ᠬᠥᠮᠦᠨ ᠪ ᠨᠢᠭᠡ ᠨᠠᠰᠤ – ᠭᠦᠷᠵᠠᠪ Хүний нэг нас  – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠪ ᠨᠢᠭᠡ ᠨᠠᠰᠤ – ᠭᠦᠷᠵᠠᠪ Хүний нэг нас  – Гүржав

ᠬᠥᠮᠦᠨ ᠪ ᠨᠢᠭᠡ ᠨᠠᠰᠤ – ᠭᠦᠷᠵᠠᠪ Хүний нэг нас  – Гүржав

2023-03-24

318

ᠬᠥᠮᠦᠨ ᠪ ᠨᠢᠭᠡ ᠨᠠᠰᠤ


       — ᠵᠠᠯᠠᠭᠤ ᠪᠠᠬ᠋᠎ᠠ  ᠨᠥᠬᠥᠳ ᠲᠡᠭᠡᠨ
                ᠭᠦᠷᠵᠠᠪ

 ᠬᠥᠮᠦᠨ ᠪ ᠨᠢᠭᠡᠨ ᠨᠠᠰᠤ ᠭᠡᠵᠦ
 ᠬᠥᠷᠥᠰᠥᠨ  ᠳ᠋ᠦ᠍ ᠰᠠᠴᠤᠭᠰᠠᠨ ᠠᠯᠠᠭ ᠦᠷ᠎ᠡ
 ᠬᠦᠪᠦᠷᠡᠵᠦ ᠴᠤᠬᠤᠶ᠋ᠢᠬᠰᠠᠨ ᠨᠢᠯᠬ᠎ᠠ ᠨᠠᠬᠢᠶ᠎ᠠ
 ᠬᠥᠯ  ᠳ᠋ᠦ᠍ ᠣᠷᠣᠬᠤ ᠪᠢᠴᠢᠬᠠᠨ ᠬᠡᠦᠬᠡᠳ
 ᠬᠥᠲᠥᠯ ᠳᠠᠪᠠᠬᠤ ᠬᠥᠰᠭᠡ ᠲᠡᠷᠭᠡ ᠁
 ᠬᠠᠶ᠋ᠢᠷᠠᠯᠠᠵᠤ ᠬᠢᠮᠠᠭᠠᠲᠠᠵᠤ ᠶᠠᠪᠤᠶ᠎ᠠ
 ᠬᠥᠮᠦᠨ ᠪ ᠨᠢᠭᠡᠨ ᠨᠠᠰᠤ ᠭᠡᠵᠦ
 ᠲᠠᠯ᠎ᠠ  ᠳ᠋ᠦ᠍ ᠳᠡᠯᠭᠡᠷᠡᠬᠦ ᠬᠦᠢᠰ  ᠴᠡᠴᠡᠭ
 ᠲᠠᠬᠢᠷᠯᠠᠵᠤ ᠮᠤᠷᠤᠶ᠋ᠢᠯᠵᠠᠭᠰᠠᠨ ᠨᠠᠷᠢᠨ ᠭᠣᠷᠣᠬ᠎ᠠ
 ᠲᠠᠪᠰᠢᠵᠤ — ᠥᠭᠡᠲᠡᠯᠡᠬᠦ ᠵᠠᠮ ᠮᠥᠷ
 ᠲᠠᠰᠤᠷᠠᠵᠤ — ᠰᠤᠭᠤᠷᠠᠬᠤ ᠠᠵᠠ ᠬᠡᠢ ᠮᠣᠷᠢ
 ᠡᠷᠭᠦᠵᠦ ᠲᠠᠲᠠᠵᠤ ᠶᠠᠪᠤᠶ᠎ᠠ
 ᠬᠥᠮᠦᠨ ᠪ ᠨᠢᠭᠡᠨ ᠨᠠᠰᠤ ᠭᠡᠵᠦ
 ᠪᠣᠰᠬᠠᠵᠤ ᠪᠦᠲᠦᠭᠡᠬᠦ ᠶᠠᠪᠤᠴᠠ ᠂ ᠥᠩᠭᠡᠷᠡᠯᠲᠡ
 ᠪᠣᠲᠣᠵᠤ ᠰᠡᠤᠠᠬᠢᠬᠦ ᠵᠠᠢ ᠂ ᠵᠠᠪᠰᠠᠷ
 ᠪᠤᠰᠢᠭᠤᠯᠠᠵᠤ ᠲᠦᠷᠭᠡᠯᠡᠬᠦ ᠵᠠᠩ ᠂ ᠵᠢᠮ᠎ᠡ
 ᠪᠤᠲᠠᠷᠠᠭᠤᠯᠵᠤ ᠰᠡᠶ᠋ᠢᠭᠡᠭᠦᠯᠬᠦ ᠵᠦᠭ ᠂ ᠴᠢᠭ᠌ ᠁
 ᠬᠠᠮᠠᠭᠠᠯᠠᠵᠤ ᠲᠦᠰᠢᠵᠦ ᠶᠠᠪᠤᠶ᠎ᠠ
 ᠬᠥᠮᠦᠨ ᠪ ᠨᠢᠭᠡᠨ ᠨᠠᠰᠤ ᠭᠡᠵᠦ
 ᠤᠨᠠᠵᠤ ᠲᠤᠰᠬᠤ ᠤᠴᠢᠷ ᠶᠠᠪᠤᠲᠠᠯ
 ᠤᠬᠤᠷᠢᠵᠤ ᠮᠡᠲᠡᠬᠦ ᠲᠣᠬᠢᠶᠠᠯᠲᠤᠯ ᠬᠠᠷᠭᠤᠯ
 ᠤᠷᠠᠭᠲᠠᠵᠤ ᠰᠡᠮᠡᠷᠡᠬᠦ ᠤᠭ ᠵᠦᠢ
 ᠤᠷᠤᠭᠤᠲᠠᠵᠤ ᠪᠤᠲᠠᠷᠠᠬᠤ ᠡᠨᠲᠡᠰᠢ ᠪᠣᠯᠵᠤ ᠁
 ᠬᠢᠴᠢᠶᠡᠵᠦ ᠪᠣᠯᠭᠣᠮᠵᠢᠯᠠᠵᠤ ᠶᠠᠪᠤᠶ᠎ᠠ


     ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠪᠠᠶᠠᠷᠴᠡᠴᠡᠭ
         ᠬᠢᠨᠠᠭᠴᠢ ᠄  ᠪᠠᠶᠠᠷᠴᠡᠴᠡᠭ
         20230319