ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-01Гүнгийн жуугийн гэгээний алтан сургаал оршивой-нэг ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-01Гүнгийн жуугийн гэгээний алтан сургаал оршивой-нэг

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-01Гүнгийн жуугийн гэгээний алтан сургаал оршивой-нэг

2023-03-24

425

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-01

  ᠨᠢᠭᠡᠳᠦᠭᠡᠷ ᠪᠦᠯᠦᠭ ᠰᠤᠷᠭᠠᠯ ᠰᠢᠯᠦᠭ

    ᠨᠢᠭᠡ

ᠠᠪᠤᠷᠠᠯ ᠤ᠋ᠨ ᠣᠷᠣᠨ ᠪᠦᠬᠦᠨ ᠨᠢᠭᠡᠨ ᠳᠡᠭᠡᠷ᠎ᠡ ᠬᠤᠷᠠᠭᠰᠠᠨ ᠂

ᠠᠴᠢ ᠲᠡᠭᠦᠰ ᠪᠯᠠᠮ᠎ᠡ ᠮᠢᠨᠦ ᠵᠢᠷᠦᠬᠡᠨ ᠳ᠋ᠦ᠍ᠷ ᠣᠷᠣᠰᠢ ᠂

ᠠᠳᠠᠭ ᠮᠢᠨᠦ ᠠᠳᠬᠠᠭ ᠰᠢᠨᠤᠯ ᠪᠤᠳᠤᠩᠭᠤᠢ ᠶ᠋ᠢ ᠠᠷᠢᠯᠭᠠᠨ ᠂

ᠠᠰᠠᠷᠠᠯᠲᠤ ᠰᠤᠷᠭᠠᠯ ᠦᠭᠡᠰ ᠊ᠢ ᠬᠤᠷᠴᠠ ᠪᠣᠯᠭᠠᠨ ᠠᠳᠢᠰᠯᠠ᠃

 

ᠢᠰᠢᠲᠠᠨᠽᠡᠨᠸᠠᠩᠵᠢᠯ ᠭᠡᠳᠡᠭ ᠬᠦᠩ ᠦ᠋ᠨ ᠵᠣᠣ ᠶ᠋ᠢᠨ ᠱᠠᠪᠷᠤᠩ ᠪᠢ ᠂

ᠢᠯᠡᠷᠬᠡᠶ᠋ᠢᠶ᠎ᠡ ᠡᠷᠳᠡᠮ ᠦᠭᠡᠢ ᠪᠡᠶ᠎ᠡ ᠳ᠋ᠡᠭᠡᠨ ᠭᠤᠨᠢᠭᠰᠢᠵᠤ ᠂

ᠢᠯᠡᠭᠦᠰᠢᠭ ᠶᠠᠷᠢᠭ ᠦᠭᠡᠰ ᠊ᠢ ᠰᠤᠷᠭᠠᠯ ᠪᠣᠯᠭᠠᠨ ᠪᠢᠴᠢᠭᠡᠳ ᠂

ᠢᠯᠡᠳᠬᠡᠵᠦ ᠲᠠᠷᠬᠠᠭᠠᠬᠤ ᠶᠠᠮᠪᠠᠷ ᠮᠠᠭᠤᠬᠠᠢ ᠰᠣᠯᠢᠶᠠᠨ᠃

 

ᠣᠰᠣᠯ ᠦᠭᠡᠢ ᠪᠯᠠᠮ᠎ᠡ ᠶ᠋ᠢᠨ ᠠᠳᠢᠰ ᠲᠤᠰᠠ ᠪᠣᠯᠬᠤ ᠪᠡᠷᠬᠡ ᠪᠣᠢ ᠂

ᠣᠯᠢᠭ ᠦᠭᠡᠢ ᠮᠢᠨᠦ ᠣᠶᠤᠨ ᠮᠡᠷᠭᠡᠨ ᠪᠣᠯᠬᠤ ᠪᠡᠷᠬᠡ ᠪᠣᠢ ᠂

ᠣᠨᠣᠯ ᠦᠭᠡᠢ ᠡᠨᠡ ᠴᠠᠭ ᠲᠤᠷ ᠬᠡᠷᠡᠭ ᠪᠣᠯᠬᠤ ᠪᠡᠷᠬᠡ ᠪᠣᠢ ᠂

ᠤᠪ ᠦᠭᠡᠢ ᠠᠮᠢᠲᠠᠨ ᠳ᠋ᠤᠷ ᠰᠤᠷᠭᠠᠯ ᠪᠣᠯᠬᠤ ᠪᠡᠷᠬᠡ ᠪᠣᠢ᠃

 

ᠵᠠᠪᠰᠢᠭᠤᠯᠤᠨ ᠠᠪᠤᠭᠰᠠᠨ ᠨᠢ ᠳᠡᠭᠡᠳᠦᠰ ᠦ᠋ᠨ ᠲᠠᠭᠠᠯᠠᠯ ᠂

ᠵᠠᠩᠭᠤᠷᠠᠵᠤ ᠬᠡᠯᠡᠬᠦ ᠢᠨᠤ ᠮᠢᠨᠦ ᠮᠡᠲᠦ ᠶ᠋ᠢᠨ ᠬᠥᠪᠰᠥᠷᠭᠡ ᠂

ᠵᠠᠰᠠᠷᠠᠵᠤ ᠰᠠᠭᠤᠬᠤ ᠢᠨᠤ ᠳᠣᠣᠷᠠᠳᠤᠰ  ᠤ᠋ᠨ ᠠᠪᠢᠶᠠᠰ ᠂

ᠵᠠᠭᠠᠲᠤᠨᠠᠨ ᠪᠢᠴᠢᠭᠯᠡᠬᠦ ᠰᠡᠳᠬᠢᠯ ᠮᠠᠰᠢ ᠬᠥᠭᠡᠷᠦᠬᠦᠢ᠃

 

ᠭᠠᠯ ᠤ᠋ᠨ ᠥᠩᠭᠡ ᠤᠯᠠᠭᠠᠨ ᠴᠤ᠌ ᠤᠲᠤᠭ᠎ᠠ ᠠᠨᠤ ᠬᠠᠷᠠᠪᠲᠤᠷ ᠂

ᠭᠠᠷᠬᠤ ᠰᠤᠷᠭᠠᠯ ᠲᠤᠰᠠᠲᠠᠢ ᠴᠤ᠌ ᠦᠭᠡᠰ ᠢᠨᠤ ᠳᠠᠭᠠᠷᠢᠯ ᠂

ᠭᠠᠩ ᠲᠡᠮᠦᠷ ᠬᠠᠲᠠᠭᠤ ᠴᠤ᠌ ᠭᠠᠯ ᠤ᠋ᠨ ᠳᠣᠲᠣᠷ᠎ᠠ ᠤᠶᠠᠬᠠᠨ ᠂

ᠭᠠᠷᠰᠢ ᠲᠡᠨᠡᠭ ᠭᠣᠯᠣᠪᠠᠴᠤ ᠣᠶᠤᠲᠠᠨ ᠳ᠋ᠤᠷ ᠤᠳᠤᠮᠵᠢ ᠃

 

ᠠᠪᠤᠯ ᠬᠡᠭᠡᠯ ᠬᠣᠶᠠᠷ ᠢ᠋ᠶ᠋ᠠᠷ ᠪᠣᠯᠬᠢ ᠮᠢᠨᠦ ᠴᠢᠨᠠᠷ ᠊ᠢ ᠂

ᠠᠶ᠋ᠢᠮᠠᠭ ᠬᠠᠪᠢ ᠪᠦᠭᠦᠳᠡᠭᠡᠷ ᠮᠡᠳᠡᠭᠰᠡᠭᠡᠷ ᠲᠤᠯᠠᠳᠠ ᠂

ᠠᠮᠠ ᠮᠡᠳᠡᠨ ᠴᠠᠯᠴᠢᠰᠤᠭᠠᠢ ᠪᠤᠷᠬᠠᠨ ᠲᠩᠷᠢ ᠮᠡᠳᠡᠭ ᠂

ᠠᠰᠤᠷᠤ ᠮᠡᠷᠭᠡᠳ ᠶᠡᠬᠡ ᠨᠣᠶᠠᠳ ᠡᠩᠬᠡ ᠲᠠᠩᠰᠤᠭ ᠪᠣᠯᠲᠤᠭᠠᠢ᠃

 

ᠲᠠᠨᠽᠡᠨᠸᠠᠩᠵᠢᠯ ᠲᠠᠷᠪᠠᠬᠯᠠᠬᠤ ᠨᠢ ᠳᠠᠩᠴᠤ ᠪᠠᠬᠠᠨ ᠬᠡᠳᠦ ᠪᠠᠶ᠋ᠢᠨ᠎ᠠ ᠂

ᠳᠠᠶᠠᠭᠠᠷ ᠪᠠᠬᠠᠨ ᠪᠣᠳᠣᠵᠤ ᠪᠠᠶ᠋ᠢᠵᠤ ᠪᠣᠯᠤᠭᠰᠠᠨ ᠶᠡᠷᠦ ᠳᠡᠭᠡᠷ᠎ᠡ ᠪᠠ ᠂

ᠳᠠᠯᠳᠠᠯᠠᠭᠰᠠᠨ ᠭᠡᠮ ᠦ᠋ᠨ ᠴᠢᠨᠠᠷ ᠪᠤᠵᠠᠷ ᠶᠡᠬᠡ ᠪᠣᠯᠤᠯᠲᠠᠢ ᠂

ᠳᠠᠪᠬᠤᠷ ᠳᠠᠪᠬᠤᠷ ᠠᠯᠳᠠᠭᠳᠠᠪᠠᠯ ᠬᠠᠶ᠋ᠢᠷᠠᠨ ᠬᠡᠷᠡᠭ ᠪᠢᠰᠢ ‍ᠦᠦ?

 

ᠰᠢᠷ᠎ᠠ ᠬᠦᠷᠡᠩ ᠲᠣᠷᠭ᠎ᠠ ᠳᠤᠷᠳᠤᠩ ᠨᠠᠪᠰᠠᠨ ᠰᠠᠪᠰᠠᠨ ᠶᠠᠪᠤᠭᠴᠢ ᠂

ᠱᠠᠪᠷᠤᠩ ᠬᠥᠮᠦᠨ ᠦ᠌ ᠶᠣᠰᠣ ᠨᠣᠮᠯᠠᠯ ᠲᠡᠶ᠋ᠢᠮᠦ ᠠᠭᠰᠠᠨ ᠪᠤᠰᠤ ᠪᠠ ?

ᠱᠠᠯᠢᠭ ᠰᠢᠨᠤᠯ ᠪᠠᠭᠠᠲᠤᠷᠰᠢᠭ ᠥᠩᠭᠡ ᠬᠥᠪᠰᠥᠷ ᠪᠣᠯᠤᠭᠴᠢ ᠂

ᠱᠠᠵᠢᠨ ᠲᠥᠷᠥ ᠬᠣᠶᠠᠭᠤᠯᠠ ᠳ᠋ᠤᠷ ᠬᠠᠷᠰᠢ ᠪᠤᠵᠠᠷ ᠪᠤᠰᠤ ‍ᠤᠤ?

 

ᠰᠢᠷᠡᠭᠡᠨ ᠳ᠋ᠦ᠍ᠷ ᠵᠠᠯᠠᠬᠤᠢ ᠳ᠋ᠤᠷ ᠭᠡᠭᠡᠨ ᠪᠠᠭᠰᠢ ᠶ᠋ᠢᠨ ᠳᠦᠷᠢ ᠲᠡᠢ ᠂

ᠰᠢᠯᠢᠳᠡᠭ ᠮᠣᠷᠢ ᠤᠨᠤᠬᠤᠢ ᠳ᠋ᠤᠷ ᠮᠠᠶ᠋ᠢᠮᠠᠢ ᠫᠠᠨᠽᠠ ᠶ᠋ᠢᠨ ᠶᠠᠩᠵᠤ ᠲᠠᠢ᠂

ᠰᠢᠯᠢᠪᠡᠯᠵᠡᠨ ᠵᠠᠩᠨᠠᠬᠤ ᠨᠢ ᠵᠢᠰᠤᠷ ᠵᠣᠯᠪᠢᠩ ᠪᠠᠶ᠋ᠢᠳᠠᠯ ᠲᠠᠢ ᠂

ᠰᠢᠨ᠎ᠡ ᠴᠠᠭ ᠤ᠋ᠨ ᠪᠤᠷᠬᠠᠨ ᠭᠡᠳᠡᠭ ᠡᠶ᠋ᠢᠮᠦ ᠠᠭᠰᠠᠨ ᠠᠵᠤᠭᠤ᠃

 

ᠬᠣᠪᠣᠷ ᠨᠣᠮᠯᠠᠯ ᠬᠡᠯᠡᠬᠦ ᠢᠨᠤ ᠶᠡᠬᠡ ᠨᠣᠮᠴᠢ ᠶ᠋ᠢᠨ ᠦᠭᠡ ᠲᠡᠢ ᠂

ᠬᠣᠨᠢᠨ ᠮᠢᠬ᠎ᠠ ᠢᠳᠡᠬᠦ ᠨᠢ ᠴᠢᠨᠣ᠎ᠠ ᠨᠣᠬᠠᠢ ᠶ᠋ᠢᠨ ᠰᠢᠨᠤᠯ ᠲᠠᠢ ᠂

ᠬᠤᠳᠠᠯᠳᠤᠭ᠎ᠠ ᠮᠠᠶ᠋ᠢᠮᠠᠢ ᠳᠡᠭᠡᠷ᠎ᠡ ᠬᠢᠲᠠᠳ ᠮᠡᠲᠦ ᠶᠠᠪᠤᠭᠴᠢ ᠂

ᠬᠣᠵᠢᠮ ᠳ᠋ᠠᠭᠠᠨ ᠨᠠᠢ᠍ᠮᠠᠨ ᠲᠠᠮᠤ ᠶ᠋ᠢᠨ ᠮᠥᠩᠭᠥᠨ ᠰᠢᠪᠠᠭᠤ ᠪᠢᠰᠢ ‍ᠦᠦ ᠃

 

ᠭᠠᠰᠠᠯᠠᠩᠲᠤ ᠣᠷᠴᠢᠯᠠᠩ ᠤ᠋ᠨ ᠮᠥᠩᠬᠡ ᠪᠤᠰᠤ ᠶ᠋ᠢ ᠤᠮᠠᠷᠲᠠᠨ ᠂

ᠭᠠᠭᠴᠠ ᠨᠢᠭᠡᠨ ᠪᠡᠶᠡᠨ ᠳ᠋ᠡᠭᠡᠨ ᠵᠠᠭᠤᠨ ᠣᠷᠣᠨ ᠪᠡᠯᠡᠤᠠᠲᠦᠨ ᠂

ᠭᠠᠶ᠋ᠢᠬᠠᠭᠤᠯᠤᠨ ᠡᠯᠳᠡᠪ ᠡᠳ᠋ ᠊ᠢ ᠳᠡᠯᠭᠡᠨ ᠰᠢᠨᠤᠨ ᠶᠠᠪᠤᠭᠴᠢ ᠂

ᠭᠠᠵᠠᠷ ᠦᠭᠡᠢ ᠪᠤᠶᠠᠨ ᠢ᠋ᠶ᠋ᠠᠨ ᠪᠠᠷᠠᠬᠤ ᠪᠠᠭᠰᠢ ᠪᠢᠰᠢ ‍ᠦᠦ ᠃

 

