ᠣᠲᠣ – ᠭᠦᠷᠵᠠᠪ Од – Гүржав
ᠣᠲᠣ
ᠭᠦᠷᠵᠠᠪ
ᠣᠷᠣᠬ᠋ᠠ ᠴᠠᠭᠠᠨ ᠤᠷᠴᠢᠯᠠᠩ ᠦ᠋ᠨ
ᠤᠤᠠᠬᠠᠨ ᠵᠢᠭᠠᠬᠠᠨ ᠳᠡᠭᠦᠦ
ᠣᠩᠭᠣᠨ ᠴᠡᠩᠬᠡᠷ ᠲᠩᠷᠢ ᠶ᠋ᠢᠨ
ᠣᠭᠣᠰᠣᠷ ᠪᠦᠴᠡ ᠦᠭᠡᠢ ᠡᠷᠢᠬᠡ
ᠣᠷᠣᠢ ᠣᠷᠣᠢ —
ᠣᠷᠣᠢ ᠳᠡᠭᠡᠷ᠎ᠡ ᠮᠢᠨᠢ ᠠᠨᠢᠪᠴᠢᠲᠠᠭ
ᠣᠨᠴᠠ ᠶ᠋ᠢᠨ ᠬᠠᠴᠢᠨ ᠭᠠᠷᠠᠭ
ᠣᠩᠭᠣᠷᠬᠠᠢ ᠰᠢᠷ᠎ᠠ ᠬᠦᠦ ᠮᠢᠨᠦ
ᠣᠴᠢᠶ᠎ᠠ ᠭᠡᠵᠦ ᠪᠤᠲᠤᠲᠠᠭ ᠭᠠᠵᠠᠷ
ᠣᠯᠠᠨ ᠠᠷᠪᠢᠨ ᠡᠷᠲᠡᠮᠲᠡᠨ ᠮᠡᠷᠭᠡᠵᠢᠯᠲᠡᠳ ᠦ᠋ᠨ
ᠣᠶᠤᠨ ᠶ᠋ᠢᠠᠨ ᠰᠢᠪᠬᠠᠵᠤ
ᠤᠷᠤᠯᠲᠤᠲᠠᠭ — ᠰᠤᠲᠤᠯᠭᠠᠨ
ᠣᠲᠣ ᠪᠣᠯᠲᠠᠯ᠎ᠠ ᠬᠥᠮᠦᠨ ᠲᠥᠷᠥᠯᠬᠢᠲᠡᠨ ᠪ
ᠤᠭᠤᠰᠤᠷᠯᠠᠵᠤ — ᠡᠷᠬᠡᠰᠢᠶᠡᠭᠡ ᠦᠭᠡᠢ ᠣᠷᠣᠨ
ᠣᠲᠣ — ᠴᠣᠬᠣᠮ ᠰᠣᠨᠢᠨ
ᠣᠨᠢᠰᠣᠬ᠋᠎ᠠ ᠲᠠᠭᠠᠪᠦᠷᠢ ᠰᠢᠭ᠋ ᠰᠣᠨᠢᠨ
ᠤᠪᠠᠲᠢᠰᠲᠤ ᠨᠢᠭᠤᠴᠠ ᠶ᠋ᠢ ᠨᠢ
ᠡᠷᠲᠡᠬᠡᠨ ᠢᠯᠡᠷᠡᠭᠦᠯᠵᠦ
ᠣᠭᠣᠰᠣᠷᠯᠠᠵᠤ ᠨᠤᠭᠲᠤᠯᠠᠵᠤ ᠶᠠᠪᠤᠶ᠎ᠠ ᠪᠢᠲᠡ
ᠣᠷᠣᠩᠨᠠᠵᠤ ᠂ ᠰᠠᠭᠤᠷᠢᠰᠢᠵᠤ ᠂ ᠂ ᠂ ᠂ ᠰᠠᠭᠤᠶ᠎ᠠ ᠪᠢᠲᠡ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠮᠢᠭᠮᠡᠷ
ᠬᠢᠨᠠᠭᠴᠢ ᠄ ᠪᠠᠶᠠᠷᠴᠡᠴᠡᠭ
2023 ᠂3 ᠂19 ᠪ ᠡᠲᠦᠷ
