠡᠭᠰᠡᠨ ᠪᠠᠶ᠋ᠢᠨ᠎ᠠ᠃
1931 ᠣᠨ ᠤ᠋2
ᠰᠠᠷ᠎ᠠ ᠶ᠋ᠢᠨ22 ᠤ᠋ ᠡᠳᠦᠷ ᠭᠠᠳᠠ ᠮᠠᠶ᠋ᠢᠷᠠᠨ ᠤ᠋ ᠪᠣᠰᠤᠯᠭ᠎ᠠ ᠶ᠋ᠢᠨ ᠴᠡᠷᠢᠭ ᠥᠯᠵᠡᠶ᠋ᠢᠮᠥᠷᠠᠨ ᠭᠣᠣᠯ ᠤ᠋ᠨ
ᠬᠣᠩᠭᠣᠷ ᠣᠪᠣᠭ᠎ᠠ ᠶ᠋ᠢᠨ ᠣᠯᠣᠮ ᠳᠡᠭᠡᠷ᠎ᠡ3 ᠵᠠᠮ ᠢ᠋ᠶ᠋ᠠᠷ ᠨᠡᠬᠡᠮᠵᠢᠯᠡᠨ ᠢᠷᠡᠭᠰᠡᠨ ᠼᠦᠢ ᠰᠢᠩ ᠡᠤ ᠶ᠋ᠢᠨ ᠴᠡᠷᠢᠭ ᠲᠦ᠍
ᠪᠦᠰᠡᠯᠡᠭᠲᠡᠵᠦ ᠤᠰᠤ ᠠᠷᠤᠯᠠᠭᠰᠠᠨ ᠲᠤᠶ᠋ᠢᠯ ᠤ᠋ᠨ ᠬᠠᠲᠠᠭᠤᠵᠢᠯᠲᠠᠢ ᠪᠠᠶ᠋ᠢᠯᠲᠤᠭᠠᠨ ᠳ᠋ᠤ᠌ ᠲᠤᠯᠭᠠᠷᠠᠪᠠ᠃ ᠲᠤᠬᠠᠢ ᠶ᠋ᠢᠨ
ᠦᠶ᠎ᠡ ᠳ᠋ᠦ᠍ ᠶᠠᠭ ᠬᠠᠪᠤᠷ ᠤ᠋ᠨ ᠬᠠᠶ᠋ᠢᠯ ᠪᠣᠯᠵᠤ ᠭᠣᠣᠯ ᠤ᠋ᠨ ᠰᠠᠪᠠ ᠳᠦᠭᠦᠷᠲᠡᠯ᠎ᠡ ᠮᠥᠰᠥᠨ ᠰᠥᠩ ᠪᠠᠭᠤᠭᠠᠳ
ᠭᠣᠣᠯ ᠭᠠᠲᠤᠯᠬᠤ ᠳ᠋ᠤ᠌ ᠲᠤᠶ᠋ᠢᠯ ᠤ᠋ᠨ ᠲᠦᠩᠰᠢᠭᠦᠷᠢᠲᠠᠢ ᠪᠠᠶ᠋ᠢᠬᠰᠠᠨ ᠴᠠᠭ ᠪᠠᠶ᠋ᠢᠯ᠎ᠠ᠃ ᠡᠨᠡ ᠬᠦ ᠦᠬᠦᠵᠦ
ᠰᠡᠬᠡᠬᠦ ᠶ᠋ᠢᠨ ᠵᠠᠩᠭᠢᠯᠠᠭ᠎ᠠ ᠶ᠋ᠢᠨ ᠦᠶ᠎ᠡ ᠳ᠋ᠦ᠍᠂ ᠭᠠᠳᠠ ᠮᠠᠶ᠋ᠢᠷᠠᠨ ᠠᠷᠠᠳ ᠤ᠋ᠨ ᠪᠣᠰᠤᠯᠭ᠎ᠠ ᠶ᠋ᠢᠨ ᠭᠠᠯ
ᠭᠣᠯᠣᠮᠲᠠ ᠶ᠋ᠢ ᠬᠠᠳᠠᠭᠠᠯᠠᠬᠤ ᠶ᠋ᠢᠨ ᠲᠥᠯᠥᠭᠡ ᠨᠥᠬᠥᠳ ᠲᠦ᠍ ᠪᠡᠨ᠄ 《 ᠲᠠ ᠨᠠᠷ ᠬᠤᠷᠳᠤᠨ ᠭᠣᠣᠯ ᠊ᠢ ᠭᠠᠲᠤᠯᠵᠤ ᠭᠠᠷ! ᠪᠢ ᠳᠠᠶ᠋ᠢᠰᠤᠨ ᠊ᠢ ᠬᠣᠷᠢᠭᠯᠠᠵᠤ ᠪᠠᠶ᠋ᠢᠶ᠎ᠠ!