ᠠᠷᠢᠭᠤᠨ ᠪᠤᠶᠠᠨ ᠠᠮᠢᠲᠠᠨ ᠤ᠋ ᠰᠦᠰᠦᠭ ᠴᠠᠭᠠᠨ ᠬᠡᠰᠢᠭ ᠊ᠢ ᠂

ᠠᠯᠲᠠ ᠮᠥᠩᠭᠥ ᠱ᠌ᠢᠷᠦ ᠨᠣᠮᠢᠨ ᠪᠣᠳᠣᠭ ᠬᠡᠪᠢᠰ ᠪᠣᠯᠭᠠᠭᠠᠳ ᠂

ᠠᠮᠠ ᠮᠡᠳᠡᠨ ᠲᠠᠯᠪᠢᠯᠠᠵᠤ ᠵᠣᠷᠢᠭ ᠮᠡᠳᠡᠨ ᠶᠠᠪᠤᠭᠴᠢ ᠂

ᠠᠭᠰᠤᠮ ᠪᠠᠭᠰᠢ ᠠᠯᠤᠰ ᠲᠠᠭᠠᠨ ᠠᠯᠳᠠᠭᠳᠠᠬᠤ ᠪᠢᠰᠢ ‍ᠦᠦ?

 

ᠡᠷᠲᠡ ᠴᠠᠭ ᠤ᠋ᠨ ᠮᠡᠷᠭᠡᠳ ᠪᠦᠬᠦᠨ ᠴᠢᠯᠡᠭᠡᠭᠦᠷ ᠊ᠢ ᠡᠳ᠋ᠯᠡᠵᠦ ᠂

ᠡᠨᠡᠳᠬᠡᠭ ᠪᠠ ᠲᠥᠪᠡᠳ ᠊ᠢ ᠤᠳᠤᠷᠢᠳᠤᠨ ᠠᠲᠠᠯ᠎ᠠ ᠂

ᠡᠯᠮᠡᠭ ᠪᠠᠭᠰᠢ ᠵᠢᠤᠽᠢ ᠲᠡᠷᠭᠡ ᠬᠥᠪᠥᠩ ᠬᠣᠷᠭᠣᠢ ᠡᠳ᠋ᠯᠡᠭᠴᠢ᠂

ᠡᠨᠡ ᠬᠠᠷᠢᠨ ᠲᠠᠨᠢᠬᠤᠢ ᠳ᠋ᠤᠷ ᠲᠡᠷᠡ ᠬᠢᠯᠪᠠᠷ ᠬᠡᠷᠡᠭ ᠪᠢᠰᠢ ‍ᠦᠦ ?

 

ᠬᠤᠷᠢᠮ ᠨᠠᠶ᠋ᠢᠷ ᠤ᠋ᠨ ᠪᠡᠯᠡᠭ ᠰᠠᠭᠤᠳᠠᠯ ᠳ᠋ᠤᠷ ᠲᠡᠷᠢᠭᠦᠯᠡᠨ ᠂

ᠬᠤᠷᠠᠯ ᠪᠤᠶᠠᠨ ᠭᠠᠷᠤᠯᠭᠠᠨ ᠳ᠋ᠤᠷ ᠬᠣᠵᠢᠳ ᠬᠣᠮᠰᠠ ᠪᠤᠯᠤᠰᠬᠢᠨ ᠂

ᠬᠤᠪᠢᠯᠭᠠᠨ ᠤ᠋ ᠴᠢᠨᠠᠷ ᠬᠡᠷᠡᠭ ᠦᠨᠳᠦᠰᠦ ᠪᠡᠨ ᠪᠤᠵᠠᠷᠯᠠᠨ ᠂

ᠬᠤᠳᠠᠯ ᠴᠢᠨᠠᠷ ᠢᠯᠡᠷᠡᠭᠰᠡᠨ ᠮᠤᠩᠬᠠᠭ ᠳᠦᠷᠢ ᠪᠤᠰᠤ ‍ᠤᠤ?

 

ᠲᠦᠪᠰᠢᠨ ᠪᠠᠲᠤ ᠱᠠᠭᠱᠠᠪᠠᠳ ᠤ᠋ᠨ ᠰᠣᠶᠣᠯ ᠪᠦᠬᠦᠨ ᠊ᠢ ᠰᠤᠯᠠᠳᠬᠠᠨ ᠂

ᠲᠥᠯᠭᠡ ᠪᠡᠯᠭᠡ ᠬᠤᠳᠠᠯ ᠬᠣᠮᠣᠬᠠᠢ ᠠᠷᠭ᠎ᠠ ᠮᠡᠬᠡ ᠶ᠋ᠢ ᠵᠢᠭᠠᠵᠤ ᠂

ᠲᠦᠮᠡᠨ ᠲᠦᠮᠡᠨ ᠊ᠢ ᠲᠥᠭᠡᠷᠢᠭᠦᠯᠦᠨ ᠠᠰᠢᠭ ᠬᠣᠨᠵᠢᠯ ᠪᠣᠯᠭᠠᠭᠴᠢ ᠂

ᠲᠦᠭᠦᠬᠡᠢ ᠪᠠᠭᠰᠢ ᠶ᠋ᠢᠨ ᠪᠣᠯᠪᠠᠰᠤᠷᠠᠯ ᠬᠠᠰᠢ ᠶᠠᠰᠢ ᠪᠣᠯᠤᠮᠤᠢ᠃

 

ᠠᠷᠪᠠᠨ ᠴᠠᠭᠠᠨ ᠪᠤᠶᠠᠨ ᠢ᠋ᠶ᠋ᠠᠷ ᠠᠮᠠ ᠶᠤᠭᠠᠨ ᠳᠦᠭᠦᠷᠭᠡᠨ ᠂

ᠠᠷᠪᠠᠨ ᠬᠠᠷ᠎ᠠ ᠨᠢᠭᠦᠯ  ᠢ᠋ᠶ᠋ᠡᠷ ᠵᠢᠷᠦᠬᠡ ᠪᠡᠨ ᠰᠠᠬᠰᠠᠯᠭᠠᠨ ᠂

ᠠᠷᠪᠠᠨ ᠵᠦᠭ ᠦ᠋ᠨ ᠠᠮᠢᠲᠠᠨ ᠊ᠢ ᠤᠳᠤᠷᠢᠳᠤᠨ᠎ᠠ ᠬᠡᠮᠡᠭᠡᠳ ᠂

ᠠᠷᠪᠠᠨ ᠵᠦᠭ ᠦ᠋ᠨ ᠪᠤᠷᠬᠠᠨ ᠤ᠋ ᠡᠮᠦᠨ᠎ᠡ ᠶᠠᠭᠤᠨ ᠢ᠋ᠶ᠋ᠠᠨ ᠬᠡᠯᠡᠨᠡᠮ᠃

 

ᠮᠠᠭᠤ ᠪᠡᠶ᠎ᠡ ᠶ᠋ᠢᠨ ᠴᠢᠨᠠᠷ ᠭᠡᠮ ᠊ᠢ ᠲᠣᠭᠠᠴᠠᠭᠰᠠᠨ ᠲᠠᠰᠢᠷᠠᠮ   ᠂

ᠮᠠᠩᠯᠠᠢ ᠶᠡᠬᠡ ᠳᠡᠭᠡᠳᠦᠰ ᠢ᠋ᠶ᠋ᠡᠷ ᠳᠠᠭᠠᠷᠠᠭᠳᠠᠬᠤ ᠬᠠᠮᠢᠭ᠎ᠠ ᠂

ᠮᠠᠨ ᠤ᠋ ᠮᠡᠲᠦ ᠶ᠋ᠢᠨ ᠵᠠᠷᠢᠮ ᠨᠢᠭᠡᠨ ᠦᠭᠲᠡᠬᠦᠢ ᠳ᠋ᠦ᠍ᠷ ᠬᠦᠷᠪᠡᠰᠦ ᠂

ᠮᠠᠭᠠᠳ ᠮᠤᠩᠬᠠᠭ ᠲᠠᠨᠽᠠᠨᠸᠠᠩᠵᠢᠯ ᠮᠢᠨᠦ ᠲᠡᠨᠡᠭ ᠪᠣᠯᠲᠤᠭᠠᠢ ᠃

 

  ᠠᠮᠢᠯᠠᠭᠤᠯᠤᠭᠴᠢ᠄ ᠦᠯᠵᠡᠶ᠋ᠢᠪᠠᠭᠠᠲᠤᠷ

  ᠬᠢᠨᠠᠭᠰᠠᠨ ᠨᠢ᠄ ᠤᠤᠠᠬᠠᠨᠰᠤ᠎ᠡ᠂ ᠪᠠᠭᠠᠲᠤᠷ