ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –2 Гангын урсгал – Чойж Тулган харьцуулж тайлбарлав Удиртгал – 2 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –2 Гангын урсгал – Чойж Тулган харьцуулж тайлбарлав Удиртгал – 2

ᠭᠠᠩᠬ᠋᠎ᠠ ᠶ᠋ᠢᠨ ᠤᠷᠤᠰᠬᠠᠯ – ᠴᠤᠶ᠋ᠢᠵᠢ ᠲᠤᠯᠭᠠᠨ ᠬᠠᠷᠢᠴᠠᠭᠤᠯᠵᠤ ᠲᠠᠶ᠋ᠢᠯᠪᠤᠷᠢᠯᠠᠪᠠ ᠤᠳᠤᠷᠢᠳᠬᠠᠯ –2 Гангын урсгал – Чойж Тулган харьцуулж тайлбарлав Удиртгал – 2

ᠠᠩᠭᠢᠯᠠᠯ:ᠲᠡᠦᠬᠡ ᠰᠣᠶᠣᠯ
2023-03-24

598

ᠤᠳᠤᠷᠢᠳᠬᠠᠯ ( ᠬᠣᠶᠠᠷ )


                ( ᠬᠣᠶᠠᠷ )

     ᠭᠣᠮᠪᠣᠵᠠᠪ ᠦ᠋ᠨ 《 ᠭᠠᠩᠬ᠋᠎ᠠ ᠶ᠋ᠢᠨ ᠤᠷᠤᠰᠬᠠᠯ 》 ᠭᠡᠬᠦ ᠣᠨ ᠳᠠᠷᠠᠭᠠᠯᠠᠭᠰᠠᠨ ᠲᠡᠦᠬᠡᠨ ᠵᠣᠬᠢᠶᠠᠯ ᠵᠣᠬᠢᠶᠠᠭᠲᠠᠭᠠᠳ ᠨᠢᠭᠡᠨᠲᠡ ᠬᠣᠶᠠᠷ ᠵᠠᠭᠤ ᠲᠠᠪᠢᠨ ᠲᠠᠪᠤᠨ ᠵᠢᠯ ᠦ᠋ᠨ ᠣᠢ ᠪᠣᠯᠤᠭᠰᠠᠨ ᠠᠲᠠᠯ᠎ᠠ ᠴᠣᠬᠣᠮ ‍ᠬᠦ ᠦᠨᠡᠨ ᠤᠭ ᠡᠭᠡ ᠵᠣᠬᠢᠶᠠᠯ ᠊ᠢ ᠨᠢ ᠣᠯᠤᠭᠰᠠᠨ ᠰᠤᠷᠠᠭ ᠳᠤᠭᠤᠯᠳᠠᠭᠠᠳᠤᠢ ᠪᠠᠶ᠋ᠢᠨ᠎ᠠ ᠃ ᠭᠠᠲᠠᠭᠠᠲᠤ ᠤᠯᠤᠰ ᠦ᠋ᠨ ᠮᠣᠩᠭᠣᠯᠴᠢ ᠡᠷᠲᠡᠮᠲᠡᠨ ᠪᠠ ᠪᠢᠲᠡᠨ  ᠳᠤ  ᠣᠯᠲᠠᠭᠰᠠᠨ ᠨᠢ ᠴᠥᠮ ᠬᠠᠭᠤᠯᠤᠮᠠᠯ ᠰᠤᠲᠤᠷ ᠪᠣᠯᠤᠨ᠎ᠠ ᠃ ᠵᠥᠪᠯᠡᠯᠲᠦ ᠬᠣᠯᠪᠣᠭᠠᠲᠤ ᠤᠯᠤᠰ ᠦ᠋ᠨ ᠮᠣᠩᠭᠣᠯᠴᠢ ᠡᠷᠲᠡᠮᠲᠡᠨ ᠯ ᠂ ᠰ ᠂  ᠫᠥᠴᠺᠤᠸᠰᠺᠢ ᠠᠪᠤᠭᠠᠢ1909 —1910 ᠣᠨ ᠪ ᠦᠶ᠎ᠡ ᠪᠡᠷ ᠠᠪᠠᠬ᠋᠎ᠠ ᠬᠣᠰᠢᠭᠤᠨ ᠠ᠋ᠴᠠ ᠣᠯᠲᠠᠭᠰᠠᠨ ᠨᠢᠭᠡᠨ ᠢᠵᠢ 《 ᠭᠠᠩᠬ᠋᠎ᠠ ᠶ᠋ᠢᠨ ᠤᠷᠤᠰᠬᠠᠯ 》 ᠦ᠋ᠨ ᠬᠠᠭᠤᠯᠤᠮᠠᠯ ᠰᠤᠲᠤᠷ ᠊ᠢ1960 ᠣᠨ  ᠳᠤ  ᠭᠡᠷᠡᠯ ᠵᠢᠷᠤᠭ ᠶ᠋ᠢᠡᠷ ᠪᠠᠭᠤᠯᠭᠠᠨ ᠲᠣᠪᠴᠢ ᠤᠲᠤᠷᠢᠤᠠᠬᠠᠯ ᠪᠢᠴᠢᠭᠡᠳ ᠮᠣᠰᠺᠸᠠ  ᠳᠤ  ᠬᠡᠪᠯᠡᠭᠦᠯᠵᠡᠢ ᠃ ᠡᠨᠡ ᠡᠷᠲᠡᠮᠲᠡᠨ ᠡᠨᠡᠬᠦ ᠦᠨ᠎ᠡ ᠪᠡᠨ᠎ᠡ ᠲᠡᠢ ᠲᠡᠦᠬᠡᠨ ᠵᠣᠬᠢᠶᠠᠯ ᠊ᠢ ᠢᠩᠭᠢᠵᠦ ᠬᠡᠪᠯᠡᠭᠦᠯᠬᠦ ᠳ᠋ᠡᠭᠡᠨ ᠲᠠᠶ᠋ᠢᠯᠤᠯᠬ᠋᠎ᠠ ᠵᠡᠭᠦᠯᠲᠡ ᠭᠡᠵᠦ ᠤᠭᠲᠤ  ᠬᠢᠭᠰᠡᠨ ᠦᠭᠡᠢ ᠪᠡᠷ ᠥᠯᠥ ᠪᠠᠷᠠᠨ ᠂ ᠪᠠᠰᠠ ᠭᠡᠷᠡᠯ ᠵᠢᠷᠤᠭ ᠶ᠋ᠢᠠᠷ ᠪᠠᠭᠤᠯᠭᠠᠬᠤ ᠳ᠋ᠠᠭᠠᠨ ᠤᠭ ᠬᠠᠭᠤᠯᠤᠮᠠᠯ ᠰᠤᠲᠤᠷ ᠦ᠋ᠨ ᠡᠮᠦᠨ᠎ᠡ ᠬᠣᠶ᠋ᠢᠨ᠎ᠠ ᠨᠢᠭᠤᠷ  ᠬᠠᠭᠤᠲᠠᠰᠤᠨ  ᠳᠤ  ᠣᠨᠴᠠ ᠶᠡᠬᠡ  ᠰᠣᠯᠢᠶᠠᠷᠠᠨ  ᠡᠭᠡᠳᠡᠷᠡᠭᠰᠡᠨ ᠳᠥᠷᠪᠡᠨ ᠭᠡᠰᠡᠭ (1) ᠊ᠢ ᠡᠰᠡ ᠠᠩᠬᠠᠷᠤᠭᠰᠠᠨ ᠪᠤᠶᠤ ᠡᠰᠡᠬᠦᠯ᠎ᠡ ᠡᠰᠡ  ᠮᠡᠳᠡᠭᠰᠡᠨ ᠡᠴᠡ ᠪᠣᠯᠵᠤ ᠮᠥᠨ ᠲᠡᠷᠡ ᠴᠢᠭ᠌ ᠶ᠋ᠢᠡᠷ ᠨᠢ ᠪᠠᠭᠤᠯᠭᠠᠵᠠᠢ ᠃ ᠶᠠᠭ ᠡᠶ᠋ᠢᠮᠦ ᠡᠴᠡ ᠮᠣᠰᠺᠸᠠ  ᠳᠤ   ᠬᠡᠪᠯᠡᠭᠳᠡᠭᠰᠡᠨ 《 ᠭᠠᠩᠬ᠋᠎ᠠ ᠶ᠋ᠢᠨ ᠤᠷᠤᠰᠬᠠᠯ 》 ᠦ᠋ᠨ 8 B ᠨᠢᠭᠤᠷ ( ᠪᠠᠷᠤᠭ ᠫᠦᠴᠺᠦᠸᠰᠺᠢ ᠠᠪᠤᠭᠠᠢ ᠶ᠋ᠢᠨ ᠲᠠᠯᠪᠢᠬᠰᠠᠨ ᠨᠣᠮᠧᠷ ᠪᠣᠯᠤᠯᠲᠠᠢ ) ᠠ᠋ᠴᠠ ᠬᠣᠶ᠋ᠢᠰᠢ ᠳᠡᠰ ᠳᠠᠷᠠᠬ᠋᠎ᠠ ᠶᠡᠬᠡᠯ᠎ᠡ ᠰᠣᠯᠢᠬᠲᠠᠨ ᠤᠤᠠᠬ᠎ᠠ ᠰᠠᠨᠠᠬ᠋᠎ᠠ ᠠᠪᠴᠠᠯᠲᠤᠨ ᠨᠡᠶ᠋ᠢᠯᠡᠬᠦ ᠦᠭᠡᠢ ᠪᠣᠯᠵᠠᠢ ᠃ ᠬᠡᠲᠦᠢ ᠡᠶ᠋ᠢᠮᠦ ᠪᠠᠶ᠋ᠢᠬᠰᠠᠨ ᠴᠤ᠌ ᠫᠦᠴᠺᠦᠸᠰᠺᠢ ᠠᠪᠤᠭᠠᠢ 《 ᠭᠠᠩᠬ᠋᠎ᠠ ᠶ᠋ᠢᠨ ᠤᠷᠤᠰᠬᠠᠯ 》 ᠊ᠢ ᠳᠠᠶᠠᠭᠠᠷ ᠨᠡᠶ᠋ᠢᠲᠡ  ᠳᠤ  ᠠᠩᠬᠠᠲᠤᠭᠴᠢ ᠤᠲᠠᠬ᠋᠎ᠠ ᠲᠠᠨᠢᠯᠴᠠᠭᠤᠯᠤᠭᠰᠠᠨ ᠡᠷᠲᠡᠮᠲᠡᠨ ᠪ ᠬᠤᠪᠢ  ᠳᠤ ᠂  ᠮᠥᠨ ᠲᠡᠭᠦᠨᠴᠢᠯᠡᠨ ᠪᠢᠲᠡ ᠣᠯᠠᠨ  ᠳᠤ  ᠮᠠᠰᠢ ᠰᠣᠨᠢᠷᠬᠠᠯᠲᠠᠢ ᠮᠡᠲᠡᠭᠡ ᠨᠤᠭᠦᠳ ᠊ᠢ  ᠮᠡᠳᠡᠭᠡᠯᠡᠭᠰᠡᠨ ᠪ ᠬᠤᠪᠢ  ᠳᠤ  ᠬᠦᠨᠲᠦᠤᠠᠬᠡᠨ ᠪᠢᠰᠢᠷᠡᠭᠦᠰᠢᠲᠡᠢ ᠶᠤᠮ ᠃ ᠡᠨᠡ ᠤᠲᠠᠬ᠋᠎ᠠ ᠪᠢ ᠡᠨᠡᠬᠦ 《 ᠭᠠᠩᠬ᠋᠎ᠠ ᠶ᠋ᠢᠨ ᠤᠷᠤᠰᠬᠠᠯ 》  ᠳᠤ  ᠲᠠᠶ᠋ᠢᠯᠤᠯᠬ᠋᠎ᠠ ᠲᠠᠯᠪᠢᠬᠤ ᠳ᠋ᠠᠭᠠᠨ ᠮᠣᠰᠺᠸᠠ ᠶ᠋ᠢᠨ ᠬᠡᠪᠯᠡᠯ  ᠳᠤ  ᠡᠨᠲᠡᠭᠦᠷᠡᠨ ᠰᠣᠯᠢᠬᠲᠠᠭᠰᠠᠨ ᠳᠥᠷᠪᠡᠨ  ᠭᠡᠰᠡᠭ ᠊ᠢ ᠤᠭ ᠳᠡᠰ ᠳᠠᠷᠠᠬ᠋᠎ᠠ ᠪᠠᠷ ᠨᠢ ᠪᠠᠶ᠋ᠢᠷᠢᠯᠠᠭᠤᠯᠤᠨ ᠲᠠᠯᠪᠢᠭᠠᠳ ᠲᠡᠭᠦᠨ ᠪ ᠦᠨᠡᠨᠬᠦ ᠳᠦᠷᠢ ᠶ᠋ᠢ ᠭᠠᠷᠭᠠᠭᠰᠠᠨ ᠶᠤᠮ ᠃ ᠡᠭᠦᠨ ᠪ ᠵᠡᠷᠭᠡᠲᠡ ᠤᠭ ᠬᠠᠭᠤᠯᠤᠮᠠᠯ ᠳ᠋ᠡᠬᠢ ᠬᠥᠮᠦᠨ ᠪ ᠨᠡᠷ᠎ᠡ ᠂ ᠭᠠᠵᠠᠷ ᠦ᠋ᠨ ᠨᠡᠷ᠎ᠡ ᠵᠢᠴᠢ ᠵᠡᠷᠭᠡ ᠬᠡᠷᠬᠡᠮ ᠦ᠋ᠨ ᠨᠡᠷᠡᠰ ᠵᠡᠷᠭᠡ ᠶ᠋ᠢ ᠮᠠᠨᠵᠤ  ᠦᠰᠦᠭ ᠶ᠋ᠢᠡᠷ  ᠪᠢᠴᠢᠭᠰᠡᠨ ᠪᠤᠶᠤ ᠵᠠᠷᠢᠮ ᠨᠡᠷᠡᠰ ᠊ᠢ ᠲᠠᠯ᠎ᠠ ᠳ᠋ᠤᠨᠢ ᠲᠥᠪᠡᠳ ᠦᠰᠦᠭ ᠶ᠋ᠢᠡᠷ ᠳᠠᠭᠤᠳᠠᠯᠬ᠋᠎ᠠ ᠬᠠᠲᠠᠵᠤ ᠲᠠᠯᠪᠢᠬᠰᠠᠨ ᠊ᠢ ᠴᠥᠮ ᠮᠣᠩᠭᠣᠯ  ᠦᠰᠦᠭ ᠪᠣᠯᠭᠠᠨ ᠲᠡᠮᠲᠡᠭᠯᠡᠭᠰᠡᠨ ᠶ᠋ᠢᠡᠨ ᠡᠨᠲᠡ ᠣᠨᠴᠠ ᠲᠡᠮᠲᠡᠭᠯᠡᠰᠦᠭᠡᠢ ᠃


— — — —
(1) 《 ᠭᠠᠩᠬ᠋᠎ᠠ ᠶ᠋ᠢᠨ ᠤᠷᠤᠰᠬᠠᠯ 》 ᠂  ᠮᠣᠰᠺᠸᠠ ᠶ᠋ᠢᠨ ᠬᠡᠪᠯᠡᠯ ᠦ᠋ᠨ  8B ,  9B  ,11B  ,

   《 ᠭᠠᠩᠬ᠋᠎ᠠ ᠶ᠋ᠢᠨ ᠤᠷᠤᠰᠬᠠᠯ  》 ᠦ᠋ᠨ ᠡᠬᠢᠨ ᠪ ᠬᠠᠭᠤᠲᠠᠰᠤᠨ  ᠳᠤ  《 ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ( ᠭᠠᠩᠬ᠋᠎ᠠ ) ᠶ᠋ᠢᠨ ᠤᠷᠤᠰᠬᠠᠯ ᠨᠡᠷᠡᠲᠦ  ᠪᠢᠴᠢᠭ ᠣᠷᠣᠰᠢᠪᠠ 》 ᠭᠡᠵᠦ ᠲᠡᠮᠳᠡᠭᠯᠡᠭᠰᠡᠨ  ᠪᠥᠭᠡᠲᠡᠯ᠎ᠡ ᠵᠣᠬᠢᠶᠠᠯ ᠦ᠋ᠨ ᠲᠡᠭᠦᠰᠬᠡᠯ ᠳ᠋ᠡᠭᠡᠨ 《  ᠭᠠᠯᠲᠠᠷ᠎ᠠ ᠮᠣᠳᠣᠨ ᠪ ᠭᠣᠣᠯ  ᠰᠠᠯᠠᠭᠠᠨ ᠊ᠢ ᠳᠦᠷᠢᠮᠯᠡᠨ ᠵᠡᠷᠭᠡᠪᠡᠷ ᠲᠣᠪᠴᠢᠯᠠᠵᠤ  ᠵᠢᠭᠰᠠᠭᠠᠭᠰᠠᠨ ᠭᠠᠩᠭ᠎ᠠ ᠶ᠋ᠢᠨ ᠤᠷᠤᠰᠬᠠᠯ ᠬᠡᠮᠡᠬᠦ ᠡᠨᠡ ᠪᠢᠴᠢᠭ 》 ᠭᠡᠵᠦ ᠲᠣᠳᠣᠷᠬᠠᠢ  ᠲᠡᠮᠲᠡᠭᠯᠡᠭᠰᠡᠨ ᠪᠠ ᠵᠢᠴᠢ ᠵᠣᠬᠢᠶᠠᠯ ᠦ᠋ᠨ ᠠᠭᠤᠯᠭ᠎ᠠ ᠠ᠋ᠴᠠ ᠦᠵᠡᠪᠡᠯ ᠡᠨᠡ ᠵᠣᠬᠢᠶᠠᠯ ᠦ᠋ᠨ ᠨᠡᠷ᠎ᠡ ᠨᠢ 《 ᠭᠠᠩᠭ᠎ᠠ ᠶ᠋ᠢᠨ ᠤᠷᠤᠰᠬᠠᠯ 》  ᠬᠡᠮᠡᠭᠳᠡᠬᠦ ᠪᠥᠭᠡᠳ ᠲᠡᠭᠦᠨ ᠪ ᠳᠣᠲᠣᠷᠠᠬᠢ ᠠᠭᠤᠯᠭ᠎ᠠ ᠨᠢ 《 ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ 》 ᠪᠣᠯᠤᠨ᠎ᠠ᠃ ᠭᠣᠮᠪᠣᠵᠠᠪ ᠶᠠᠭᠤᠨ ᠪ ᠤᠴᠢᠷ ᠠ᠋ᠴᠠ ᠵᠣᠬᠢᠶᠠᠯ ᠦ᠋ᠨ ᠨᠡᠷ᠎ᠡ ᠪᠡᠨ 《 ᠭᠠᠩᠭ᠎ᠠ ᠶ᠋ᠢᠨ ᠤᠷᠤᠰᠬᠠᠯ 》 ᠭᠡᠵᠦ  ᠨᠡᠷᠡᠯᠡᠭᠰᠡᠨ ᠪᠣᠢ? ᠡᠭᠦᠨ  ᠊ᠢ ᠳ᠋ᠠᠷᠮ᠎ᠠ ᠭᠦᠦᠰᠢ ᠂ 《 ᠠᠯᠲᠠᠨ ᠤᠷᠤᠭ ᠲᠠᠨ ᠪ ᠲᠣᠲᠣ ᠲᠡᠦᠬᠡ 》 ᠳ᠋ᠡᠭᠡᠨ ᠬᠠᠷᠢᠭᠤᠯᠲᠠ ᠬᠢᠵᠡᠢ᠃ ᠲᠡᠭᠦᠨ  ᠳᠤ  ᠬᠡᠯᠡᠭᠰᠡᠨ ᠨᠢ᠄ 《 ᠬᠠᠳ ᠦ᠋ᠨ  ᠦᠨᠲᠦᠰᠦᠨ ᠵᠠᠯᠭᠠᠮᠵᠢᠯᠠᠨ ᠭᠠᠩᠭ᠎ᠠ ᠶ᠋ᠢᠨ ᠤᠷᠤᠰᠬᠠᠯ ᠮᠡᠲᠦ ᠂ ᠬᠠᠰ ᠶᠡᠬᠡ ᠲᠥᠷᠥ ᠪᠡᠨ  ᠢᠨᠤ ᠪᠠᠲᠤᠤᠠᠬᠠᠨ ᠂ ᠰᠦᠮᠪᠦᠷ ᠠᠭᠤᠯᠠ ᠮᠡᠲᠦ 》 ᠭᠡᠵᠡᠢ ᠃ ᠳᠠᠷᠤᠢ ᠴᠢᠩᠭᠢᠰ ᠬᠠᠭᠠᠨ ᠪ ᠠᠯᠲᠠᠨ ᠤᠷᠤᠭ ᠂ ᠦᠶ᠎ᠡ ᠶ᠋ᠢᠨ ᠦᠶ᠎ᠡ ᠎ ᠳᠤ  ᠬᠠᠳ ᠦ᠋ᠨ ᠦᠨᠲᠦᠰᠦᠨ ᠊ᠢ ᠲᠠᠰᠤᠷᠠᠯᠲᠠ ᠦᠭᠡᠢ ᠵᠠᠯᠭᠠᠮᠵᠢᠯᠠᠨ ᠂ ᠪᠤᠷᠬᠠᠨ ᠱᠠᠰᠢᠨ ᠮᠠᠨᠳᠤᠨ  ᠳᠡᠯᠭᠡᠷᠡᠭᠰᠡᠨ ᠡᠨᠡᠳᠬᠡᠭ ᠤᠯᠤᠰ ᠦ᠋ᠨ ᠭᠠᠩᠭ᠎ᠠ ᠮᠥᠷᠡᠨ ᠪ ᠤᠷᠤᠰᠬᠠᠯ ᠮᠡᠲᠦ ᠥᠨᠢ ᠡᠭᠦᠷᠢᠳᠡ ᠵᠣᠭᠰᠣᠯ ᠦᠭᠡᠢ  ᠤᠷᠤᠰᠴᠤ ᠂ ᠮᠣᠩᠭᠣᠯ ᠦ᠋ᠨ ᠶᠡᠬᠡ  ᠲᠥᠷᠥ ᠨᠢ ᠰᠦᠮᠪᠦᠷ ᠠᠭᠤᠯᠠ ᠮᠡᠲᠦ ᠥᠨᠢᠳᠡ ᠣᠷᠣᠰᠢᠬᠤ ᠪᠣᠯᠲᠤᠭᠠᠢ ᠭᠡᠰᠡᠨ ᠰᠠᠨᠠᠭ᠎ᠠ ᠪᠣᠯᠠᠢ ᠃ ᠡᠨᠡ ᠨᠢ ᠂ ᠪᠤᠷᠬᠠᠨ ᠱᠠᠰᠢᠨ ᠮᠣᠩᠭᠣᠯ ᠣᠷᠣᠨ ᠎ ᠳᠤ  ᠳᠡᠯᠭᠡᠷᠡᠨ ᠣᠷᠭᠢᠯ ᠳ᠋ᠤᠷ  ᠬᠦᠷᠦᠭᠰᠡᠨ ᠮᠠᠨᠵᠤ ᠴᠢᠩ ᠤᠯᠤᠰ ᠦ᠋ᠨ ᠦᠶ᠎ᠡ ᠳ᠋ᠡᠬᠢ ᠮᠣᠩᠭᠣᠯ ᠲᠡᠦᠬᠡᠴᠢ ᠭᠣᠮᠪᠣᠵᠠᠪ ᠪᠠ ᠵᠢᠴᠢ ᠲᠡᠭᠦᠨ ᠎ ᠊ᠢ ᠬᠦᠨᠳᠦᠳᠬᠡᠨ  ᠪᠢᠰᠢᠷᠡᠭᠴᠢ ᠳ᠋ᠠᠷᠮ᠎ᠠ ᠭᠦᠦᠰᠢ ᠲᠡᠲᠡᠨ  ᠳᠤ  ᠠᠪᠴᠤ ᠬᠡᠯᠡᠪᠡᠯ ᠮᠠᠰᠢ ᠠᠶᠠᠨᠳᠠᠭᠠᠨ ᠪᠣᠯᠤᠭᠰᠠᠨ ᠦᠵᠡᠯ ᠰᠠᠨᠠᠭ᠎ᠠ ᠪᠣᠯᠬᠤ ᠶᠤᠮ᠃
    《 ᠭᠠᠩᠭ᠎ᠠ ᠶ᠋ᠢᠨ ᠤᠷᠤᠰᠬᠠᠯ 》 ᠪᠣᠯ  ᠨᠢᠭᠡᠨ ᠢᠵᠢ ᠮᠣᠩᠭᠣᠯ ᠲᠥᠷᠥ ᠶ᠋ᠢᠨ ᠡᠵᠡᠨ ᠬᠠᠳ ᠪᠠ ᠨᠣᠶᠠᠳ ᠦ᠋ᠨ ᠭᠣᠣᠯ ᠤᠭᠰᠠᠭᠠᠨ ᠪ ᠤᠯᠠᠮᠵᠢᠯᠠᠯ ᠎ ᠊ᠢ ᠣᠨ ᠳᠠᠷᠠᠭᠠᠯᠠᠨ  ᠪᠢᠴᠢᠭᠰᠡᠨ ᠲᠡᠦᠬᠡ ᠶᠤᠮ᠃ ᠲᠡᠷᠡ ᠨᠢ 《 ᠠᠩᠬᠠᠨ ᠪ ᠪᠦᠯᠦᠭ 》 ᠂ 《 ᠨᠥᠭᠦᠭᠡ ᠪᠦᠯᠦᠭ 》 ᠭᠡᠵᠦ ᠬᠣᠶᠠᠷ ᠪᠦᠯᠦᠭ ᠲᠤ ᠬᠤᠪᠢᠶᠠᠭᠳᠠᠵᠠᠢ᠃ 《 ᠠᠩᠬᠠᠨ ᠪ ᠪᠦᠯᠦᠭ 》 ᠎ ᠲᠤ 《 ᠬᠢᠶᠣᠳ ᠶᠠᠰᠤᠲᠠᠨ ᠪ ᠠᠯᠲᠠᠨ ᠤᠷᠤᠭ ᠦ᠋ᠨ ᠤᠭ ᠦᠨᠲᠦᠰᠦᠨ 》 — ᠴᠢᠩᠭᠢᠰ ᠬᠠᠭᠠᠨ   ᠲᠠᠭᠦᠨᠴᠢᠯᠡᠨ ᠲᠡᠭᠦᠨᠴᠡ ᠬᠣᠶ᠋ᠢᠰᠢᠬᠢ ᠮᠣᠩᠭᠣᠯ ᠲᠥᠷᠥ ᠶ᠋ᠢᠨ ᠡᠯ᠎ᠡ ᠬᠠᠳ ᠦ᠋ᠨ ᠵᠠᠯᠭᠠᠮᠵᠢᠯᠠᠯ ᠪᠠ ᠴᠢᠩᠭᠢᠰ ᠬᠠᠭᠠᠨ ᠪ 《 ᠠᠯᠲᠠᠨ ᠤᠷᠤᠭ 》 ᠡᠴᠡ ᠰᠢᠭᠤᠳ  ᠡᠭᠦᠰᠦᠭᠰᠡᠨ ᠠᠶ᠋ᠢᠮᠠᠭ ᠦ᠋ᠨ ᠨᠣᠶᠠᠳ ᠦ᠋ᠨ ᠵᠠᠯᠭᠠᠮᠵᠢᠯᠠᠯ ᠎ ᠊ᠢ ᠪᠢᠴᠢᠵᠡᠢ᠃ 《 ᠨᠥᠭᠦᠭᠡ ᠪᠦᠯᠦᠭ 》 ᠨᠢ ᠴᠢᠩᠭᠢᠰ ᠬᠠᠭᠠᠨ ᠪ  ᠳᠡᠭᠦᠨᠡᠷ ᠪᠣᠯᠤᠨ ᠲᠡᠳᠡᠨ ᠪ  ᠦᠷ᠎ᠡ  ᠠᠴᠢᠨᠠᠷ ᠦ᠋ᠨ ᠬᠠᠷᠢᠶ᠎ᠠ ᠠᠶ᠋ᠢᠮᠠᠭ ᠦ᠋ᠨ ᠨᠣᠶᠠᠳ ᠦ᠋ᠨ ᠵᠠᠯᠭᠠᠮᠵᠢᠯᠠᠯ ᠂ ᠮᠣᠩᠭᠣᠯ ᠦ᠋ᠨ ᠲᠡᠦᠬᠡᠨ ᠳ᠋ᠡᠬᠢ ᠨᠡᠷᠡᠲᠦ ᠰᠠᠶ᠋ᠢᠳ ᠪᠠ ᠮᠣᠩᠭᠣᠯ ᠦ᠋ᠨ ᠨᠡᠶ᠋ᠢᠭᠡᠮ ᠦ᠋ᠨ ᠵᠠᠰᠠᠭ ᠵᠠᠬᠢᠷᠭᠠᠨ ᠪ ᠪᠠᠶ᠋ᠢᠭᠤᠯᠤᠮᠵᠢ ᠂ ᠶᠡᠷᠦᠩᠬᠡᠢ ᠪᠠᠶ᠋ᠢᠳᠠᠯ ᠵᠡᠷᠭᠡ ᠎ᠶ᠋ᠢ ᠥᠭᠦᠯᠡᠨ ᠲᠤᠰᠢᠶᠠᠵᠠᠢ᠃
    《 ᠭᠠᠩᠭ᠎ᠠ ᠶ᠋ᠢᠨ ᠤᠷᠤᠰᠬᠠᠯ 》  ᠡᠬᠢᠯᠡᠮᠡᠭᠴᠡ 《 ᠲᠡᠭᠷᠢ  ᠳ᠋ᠠᠴᠠ ( ᠡᠴᠡ ) ᠵᠠᠶᠠᠭᠠᠭᠳᠠᠭᠰᠠᠨ ᠪᠤᠲᠠᠨᠴᠢᠷ ᠡᠵᠡᠨ 》 ᠡᠴᠡ  ᠡᠬᠢᠯᠡᠨ ᠴᠢᠩᠭᠢᠰ ᠬᠠᠭᠠᠨ ᠬᠦᠷᠲᠡᠯᠡᠬᠢ 《 ᠤᠭ ᠦᠶ᠎ᠡ ᠎ᠶ᠋ᠢ ᠲᠣᠪᠴᠢᠯᠠᠨ ᠲᠤᠭᠤᠯᠵᠢ  》 ᠃ ᠡᠨᠡ ᠨᠢ ᠣᠨ ᠲᠣᠭᠠᠯᠠᠯ ᠦ᠋ᠨ 970  ᠣᠨ ( ᠪᠤᠲᠠᠨᠴᠢᠷ ᠦ᠋ᠨ  ᠮᠡᠨᠳᠦᠯᠡᠭᠰᠡᠨ ᠣᠨ ) ᠡᠴᠡ1162 ( ᠴᠢᠩᠭᠢᠰ ᠬᠠᠭᠠᠨ ᠪ  ᠮᠡᠨᠳᠦᠯᠡᠭᠰᠡᠨ ᠣᠨ ) ᠬᠦᠷᠲᠡᠯᠡᠬᠢ ᠲᠡᠦᠬᠡᠨ ᠬᠤᠭᠤᠴᠠᠭᠠᠨ ᠳ᠋ᠠᠬᠢ ᠴᠢᠩᠭᠢᠰ ᠬᠠᠭᠠᠨ ᠪ 《  ᠤᠭ ᠦᠨᠳᠦᠰᠦ 》 ᠪᠣᠯᠤᠭᠴᠢᠳ ᠎ ᠊ᠢ ᠳᠡᠰ ᠳᠠᠷᠠᠭᠠᠯᠠᠨ ᠲᠣᠭᠠᠴᠢᠭᠰᠠᠨ  ᠪᠣᠯᠤᠨ᠎ᠠ᠃  ᠡᠭᠦᠨ ᠪ ᠳᠠᠷᠠᠭ᠎ᠠ ᠳ᠋ᠤᠨᠢ ᠂ ᠴᠢᠩᠭᠢᠰ ᠬᠠᠭᠠᠨ ᠠ᠋ᠴᠠ ᠡᠬᠢᠯᠡᠨ ᠮᠣᠩᠭᠣᠯ ᠲᠥᠷᠥ ᠶ᠋ᠢᠨ  ᠯᠢᠭᠳᠡᠨ ᠬᠤᠲᠤᠭᠲᠤ ᠬᠠᠭᠠᠨ ᠬᠦᠷᠲᠡᠯ᠎ᠡ ᠨᠡᠶ᠋ᠢᠲᠡ ᠭᠤᠴᠢᠨ ᠲᠠᠪᠤᠨ ᠬᠠᠭᠠᠨ ᠪ ᠲᠥᠷᠥᠭᠰᠡᠨ ᠣᠨ ᠵᠢᠯ ᠂ ᠬᠠᠭᠠᠨ ᠰᠠᠭᠤᠷᠢᠨ᠎ᠠ ᠰᠠᠭᠤᠭᠰᠠᠨ ᠵᠢᠯ ᠬᠤᠭᠤᠴᠠᠭ᠎ᠠ ᠂ ᠨᠠᠰᠤ ᠪᠠᠷᠠᠭᠰᠠᠨ ᠣᠨ ᠰᠠᠷ᠎ᠠ ᠵᠡᠷᠭᠡ ᠎ᠶ᠋ᠢ ᠴᠥᠮ ᠨᠠᠷᠢᠨ ᠬᠢᠴᠢᠶᠡᠩᠭᠦᠢ  ᠲᠡᠮᠲᠡᠭᠯᠡᠬᠦ ᠶ᠋ᠢᠨ ᠵᠡᠷᠭᠡᠳᠡ  ᠮᠣᠩᠭᠣᠯ ᠦ᠋ᠨ ᠲᠡᠦᠬᠡᠨ ᠳ᠋ᠡᠬᠢ ᠴᠢᠬᠤᠯᠠ ᠬᠡᠷᠡᠭ ᠦ᠋ᠨ ᠲᠣᠶ᠋ᠢᠮᠣ ᠎ᠶ᠋ᠢ ᠲᠡᠮᠳᠡᠭᠯᠡᠵᠡᠢ᠃