》 ᠭᠡᠵᠦ ᠬᠡᠯᠡᠭᠡᠳ ᠪᠠᠪᠤ ᠵᠡᠷᠭᠡ ᠬᠡᠳᠦᠨ ᠬᠥᠮᠦᠨ ᠲᠡᠢ ᠬᠠᠮᠲᠤ ᠭᠣᠣᠯ ᠤ᠋ᠨ
ᠡᠷᠭᠢ ᠳ᠋ᠦ᠍ ᠳᠠᠯᠳᠠᠯᠠᠵᠤ᠂ ᠨᠡᠬᠡᠮᠵᠢᠯᠡᠨ ᠢᠷᠡᠭᠰᠡᠨ ᠳᠠᠶ᠋ᠢᠰᠤᠨ ᠤ᠋ ᠴᠡᠷᠢᠭ ᠲᠡᠢ ᠦᠬᠦᠨ ᠪᠠᠶ᠋ᠢᠯᠲᠤᠵᠤ ᠪᠠᠶ᠋ᠢᠯ᠎ᠠ᠃
ᠨᠥᠬᠥᠳ ᠨᠢ ᠪᠦᠷ ᠭᠣᠣᠯ ᠊ᠢ ᠭᠠᠲᠤᠯᠤᠭᠰᠠᠨ ᠤ᠋ ᠳᠠᠷᠠᠭ᠎ᠠ᠂ ᠲᠡᠷᠡ ᠰᠠᠶᠢ ᠭᠣᠣᠯ ᠭᠠᠲᠤᠯᠬᠤ ᠪᠠᠷ ᠮᠥᠰᠥᠨ ᠳᠡᠭᠡᠷ᠎ᠡ
ᠳᠠᠪᠬᠢᠨ ᠭᠠᠷᠤᠭᠠᠳ᠂ ᠭᠣᠣᠯ ᠤ᠋ᠨ ᠳᠤᠮᠳᠠ ᠲᠦᠰᠢᠶ᠎ᠡ ᠬᠦᠷᠬᠦ ᠦᠶᠡᠰ ᠭᠡᠨᠡᠳᠲᠡ ᠳᠠᠶ᠋ᠢᠰᠤᠨ ᠰᠤᠮᠤᠨ ᠳ᠋ᠤ᠌ ᠣᠨᠣᠭᠳᠠᠵᠤ
ᠬᠥᠮᠦᠨ ᠮᠣᠷᠢ ᠲᠠᠢ ᠪᠠᠨ ᠭᠣᠣᠯ ᠳ᠋ᠤ᠌ ᠤᠨᠠᠪᠠ᠃ ᠮᠣᠩᠭᠣᠯ ᠦᠨᠳᠦᠰᠦᠲᠡᠨ ᠦ᠌ ᠠᠷᠠᠳ ᠲᠦᠮᠡᠨ ᠦ᠌ ᠰᠠᠶᠢᠨ ᠬᠦᠦ
ᠭᠠᠳᠠ ᠮᠠᠶ᠋ᠢᠷᠠᠨ ᠮᠣᠩᠭᠣᠯᠴᠤᠳ ᠤ᠋ᠨ ᠤᠤᠭᠤᠭᠰᠠᠨ ᠤᠰᠤ ᠤᠨᠠᠭᠰᠠᠨ ᠰᠢᠷᠣᠢ ᠶ᠋ᠢ ᠬᠠᠮᠠᠭᠠᠯᠠᠬᠤ ᠶ᠋ᠢᠨ ᠲᠥᠯᠥᠭᠡ
ᠬᠠᠷᠭᠢᠰ ᠳᠠᠶ᠋ᠢᠰᠤᠨ ᠲᠠᠢ ᠡᠷᠡᠰ ᠪᠠᠶ᠋ᠢᠯᠲᠤᠭᠰᠠᠭᠠᠷ ᠪᠠᠭᠠᠲᠤᠷᠯᠢᠭ ᠢ᠋ᠶ᠋ᠠᠷ ᠦᠷᠡᠭᠲᠡᠵᠡᠢ᠃
