ᠪᠣᠯᠵᠣᠮᠣᠷ - ᠭᠦᠷᠵᠠᠪ Болжмор       –   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠯᠵᠣᠮᠣᠷ - ᠭᠦᠷᠵᠠᠪ Болжмор       –   Гүржав

ᠪᠣᠯᠵᠣᠮᠣᠷ - ᠭᠦᠷᠵᠠᠪ Болжмор       –   Гүржав

2023-03-24

275

ᠪᠣᠯᠵᠣᠮᠣᠷ


            ᠭᠦᠷᠵᠠᠪ  

 ᠪᠣᠷᠣ ᠰᠠᠷᠠᠪᠴᠢᠨ ᠳ᠋ᠤ᠌ ᠡᠭᠦᠷ ᠲᠡᠢ 
 ᠪᠤᠲᠠ ᠳᠡᠷᠡᠰᠦᠨ ᠳ᠋ᠦ᠍ ᠨᠤᠲᠤᠭ ᠲᠠᠢ 
 ᠪᠤᠷᠴᠠᠭ — ᠦᠷ᠎ᠡ ᠶ᠋ᠢᠨ ᠢᠳᠡᠰᠢ ᠲᠡᠢ  
 ᠪᠤᠷᠭᠠᠰᠤ ᠂ ᠰᠢᠪᠠᠭ ᠤ᠋ᠨ ᠵᠠᠭᠤᠰᠢ ᠲᠠᠢ 
 ᠪᠤᠰᠢᠭᠤ ᠂ ᠬᠥᠩᠭᠡᠨ ᠪᠣᠯᠵᠣᠮᠣᠷ 
 ᠪᠣᠯᠢ — ᠬᠥᠭᠡᠷᠦᠬᠦᠨ ᠠᠮᠢᠲᠠᠨ  
 ᠫᠦᠷᠴᠢᠭᠢᠨᠡᠲᠡᠯ᠎ᠡ ᠨᠢᠰᠦᠨ ᠪᠣᠰᠳᠠᠭ 
 ᠪᠤᠰᠤᠳ ᠠ᠋ᠴᠠ ᠱᠠᠯᠠᠮᠠᠭ ᠠᠮᠢᠲᠠᠨ 
 ᠪᠣᠷᠣᠭᠠᠨ ᠴᠠᠰᠤᠨ ᠠ᠋ᠴᠠ ᠠᠶᠤᠳᠠᠭ ᠦᠭᠡᠢ 
 ᠪᠤᠤᠭᠢᠬᠤ ᠰᠢᠭᠤᠷᠭᠠᠨ ᠠ᠋ᠴᠠ ᠵᠢᠷᠦᠬᠡᠰᠢᠶᠡᠳᠡᠭ ᠦᠭᠡᠢ 
 ᠪᠣᠰᠬᠤ ᠴᠠᠭ ᠠ᠋ᠴᠠ ᠪᠠᠨ ᠬᠣᠴᠣᠷᠳᠠᠭ ᠦᠭᠡᠢ 
 ᠪᠣᠯᠪᠠᠰᠤᠷᠠᠯ ᠰᠠᠢᠨ ᠠᠮᠢᠲᠠᠨ 
 ᠬᠦᠢᠲᠡᠨ ᠬᠠᠯᠠᠭᠤᠨ ᠠ᠋ᠴᠠ ᠰᠦᠷᠳᠡᠳᠡᠭ ᠦᠭᠡᠢ 
 ᠬᠥᠯᠳᠡᠵᠦ ᠲᠠᠭᠠᠷᠠᠬᠤ ᠠ᠋ᠴᠠ ᠡᠮᠢᠶᠡᠳᠡᠭ ᠦᠭᠡᠢ 
 ᠬᠥᠰᠢᠵᠦ ᠴᠢᠯᠡᠬᠦ ᠡᠴᠡ ᠵᠣᠪᠠᠳᠠᠭ ᠦᠭᠡᠢ 
 ᠬᠥᠳᠡᠯᠭᠡᠭᠡᠨ ᠲᠦᠷᠭᠡᠨ ᠠᠮᠢᠲᠠᠨ 
 ᠬᠥᠭᠵᠢᠶᠡᠨᠲᠦ ᠵᠢᠭᠠᠬᠠᠨ ᠬᠡᠦᠬᠡᠳ ᠦ᠋ᠳ ᠮᠢᠨᠢ 
 ᠬᠥᠳᠡᠭᠡ ᠭᠠᠳᠠᠭᠤᠷ ᠲᠣᠭᠣᠷᠢᠬᠤ ᠳ᠋ᠠᠭᠠᠨ 
 ᠬᠥᠭᠡᠷᠴᠦ ᠨᠢᠰᠬᠦ ᠪᠣᠯᠵᠣᠮᠣᠷ ᠊ᠢ 
 ᠬᠥᠭᠡᠭᠡᠵᠦ — ᠪᠢᠲᠡᠭᠡᠢ ᠥᠷᠭᠥᠭᠡ ᠳᠡ  
 ᠬᠦᠯᠲᠡᠭᠦᠰ ᠢ᠋ᠶ᠋ᠡᠷ ᠪᠢᠲᠡᠭᠡᠢ ᠴᠣᠬᠢ ᠳᠠ 
 ᠬᠥᠯ ᠊ᠢ ᠨᠢ ᠪᠤᠤ ᠭᠡᠮᠲᠦᠭᠡᠴᠢᠬᠡ ᠳᠡ 
 ᠬᠥᠨᠥᠭᠡᠯ ᠦᠭᠡᠢ — ᠲᠠᠶ᠋ᠢᠪᠤᠩ ᠠᠮᠢᠳᠤᠷᠠᠬᠤ ᠶ᠋ᠢ ᠨᠢ
 ᠬᠡᠵᠢᠶᠡᠳᠡ ᠪᠠᠲᠤᠯᠠᠵᠤ ᠶᠠᠪᠤ ᠳᠠ ! 

 ᠢᠷᠡᠯᠲᠡ ᠄  
        ᠭᠦᠷᠵᠠᠪ ᠤ᠋ᠨ ᠵᠣᠬᠢᠶᠠᠭᠰᠠᠨ 《 ᠬᠡᠦᠬᠡᠳ ᠨᠠᠰᠤ ᠰᠠᠢᠬᠠᠨ 》 ᠭᠡᠬᠦ ᠨᠣᠮ ᠠ᠋ᠴᠠ ᠬᠠᠭᠤᠯᠤᠨ ᠪᠢᠴᠢᠪᠡ ᠃ 
                ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ ᠃ 
                ᠥᠪᠥᠷ ᠮᠣᠩᠭᠣᠯ ᠤ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ ᠃  
                ᠥᠪᠥᠷ ᠮᠣᠩᠭᠣᠯ ᠤ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠳᠪᠦᠷᠢ ᠬᠡᠪᠯᠡᠪᠡ ᠃ 
                2004 ᠣᠨ ᠤ᠋9 ᠰᠠᠷ᠎ᠠ ᠳ᠋ᠤ᠌ ᠠᠩᠬᠠᠳᠤᠭᠠᠷ ᠬᠡᠪ ᠊ᠢ ᠬᠢᠪᠡ ᠃ 
                2004 ᠣᠨ ᠤ᠋9 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠭᠦᠯᠪᠡ ᠃  

       ᠦᠰᠦᠭ ᠠᠮᠢᠯᠠᠭᠤᠯᠤᠭᠴᠢ ᠄ ᠪᠠᠶᠠᠷᠴᠡᠴᠡᠭ 
       ᠬᠢᠨᠠᠭᠴᠢ ᠄ ᠪᠠᠶᠠᠷᠴᠡᠴᠡᠭ 
         20230318