ᠪᠥᠮᠪᠥᠷᠴᠡᠭ — ᠮᠢᠨᠦ ᠡᠵᠢ ᠄ ᠭᠦᠷᠵᠠᠪ Бөмбөрцөг —Миний ээж ᠄ Гүржав
ᠪᠥᠮᠪᠥᠷᠴᠡᠭ — ᠮᠢᠨᠦ ᠡᠵᠢ
ᠭᠦᠷᠵᠠᠪ
ᠪᠤᠷᠤ ᠡᠲᠦᠷ᠂ ᠰᠢᠷ᠎ᠠ ᠬᠣᠨᠣᠭ ᠢ
ᠪᠣᠰᠤᠬ᠋᠎ᠠ ᠬᠠᠲᠠᠨ ᠵᠣᠷᠢᠬ ᠶ᠋ᠢᠠᠷ ᠶ᠋ᠢᠠᠨ ᠲᠤᠭᠤᠯᠵᠤ
ᠪᠣᠷᠣᠭᠠᠨ᠂ ᠰᠠᠯᠬᠢᠨ᠂ ᠴᠠᠰᠤ᠂ ᠰᠢᠭᠤᠷᠭᠠᠨ ᠢ
ᠪᠣᠯᠤᠳ ᠴᠢᠬᠢᠷᠠᠬ ᠠᠵᠢᠯᠯᠠᠬ᠋᠎ᠠ ᠪᠠᠷ ᠶ᠋ᠢᠠᠨ ᠢᠯᠠᠵᠤ
ᠪᠤᠴᠠᠯᠲᠠ ᠦᠭᠡᠢ ᠤᠷᠤᠭᠰᠢ ᠵᠢᠳᠬᠦᠭᠰᠡᠨ
ᠪᠥᠮᠪᠥᠷᠴᠡᠭ — ᠮᠢᠨᠦ ᠡᠵᠢ
ᠪᠦᠭᠦᠲᠡ ᠣᠯᠠᠨ ᠪ ᠠᠴᠢᠯᠠᠯᠲᠤ ᠡᠵᠢ
ᠪᠦᠷᠬᠦᠭ᠂ ᠪᠠᠯᠠᠷᠯᠢᠬ ᠦᠵᠡᠯᠲᠡ ᠲᠠᠨᠢᠯᠲᠠ ᠶ᠋ᠢ
ᠪᠦᠲᠦᠨ ᠴᠠᠭᠠᠨ ᠥᠯᠢᠭᠡᠷ ᠶ᠋ᠢᠡᠷ ᠶ᠋ᠢᠡᠨ ᠭᠡᠭᠡᠷᠡᠭᠦᠯᠵᠦ
ᠪᠦᠷᠢᠯᠲᠦᠴᠡ ᠳᠣᠲᠠᠮᠠᠭ ᠪᠣᠲᠣᠯ ᠰᠡᠤᠠᠬᠢᠯ ᠢ
ᠪᠦᠷᠢᠨ ᠤᠴᠢᠷᠯᠠᠭ ᠰᠤᠷᠭᠠᠯ ᠶ᠋ᠢᠠᠷ ᠶ᠋ᠢᠠᠨ ᠤᠬᠠᠭᠠᠷᠠᠭᠤᠯᠵᠤ
ᠪᠦᠲᠦᠷᠢᠵᠦ ᠲᠡᠨᠲᠡᠷᠡᠯ ᠦᠭᠡᠢ ᠤᠷᠤᠭᠰᠢ ᠲᠡᠮᠡᠦᠯᠦᠭᠰᠡᠨ
ᠪᠥᠮᠪᠥᠷᠴᠡᠭ — ᠮᠢᠨᠦ ᠡᠵᠢ
ᠪᠦᠭᠦᠲᠡ ᠣᠯᠠᠨ ᠪ ᠭᠠᠪᠢᠶᠠᠲᠤ ᠡᠵᠢ
ᠪᠥᠭᠴᠥᠭᠡᠷ ᠲᠤᠷᠲᠠᠭᠤᠨ ᠴᠡᠴᠡᠭ ᠦ᠋ᠨ ᠠᠮᠢ ᠶ᠋ᠢ
ᠪᠦᠯᠢᠶᠡᠨ ᠳᠤᠯᠠᠭᠠᠨ ᠠᠮᠢᠰᠬᠤᠯ ᠶ᠋ᠢᠠᠷ ᠶ᠋ᠢᠠᠨ ᠰᠡᠷᠭᠦᠭᠡᠵᠦ
ᠪᠦᠷᠢᠤᠠᠴᠦ ᠰᠦᠨᠲᠡᠷᠯᠡᠬᠦ ᠦᠢᠯᠡᠰ ᠦ᠋ᠨ ᠴᠠᠮᠬᠠᠭ ᠢ
ᠪᠦᠲᠦᠭᠡᠯᠴᠢ ᠤᠷᠠᠨ ᠠᠯᠠᠬ᠋᠎ᠠ ᠪᠠᠷ ᠶ᠋ᠢᠠᠨ ᠡᠷᠭᠦᠵᠦ
ᠪᠦᠬᠦᠨ ᠪ ᠡᠮᠦᠨ᠎ᠡ ᠡᠴᠡ ᠠᠯᠢᠪᠠ ᠪᠠᠨ ᠥᠷᠡᠭᠳᠡᠭᠦᠯᠦᠭᠰᠡᠨ
ᠪᠥᠮᠪᠥᠷᠴᠡᠭ — ᠮᠢᠨᠦ ᠡᠵᠢ
ᠪᠦᠭᠦᠲᠡ ᠣᠯᠠᠨ ᠪ ᠵᠢᠤᠠᠬᠦᠯᠲᠦ ᠡᠵᠢ
ᠢᠷᠡᠯᠲᠡ ᠄
ᠭᠦᠷᠵᠠᠪ ᠦ᠋ᠨ ᠵᠣᠬᠢᠶᠠᠭᠰᠠᠨ 《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠃
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ ᠃
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ9 ᠰᠠᠷ᠎ᠠ ᠳᠤ ᠠᠩᠬᠠᠲᠤᠭᠠᠷ ᠬᠡᠪ ᠢ ᠬᠢᠪᠡ ᠂
2004 ᠣᠨ ᠪ9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠬᠢᠨᠠᠭᠴᠢ ᠄ ᠪᠠᠶᠠᠷᠴᠡᠴᠡᠭ
2013 ᠂3 ᠂18 ᠪ ᠡᠲᠦᠷ