ᠭᠠᠳᠠ ᠮᠠᠶ᠋ᠢᠷᠠᠨ ᠤ᠋
ᠰᠢᠳᠤᠷᠭᠤ ᠪᠣᠰᠤᠯᠭ᠎ᠠ ᠬᠡᠲᠦᠶ᠋ᠢᠪᠡᠷ ᠢᠯᠠᠭᠳᠠᠭᠰᠠᠨ ᠪᠣᠯᠪᠠᠴᠤ ᠦᠨᠳᠦᠰᠦᠲᠡᠨ ᠦ᠌ ᠪᠠᠭᠠᠲᠤᠷ ᠤ᠋ᠨ ᠠᠭᠤᠤ ᠳᠦᠷᠢ
ᠨᠢ ᠠᠷᠠᠳ ᠲᠦᠮᠡᠨ ᠦ᠌ ᠰᠡᠳᠬᠢᠯ ᠵᠢᠷᠦᠬᠡᠨ ᠳ᠋ᠦ᠍ ᠬᠠᠳᠠᠩᠰᠢᠵᠤ᠂ ᠲᠡᠭᠦᠨ ᠦ᠌ ᠥᠷᠯᠥᠭ ᠦᠢᠯᠡᠰ ᠦᠯᠡᠮᠵᠢ ᠭᠠᠪᠢᠶ᠎ᠠ ᠶ᠋ᠢ
ᠮᠠᠭᠲᠠ ᠳᠠᠭᠤᠯᠠᠭᠰᠠᠨ
《 ᠤᠷᠢᠳᠤ ᠵᠦᠭ ᠡᠴᠡ ᠨᠢᠰᠦᠭᠡᠳ ᠢᠷᠡᠬᠦ
ᠤᠯᠠᠭᠠᠨ ᠭᠠᠯᠠᠭᠤᠨ ᠤ᠋ ᠵᠤᠯᠵᠠᠭ᠎ᠠ ᠬᠦᠢ
ᠤᠷᠲᠤ ᠶᠡᠬᠡ ᠰᠢᠷ᠎ᠠ ᠮᠥᠷᠡᠨ ᠳ᠋ᠦ᠍ ᠪᠡᠨ
ᠰᠠᠭᠤᠬᠤ ᠦᠭᠡᠢ ᠪᠡᠷ ᠨᠢᠰᠦᠨ᠎ᠡ ᠤᠤ ᠳᠠ ᠬᠦᠢ
ᠤᠷᠪᠠᠭᠠᠳ ᠭᠠᠷᠤᠭᠰᠠᠨ ᠭᠠᠳᠠ ᠮᠠᠶ᠋ᠢᠷᠠᠨ ᠤ᠋
ᠤᠴᠢᠷ ᠶᠠᠪᠤᠳᠠᠯ ᠊ᠢ ᠬᠡᠯᠡᠪᠡᠯ ᠬᠦᠢ
ᠤᠯᠤᠰ ᠣᠯᠠᠨ ᠮᠣᠩᠭᠣᠯᠴᠤᠳ ᠤ᠋ᠨ
ᠤᠨᠠᠭᠰᠠᠨ ᠰᠢᠷᠣᠢ ᠶ᠋ᠢᠨ ᠲᠥᠯᠥᠭᠡ ᠥᠪᠡᠷ ᠰᠢᠦ ᠬᠦᠢ ᠁ 》 ᠬᠡᠮᠡᠬᠦ ᠲᠤᠤᠯᠢᠰ ᠳᠠᠭᠤᠤ ᠨᠢ ᠡᠳᠦᠭᠡ ᠪᠣᠯᠲᠠᠯ᠎ᠠ ᠤᠯᠠᠮᠵᠢᠯᠠᠭᠳᠠᠨ ᠳᠠᠭᠤᠯᠠᠭᠳᠠᠭᠰᠠᠭᠠᠷ ᠪᠠᠶ᠋ᠢᠨ᠎ᠠ᠃
ᠦᠰᠦᠭ ᠠᠮᠢᠯᠠᠭᠤᠯᠤᠭᠰᠠᠨ ᠳᠡᠯᠭᠡᠷ
