ᠠᠪᠤ ᠮᠢᠨᠢ — ᠠᠭᠤᠯᠠ ᠄ ᠭᠦᠷᠵᠠᠪ Аав минь — Уул    ᠄  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠮᠢᠨᠢ — ᠠᠭᠤᠯᠠ ᠄ ᠭᠦᠷᠵᠠᠪ Аав минь — Уул    ᠄  Гүржав

ᠠᠪᠤ ᠮᠢᠨᠢ — ᠠᠭᠤᠯᠠ ᠄ ᠭᠦᠷᠵᠠᠪ Аав минь — Уул    ᠄  Гүржав

2023-03-24

293

ᠠᠪᠤ ᠮᠢᠨᠢ — ᠠᠭᠤᠯᠠ


            ᠭᠦᠷᠵᠡᠪ

ᠠᠪᠤ ᠮᠢᠨᠢ — ᠠᠭᠤᠯᠠ
ᠠᠴᠢᠯᠠᠯ ᠲᠡᠭᠦᠰ ᠠᠭᠤᠯᠠ
ᠠᠴᠢᠷ ᠦᠷ᠎ᠡ ᠪᠡᠨ ᠰᠤᠷᠭᠠᠬᠤ ᠭᠡᠵᠦ
ᠠᠵᠠᠲᠠᠢ ᠵᠤᠯᠠᠲᠠᠢ ᠥᠰᠭᠡᠬᠦ ᠭᠡᠵᠦ
ᠠᠬᠤᠢ ᠠᠮᠢᠲᠤᠷᠠᠯ  ᠶ᠋ᠢᠠᠨ ᠲᠦᠪᠬᠢᠨᠡᠭᠦᠯᠬᠦ ᠭᠡᠵᠦ
ᠠᠰᠢᠲᠠ ᠳᠡᠭᠡᠭᠰᠢ ᠪᠡᠨ ᠲᠠᠲᠠᠬᠤ ᠭᠡᠵᠦ
ᠠᠵᠢᠯ ᠬᠢᠲᠡᠯ ᠪᠦᠬᠦᠨ ᠳ᠋ᠡᠭᠡᠨ
ᠠᠵᠢᠯᠯᠠᠬ᠋᠎ᠠ ᠬᠥᠭᠡᠭᠡᠴᠡᠯᠲᠦᠭᠡ ᠪᠦᠷᠢ ᠳ᠋ᠡᠭᠡᠨ
ᠠᠯᠮᠠᠶ᠋ᠢᠷᠠᠯ ᠦᠭᠡᠢ ᠰᠢᠮᠲᠠᠲᠠᠭ
ᠠᠯᠭᠠᠰᠠᠯ ᠦᠭᠡᠢ ᠵᠢᠳᠬᠦᠳᠡᠭ
ᠠᠴᠢᠯᠠᠯ ᠲᠡᠭᠦᠰ ᠠᠭᠤᠯᠠ ᠃
ᠠᠪᠤ ᠮᠢᠨᠢ —  ᠠᠭᠤᠯᠠ
ᠠᠪᠤᠷᠭᠤ ᠲᠣᠮᠣ ᠠᠭᠤᠯᠠ
ᠠᠷᠪᠠᠨ ᠬᠤᠷᠤᠭᠤ ᠬᠠᠷᠠᠭᠲᠠᠬᠤ ᠦᠭᠡᠢ
ᠠᠭᠠᠷ ᠦ᠋ᠨ ᠬᠠᠷᠠᠩᠭᠤᠢ ᠰᠥᠨᠢ
ᠠᠯᠤᠰ ᠬᠡᠭᠡᠷ᠎ᠡ ᠭᠠᠷᠴᠤ
ᠠᠶᠠᠨ ᠵᠠᠮ ᠬᠥᠭᠡᠭᠡᠬᠦ  ᠳ᠋ᠦ᠍
ᠠᠯᠠᠭ ᠬᠣᠶᠠᠷ ᠨᠢᠲᠦᠨ  ᠳ᠋ᠦ᠍ ᠮᠢᠨᠢ
ᠠᠮᠤᠭᠤᠯᠠᠩ  ᠰᠦᠷᠯᠢᠭ ᠶ᠋ᠢᠡᠷ ᠰᠦᠮᠪᠦᠷᠯᠡᠵᠦ
ᠠᠶᠤᠨ  ᠪᠠᠯᠠᠲᠠᠬᠤ ᠰᠡᠤᠠᠬᠢᠯ ᠊ᠢ ᠮᠢᠨᠢ
ᠠᠷᠢᠯᠭᠠ  ᠨᠠᠮᠬᠠᠤᠠᠬᠠᠵᠤ ᠲᠠᠶ᠋ᠢᠤᠠᠬᠤᠷᠠᠭᠤᠯᠲᠠᠭ
ᠠᠪᠤᠷᠭᠤ ᠲᠣᠮᠣ ᠠᠭᠤᠯᠠ ᠃
ᠠᠪᠤ ᠮᠢᠨᠢ — ᠠᠭᠤᠯᠠ
ᠠᠭᠠᠰᠢ ᠨᠠᠶ᠋ᠢᠷᠠᠮᠲᠠᠭᠤ ᠠᠭᠤᠯᠠ
ᠠᠶ᠋ᠢᠯ  ᠵᠡᠷᠭᠡᠯᠡᠲᠡᠭᠡ ᠣᠯᠠᠨ ᠪ ᠪᠡᠨ
ᠠᠯᠢ ᠪᠠᠶ᠋ᠢᠬᠰᠠᠨ ᠶᠠᠪᠤᠲᠠᠯ ᠊ᠢ
ᠠᠮᠢ ᠬᠤᠪᠢᠨ ᠪ ᠪᠠᠨ ᠤᠴᠢᠷ  ᠰᠢᠭ᠋
ᠠᠲᠠᠯᠢ  ᠲᠡᠭᠰᠢ ᠪᠡᠷ ᠦᠵᠡᠵᠦ
ᠠᠯᠢᠰᠤ ᠵᠡᠭᠡᠰᠦ ᠲᠡᠭᠡᠭᠡᠬᠦ
ᠠᠷᠭᠠᠯ ᠲᠦᠯᠡᠰᠢ ᠣᠶ᠋ᠢᠷᠠᠲᠤᠭᠤᠯᠬᠤ
ᠠᠷᠰᠠᠷ ᠦᠢᠯᠡ ᠪᠦᠲᠦᠭᠡᠯᠭᠡ ᠳ᠋ᠤᠨᠢ
ᠠᠯᠠᠭ ᠦᠭᠡᠢ ᠰᠡᠤᠠᠬᠢᠯ ᠶ᠋ᠢᠡᠷ ᠱᠣᠭᠰᠢᠲᠠᠭ —
ᠠᠭᠠᠰᠢ ᠨᠠᠶ᠋ᠢᠷᠠᠮᠲᠠᠭᠤ ᠠᠭᠤᠯᠠ ᠃ 
ᠠᠪᠤ ᠮᠢᠨᠢ — ᠠᠭᠤᠯᠠ
ᠠᠮᠢᠰᠬᠤᠯ ᠠᠭᠤᠵᠢᠮ ᠠᠭᠤᠯᠠ
ᠠᠲᠠᠭᠠᠷᠬᠠᠭ ᠵᠠᠷᠢᠮ ᠨᠥᠬᠥᠳ ᠨᠢ
ᠠᠯᠠᠭᠠᠲᠠᠭᠠᠳ ᠨᠢᠲᠤᠷᠭᠠᠲᠠᠭᠠᠳ ᠠᠪᠬᠤ  ᠳ᠋ᠦ᠍
ᠠᠪᠤᠷᠢ ᠮᠠᠭᠤ ᠲᠠᠢ ᠨᠢᠭᠡ ᠨᠢ
ᠠᠷᠤ ᠬᠣᠶ᠋ᠢᠭᠤᠷ ᠨᠢ ᠶᠣᠷᠣᠯᠠᠴᠢᠬᠠᠬᠤ  ᠳ᠋ᠦ᠍
ᠠᠲᠠᠭᠠᠷᠬᠠᠵᠤ ᠵᠢᠲᠦᠭᠡᠷᠬᠡᠨ ᠠᠭᠤᠷᠯᠠᠲᠠᠭ ᠦᠭᠡᠢ
ᠠᠷᠬ᠋᠎ᠠ ᠪᠠᠨ ᠪᠠᠷᠠᠨ ᠪᠤᠬᠢᠨᠢᠲᠤᠲᠠᠭ ᠦᠭᠡᠢ
ᠠᠶ᠋ᠢᠪᠤᠷ ᠰᠠᠶ᠋ᠢᠪᠤᠷ ᠭᠠᠷᠭᠠᠲᠠᠭ ᠦᠭᠡᠢ
ᠠᠪᠤᠰᠢ ᠦᠭᠡᠢ ᠮᠠᠭᠤᠬᠠᠢ  ᠳᠦᠷᠢᠯᠡᠳᠡᠭ ᠦᠭᠡᠢ
ᠠᠮᠢᠰᠬᠤᠯ ᠠᠭᠤᠵᠢᠮ ᠠᠭᠤᠯᠠ ᠃ 
ᠠᠪᠤ ᠮᠢᠨᠢ — ᠠᠭᠤᠯᠠ
ᠠᠯᠬᠤᠲᠠᠯ ᠴᠢᠩᠬ᠋᠎ᠠ ᠠᠭᠤᠯᠠ
ᠠᠵᠢᠷᠭᠠᠨ ᠳᠣᠭᠰᠢᠨ ᠪᠣᠷᠣᠬ᠋᠎ᠠ
ᠠᠶᠤᠤᠯᠢᠬᠠᠢ ᠶ᠋ᠢ ᠡᠮᠵᠡᠭᠯᠡᠭᠦᠯᠬᠦ ᠦᠲᠡᠰᠢ
ᠠᠷᠲᠠᠭ ᠭᠠᠯᠵᠠᠭᠤ ᠰᠢᠭᠤᠷᠬ᠋᠎ᠠ
ᠠᠷᠠᠰᠤ ᠶ᠋ᠢ ᠵᠢᠮᠵᠢᠭᠢᠨᠡᠭᠦᠯᠬᠦ ᠴᠠᠭ
ᠠᠶᠠᠯᠠᠭᠰᠠᠨ ᠵᠦᠭ ᠶ᠋ᠢᠡᠨ ᠠᠯᠲᠠᠲᠠᠭ 
ᠠᠤᠠᠬᠤᠭᠰᠠᠨ ᠤᠷᠬ᠋᠎ᠠ ᠪᠠᠨ ᠲᠠᠶᠠᠭᠲᠠᠲᠠᠭ ᠦᠭᠡᠢ
ᠠᠮᠠᠯᠠᠭᠰᠠᠨ ᠡᠭᠦᠷᠭᠡ ᠪᠡᠨ ᠬᠣᠭᠣᠰᠤᠲᠠᠭᠤᠯᠲᠠᠭ ᠦᠭᠡᠢ
ᠠᠮᠵᠢᠯᠲᠠ ᠪᠦᠲᠦᠮᠵᠢ ᠪᠡᠨ ᠭᠠᠵᠠᠷᠲᠠᠭᠤᠯᠲᠠᠭ  ᠦᠭᠡᠢ
ᠠᠯᠬᠤᠲᠠᠯ ᠴᠢᠩᠬ᠋᠎ᠠ ᠠᠭᠤᠯᠠ ᠃

     ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ19 ᠪ ᠡᠲᠦᠷ ᠃