     ᠡᠭᠦᠨ ᠪ ᠳᠠᠷᠠᠭ᠎ᠠ ᠳ᠋ᠤᠨᠢ ᠂ 《 ᠭᠠᠩᠭ᠎ᠠ ᠶ᠋ᠢᠨ ᠤᠷᠤᠰᠬᠠᠯ 》 ᠦ᠋ᠨ ᠭᠣᠣᠯ ᠬᠡᠰᠡᠭ ᠪᠣᠯᠬᠤ  ᠵᠦᠢᠯ ᠨᠢ ᠳᠠᠷᠤᠢ ᠮᠠᠨᠵᠤ ᠴᠢᠩ ᠤᠯᠤᠰ ᠦ᠋ᠨ ᠡᠬᠢᠨ ᠪ ᠦᠶ᠎ᠡ ᠪᠡᠷ ᠮᠣᠩᠭᠣᠯ ᠣᠷᠣᠨ ᠬᠣᠰᠢᠭᠤ ᠠᠶ᠋ᠢᠮᠠᠭ ᠪᠣᠯᠤᠨ ᠬᠤᠪᠢᠶᠠᠭᠳᠠᠭᠰᠠᠨ ᠵᠢᠴᠢ ᠲᠡᠳᠡᠭᠡᠷ ᠦ᠋ᠨ 《 ᠨᠣᠶᠠᠳ ᠦ᠋ᠨ ᠤᠭ 》 ᠪᠠ ᠵᠡᠷᠭᠡ ᠬᠡᠷᠬᠡᠮ ᠎ ᠊ᠢ ᠦᠶ᠎ᠡ ᠳᠠᠷᠠᠭᠠᠯᠠᠨ ᠲᠣᠭᠠᠴᠢᠵᠠᠢ᠃ ᠡᠭᠦᠨ  ᠳᠤ ᠴᠠᠬᠠᠷ ᠂ ᠦᠵᠦᠮᠦᠴᠢᠨ ᠂ ᠠᠤᠬᠠᠨ ᠂ ᠨᠠᠢ᠍ᠮᠠᠨ ᠂ ᠣᠷᠳᠣᠰ᠂ ᠲᠦᠮᠡᠳ  ᠂ᠬᠠᠭᠤᠴᠢᠳ᠂ ᠬᠡᠰᠢᠭᠲᠡᠨ᠂ ᠵᠠᠷᠤᠳ ᠂ ᠪᠠᠭᠠᠷᠢᠨ ᠬᠠᠷᠠᠴᠢᠨ ᠂ ᠤᠷᠠᠳ  ᠂ ᠲᠠᠲ᠋ᠠᠷ ᠂ ᠣᠷᠢᠶᠠᠩᠬᠠᠨ᠂ ᠬᠠᠯᠬ᠎ᠠ  ᠂ᠮᠤᠤᠮᠢᠩᠭᠠᠨ ᠂ ᠨᠣᠨ ᠬᠣᠷᠴᠢᠨ ( ᠡᠭᠦᠨ  ᠳᠤ  ᠳᠥᠷᠪᠡᠳ ᠂ ᠭᠣᠷᠯᠣᠰ ᠂ ᠵᠠᠯᠠᠶ᠋ᠢᠳ ᠪᠠᠭᠲᠠᠪᠠ ) ᠂ ᠠᠷᠤ ᠬᠣᠷᠴᠢᠨ ᠂ ᠳᠥᠷᠪᠡᠨ ᠬᠡᠦᠬᠡᠳ ᠂ ᠬᠥᠬᠡᠨᠠᠭᠤᠷ ᠦ᠋ᠨ ᠥᠭᠡᠯᠡᠳ (  ᠣᠶ᠋ᠢᠷᠠᠳ ) ᠂ ᠣᠩᠨᠢᠭᠤᠳ ᠂ ᠠᠪᠠᠭ᠎ᠠ ᠵᠡᠷᠭᠡ ᠮᠣᠩᠭᠣᠯ ᠠᠶ᠋ᠢᠮᠠᠭᠲᠠᠨ ᠪ 《 ᠨᠣᠶᠠᠳ ᠦ᠋ᠨ ᠤᠭ 》 ᠊ᠢ ᠪᠢᠴᠢᠨ ᠭᠠᠷᠭᠠᠵᠠᠢ᠃ ᠡᠨᠡ ᠪᠣᠯ ᠮᠠᠨᠵᠤ ᠴᠢᠩ ᠦ᠋ᠨ ᠦᠶ᠎ᠡ ᠎ ᠳᠤ  ᠪᠢᠴᠢᠭᠳᠡᠭᠰᠡᠨ ᠮᠣᠩᠭᠣᠯ  ᠦ᠋ᠨ  ᠲᠡᠦᠬᠡᠨ ᠵᠣᠬᠢᠶᠠᠯ ᠦ᠋ᠨ ᠳᠣᠲᠣᠷ᠎ᠠ ᠮᠣᠩᠭᠣᠯ ᠠᠶ᠋ᠢᠮᠠᠭ ᠬᠣᠰᠢᠭᠤᠳ ᠦ᠋ᠨ 《 ᠨᠣᠶᠠᠳ ᠦ᠋ᠨ ᠤᠭ 》 ᠊ᠢ ᠠᠩᠬ᠎ᠠ ᠤᠲᠠᠬ᠋᠎ᠠ ᠲᠣᠲᠣᠷᠬᠠᠢ ᠢᠯᠭᠠᠵᠤ ᠲᠡᠮᠲᠡᠭᠯᠡᠵᠦ ᠪᠣᠯᠤᠨ᠎ᠠ ᠃ ᠡᠨᠡ ᠲᠡᠮᠲᠡᠭᠯᠡᠯ ᠨᠢ ᠡᠭᠦᠨ ᠡᠴᠡ ᠬᠣᠶ᠋ᠢᠰᠢ  ᠪᠢᠴᠢᠭᠳᠡᠭᠰᠡᠨ ᠮᠣᠩᠭᠣᠯ ᠲᠡᠦᠬᠡ ᠶ᠋ᠢᠨ ᠵᠣᠬᠢᠶᠠᠯ  ᠳᠤ  ᠮᠠᠰᠢ ᠶᠡᠬᠡ ᠨᠥᠯᠥᠭᠡ ᠦᠵᠡᠭᠦᠯᠵᠡᠢ ᠃
    《 ᠭᠠᠩᠬ᠋᠎ᠠ ᠶ᠋ᠢᠨ ᠤᠷᠤᠰᠬᠠᠯ 》 ᠦ᠋ᠨ ᠰᠡᠭᠦᠯᠴᠢ ᠶ᠋ᠢᠨ ᠭᠡᠰᠡᠭ ᠲᠤ ᠪᠠᠭᠲᠠᠭᠠᠭᠰᠠᠨ ᠠᠭᠤᠯᠬ᠋᠎ᠠ ᠨᠡᠯᠢᠶᠡᠳ ᠥᠷᠭᠡᠨ  ᠳᠡᠯᠭᠡᠷᠡᠩᠭᠦᠢ ᠪᠠᠶ᠋ᠢᠲᠠᠭ ᠃ ᠡᠭᠦᠨ  ᠳᠤ  ᠂ ᠴᠢᠩᠭᠢᠰ ᠬᠠᠭᠠᠨ ᠪ ᠶᠢᠰᠦᠨ  ᠥᠷᠯᠥᠭ ᠂ ᠲᠠᠪᠤᠨ ᠥᠩᠭᠡ ᠳᠥᠷᠪᠡᠨ ᠬᠠᠷᠢ ᠤᠯᠤᠰ ᠬᠡᠮᠡᠭᠳᠡᠬᠦ ᠶ᠋ᠢᠨ ᠲᠤᠬᠠᠢ  ᠃ ᠴᠢᠩᠭᠢᠰ ᠬᠠᠭᠠᠨ ᠴᠠᠩ ᠴᠦᠨ ᠠᠷᠰᠢ ᠴᠢᠦ ᠴᠤ᠌ ᠵᠢᠢ ᠶ᠋ᠢ ᠤᠷᠢᠵᠤ ᠠᠭᠤᠯᠵᠠᠭᠰᠠᠨ ᠃ ᠶᠤᠸᠠᠨ ᠤᠯᠤᠰ  ᠠ᠋ᠴᠠ ᠳᠠᠷᠠᠭᠠᠬᠢ ᠮᠣᠩᠭᠣᠯ ᠦ᠋ᠨ ᠵᠠᠰᠠᠭ ᠵᠠᠬᠢᠷᠭᠠᠨ ᠪ ᠪᠠᠶ᠋ᠢᠭᠤᠯᠤᠮᠵᠢ ᠃ ᠮᠣᠩᠭᠣᠯ  ᠬᠥᠭᠵᠢᠮ ᠦ᠋ᠨ ᠲᠤᠬᠠᠢ ᠵᠡᠷᠭᠡ ᠵᠦᠢᠯ ᠊ᠢ ᠬᠠᠮᠲᠤᠷᠠᠨ  ᠥᠭᠦᠯᠡᠵᠡᠢ ᠃ ᠡᠨᠡ  ᠭᠡᠰᠡᠭ ᠨᠢ ᠨᠢᠭᠤᠷ ᠬᠠᠭᠤᠲᠠᠰᠤ ᠶ᠋ᠢᠨ ᠬᠤᠪᠢ  ᠳᠤ  ᠨᠢᠮᠭᠡᠨ ᠪᠠᠶ᠋ᠢᠬᠰᠠᠨ ᠴᠤ᠌ ᠠᠭᠤᠯᠤᠭᠲᠠᠭᠰᠠᠨ ᠠᠭᠤᠯᠬ᠋᠎ᠠ ᠨᠢ ᠨᠡᠯᠢᠶᠡᠳ ᠥᠷᠭᠡᠨ ᠶᠤᠮ ᠃ ᠡᠭᠦᠪᠡᠷ ᠦᠯᠦ ᠪᠠᠷᠠᠮ ᠂ ᠡᠲᠡᠭᠡᠷ ᠠᠭᠤᠯᠬ᠋᠎ᠠ ᠶ᠋ᠢ ᠬᠦᠦᠷᠨᠢᠨ ᠶᠠᠷᠢᠬᠤ ᠳ᠋ᠠᠭᠠᠨ ᠭᠣᠮᠪᠣᠵᠠᠪ ᠭᠦᠩ ᠥᠪᠡᠷ ᠦ᠋ᠨ ᠦᠵᠡᠯᠲᠡ ᠰᠢᠨᠵᠢᠯᠡᠭᠡᠨ ᠶ᠋ᠢᠡᠨ ᠥᠪᠡᠷᠮᠢᠴᠡ ᠳᠤᠷᠠᠳᠤᠭᠰᠠᠨ ᠪᠠᠶ᠋ᠢᠨ᠎ᠠ ᠃
    《 ᠲᠠᠪᠤᠨ ᠥᠩᠭᠡ ᠳᠥᠷᠪᠡᠨ ᠬᠠᠷᠢ ᠤᠯᠤᠰ 》  ᠭᠡᠳᠡᠭ ᠪᠣᠯ ᠮᠣᠩᠭᠣᠯ ᠦ᠋ᠨ ᠲᠡᠦᠬᠡᠨ ᠰᠤᠷᠪᠤᠯᠵᠢ  ᠪᠢᠴᠢᠭ ᠲᠤ ᠭᠠᠲᠠᠭᠠᠲᠤ ᠤᠯᠤᠰ ᠬᠠᠷᠢ ᠦᠨᠲᠦᠰᠦᠲᠡᠨ ᠊ᠢ  ᠨᠡᠷᠡᠯᠡᠭᠰᠡᠨ ᠶᠡᠷᠦᠩᠬᠡᠢ ᠨᠡᠷᠡᠶ᠋ᠢᠲᠦᠯ ᠶᠤᠮ ᠃ ᠮᠣᠩᠭᠣᠯ ᠦ᠋ᠨ ᠲᠡᠦᠬᠡᠨ ᠰᠤᠷᠪᠤᠯᠵᠢ  ᠪᠢᠴᠢᠭ ᠡᠴᠡ ᠦᠵᠡᠪᠡᠯ ᠂ ᠵᠥᠪᠬᠡᠨ 《 ᠲᠠᠪᠤᠨ ᠥᠩᠭᠡ 》  《ᠳᠥᠷᠪᠡᠨ ᠬᠠᠷᠢ 》 ᠶ᠋ᠢᠨ  ᠭᠡᠳᠡᠭ  ᠨᠢ ᠲᠤᠰ ᠲᠤᠰ ᠪᠣᠲᠠᠲᠠᠢ ᠶᠠᠭᠤᠨ ᠊ᠢ ᠵᠢᠭᠠᠭᠰᠠᠨ ᠊ᠢ ᠲᠣᠪᠴᠢ ᠳᠤᠷᠠᠳᠤᠭᠰᠠᠨ ᠠ᠋ᠴᠠ ᠭᠠᠲᠠᠨ᠎ᠠ ᠡᠨᠡ ᠨᠢ ᠴᠣᠬᠣᠮ ᠶᠠᠮᠠᠷ ᠢᠷᠡᠯᠲᠡ ᠲᠡᠢ ᠂ ᠬᠡᠷᠬᠢᠨ ᠢᠩᠭᠢᠵᠦ  ᠨᠡᠷᠡᠢᠳᠦᠭᠰᠡᠨ ᠲᠤᠰᠬᠠᠢ ᠲᠠᠶ᠋ᠢᠯᠪᠤᠷᠢᠯᠠᠯ ᠳᠡᠮᠡᠢ ᠬᠠᠷᠠᠭᠲᠠᠬᠤ ᠦᠭᠡᠢ ᠶᠤᠮ ᠃
    《 ᠲᠠᠪᠤᠨ ᠥᠩᠭᠡ ᠳᠥᠷᠪᠡᠨ ᠬᠠᠷᠢ ᠤᠯᠤᠰ 》 ᠦ᠋ᠨ ᠲᠤᠬᠠᠢ ᠬᠤᠪᠢᠯᠠᠢ ᠬᠠᠭᠠᠨ ᠪ ᠦᠶ᠎ᠡ ᠳᠤ   ᠵᠣᠬᠢᠶᠠᠭᠲᠠᠭᠰᠠᠨ 《 ᠠᠷᠪᠠᠨ ᠪᠤᠶᠠᠨᠲᠤ ᠨᠣᠮ ᠦ᠋ᠨ ᠴᠠᠭᠠᠨ ᠲᠡᠦᠬᠡ 》  ᠳᠤ  ᠬᠠᠮᠤᠭ ᠡᠷᠲᠡ ᠳᠤᠷᠠᠳᠤᠭᠰᠠᠨ ᠶᠤᠮ ᠃ ᠡᠨᠡᠬᠦ 《 ᠴᠠᠭᠠᠨ ᠲᠡᠦᠬᠡ 》  ᠳᠤ  ᠲᠡᠮᠲᠡᠭᠯᠡᠭᠰᠡᠨ ᠊ᠢ ᠦᠵᠡᠪᠡᠯ ᠠᠷᠪᠠᠨ ᠭᠤᠷᠪᠠᠲᠤᠭᠠᠷ ᠵᠠᠭᠤᠨ ᠪ ᠰᠡᠭᠦᠯᠴᠢ ᠶ᠋ᠢᠨ ᠦᠶ᠎ᠡ ᠪᠡᠷ ᠮᠣᠩᠭᠣᠯ ᠦ᠋ᠨ ᠬᠠᠭᠠᠨᠲᠤ ᠤᠯᠤᠰ ᠲᠤ ᠬᠠᠮᠤᠷᠤᠭᠲᠠᠨ ᠪᠠᠭᠲᠠᠭᠲᠠᠭᠰᠠᠨ ᠤᠯᠤᠰ ᠶ᠋ᠢᠠᠨ 《 ᠲᠠᠪᠤᠨ ᠥᠩᠭᠡ ᠳᠥᠷᠪᠡᠨ ᠬᠠᠷᠢ 》 ᠭᠡᠵᠦ ᠬᠤᠪᠢᠶᠠᠯᠠᠨ ᠨᠡᠷᠡᠶ᠋ᠢᠤᠠᠴᠦ ᠪᠠᠶ᠋ᠢᠬᠰᠠᠨ ᠪᠠᠶ᠋ᠢᠵᠠᠢ ᠃ 《 ᠴᠠᠭᠠᠨ ᠲᠡᠦᠬᠡ 》  ᠳᠤ  《 ᠬᠤᠪᠢᠯᠠᠢ  ᠡᠬ᠋ᠷᠡᠸᠡᠷᠢ ᠰᠡᠴᠡᠨ ᠬᠠᠭᠠᠨ ᠲᠠᠪᠤᠨ  ᠥᠩᠭᠡ ᠲᠦᠷᠪᠡᠨ ᠬᠠᠷᠢ ᠶᠡᠷᠦᠩᠬᠡᠢ ᠤᠯᠤᠰ ᠊ᠢ  ᠠᠮᠤᠭᠤᠯᠬᠤ ᠶ᠋ᠢᠨ ᠲᠤᠯᠠ 》 ᠭᠡᠵᠦ ᠲᠡᠮᠲᠡᠭᠯᠡᠭᠰᠡᠨ ᠡᠴᠡ ᠦᠵᠡᠪᠡᠯ 《 ᠲᠠᠪᠤᠨ ᠥᠩᠭᠡ ᠲᠦᠷᠪᠡᠨ ᠬᠠᠷᠢ 》 ᠪᠤᠯ 《 ᠶᠡᠷᠦᠩᠬᠡᠢ ᠤᠯᠤᠰ 》 · ᠲᠠᠷᠤᠢ ᠮᠣᠩᠭᠣᠯ ᠦ᠋ᠨ ᠬᠠᠭᠠᠨᠲᠤ  ᠤᠯᠤᠰ ᠲᠤ  ᠬᠠᠮᠤᠷᠤᠭᠲᠠᠨ ᠪᠠᠭᠲᠠᠭᠲᠠᠭᠰᠠᠨ ᠤᠯᠤᠰ ᠭᠡᠰᠡᠨ ᠰᠠᠨᠠᠬ᠋᠎ᠠ ᠶ᠋ᠢ ᠠᠭᠤᠯᠵᠣ ᠪᠠᠶ᠋ᠢᠬ᠋᠎ᠠ ᠶᠤᠮ ᠃ ᠴᠢᠨᠠᠭᠰᠢᠲᠠ ᠪᠢᠲᠡ ᠪᠠᠰᠠ ᠬᠤᠪᠢᠯᠠᠢ ᠰᠡᠴᠡᠨ ᠬᠠᠭᠠᠨ ᠠ᠋ᠴᠠ  ᠮᠣᠩᠭᠣᠯ ᠦ᠋ᠨ ᠬᠠᠭᠠᠨᠲᠤ ᠤᠯᠤᠰ ᠦ᠋ᠨ ᠨᠣᠶᠠᠳ ᠲᠦᠰᠢᠮᠡᠳ ᠲᠡᠭᠡᠨ ᠵᠠᠷᠯᠢᠬ ᠪᠠᠭᠤᠯᠭᠠᠭᠰᠠᠨ ᠦᠭᠡ ᠡᠴᠡ ᠦᠵᠡᠪᠡᠯ · ᠮᠣᠩᠭᠣᠯ ᠬᠠᠭᠠᠨᠲᠤ ᠤᠯᠤᠰ ᠦ᠋ᠨ ᠵᠠᠰᠠᠭ ᠵᠠᠬᠢᠷᠭᠠᠨ ᠪ ᠬᠠᠮᠢᠶᠠᠷᠤᠯᠲᠠ  ᠳᠤ  《 ᠲᠠᠪᠤᠨ ᠥᠩᠭᠡ ᠲᠦᠷᠪᠡᠨ ᠬᠠᠷᠢ 》 ᠨᠢᠭᠡᠨᠲᠡ ᠪᠠᠭᠲᠠᠭᠲᠠᠵᠤ 《 ᠶᠡᠷᠦᠩᠬᠡᠢ ᠤᠯᠤᠰ 》 ᠪᠣᠯᠤᠭᠰᠠᠨ ᠨᠢ ᠨᠡᠩ ᠲᠣᠲᠣᠷᠬᠠᠢ ᠶᠣᠮ ᠃ 《 ᠴᠠᠭᠠᠨ ᠲᠡᠥᠬᠡ  》  ᠳᠤ  ᠬᠣᠪᠢᠯᠢ ᠬᠠᠭᠠᠨ ᠵᠠᠰᠠᠭ ᠵᠠᠬᠢᠷᠭᠠᠨ ᠪ ᠬᠠᠮᠢᠶ᠎ᠠ ᠲᠠᠢ ᠵᠠᠷᠯᠢᠬ ᠪᠠᠭᠤᠯᠭᠠᠭᠰᠠᠨ ᠊ᠢ ᠲᠡᠮᠲᠡᠭᠯᠡᠬᠦ ᠳ᠋ᠡᠭᠡᠨ ᠄ 《 ᠲᠠᠪᠤᠨ ᠥᠩᠭᠡ ᠲᠦᠷᠪᠡᠨ ᠬᠠᠷᠢ  ᠤᠯᠤᠰ  ᠲᠤᠷ ᠠᠷᠪᠠᠨ ᠪ ᠠᠬ᠎ᠠ ᠲᠠᠪᠢᠲᠤ · ᠵᠠᠭᠤᠲᠥ ·  ᠮᠢᠩᠭᠠᠲᠥ ·  ᠲᠦᠮᠡᠨᠲᠡ· ᠲᠦᠭ ᠲᠦᠮᠡᠨ ᠪ ᠨᠣᠶᠠᠳ ᠠᠨᠤ ᠠᠶ᠋ᠢᠮᠠᠭ ᠠᠶ᠋ᠢᠮᠠᠭ ᠤᠯᠤᠰ ᠶ᠋ᠢᠠᠷ ᠲᠣᠰ ᠪᠦᠷᠢ ᠮᠡᠲᠡᠲᠦᠭᠡᠢ 》 ᠭᠡᠵᠢ ᠃ ᠠᠷᠪᠠᠨ ᠭᠤᠷᠪᠠᠲᠤᠭᠠᠷ ᠵᠠᠭᠤᠨ ᠪ ᠡᠬᠢᠨ ᠪ ᠦᠶ᠎ᠡ ᠪᠡᠷ ᠮᠣᠩᠭᠣᠯ ᠦ᠋ᠨ ᠬᠠᠭᠠᠨᠲᠤ ᠤᠯᠤᠰ ᠨᠢ ᠪᠦᠷᠢᠯᠲᠦᠨ ᠲᠣᠭᠲᠠᠭᠠᠲᠤᠢ ᠪᠠᠶ᠋ᠢᠬᠰᠠᠨ ᠪᠣᠯᠬᠤᠷ 《  ᠲᠠᠪᠤᠨ ᠥᠩᠭᠡ ᠲᠦᠷᠪᠡᠨ ᠬᠠᠷᠢ ᠤᠯᠤᠰ 》 ᠭᠡᠰᠡᠨ ᠨᠡᠷᠡᠶ᠋ᠢᠲᠦᠯ ᠲᠡᠢ ᠶᠣᠮ ᠃ ᠡᠭᠦᠨ ᠊ᠢ1240 ᠣᠨ  ᠳᠤ  ᠵᠣᠬᠢᠶᠠᠭᠲᠠᠭᠰᠠᠨ 《 ᠮᠣᠩᠭᠣᠯ ᠦ᠋ᠨ ᠨᠢᠭᠤᠴᠠ ᠲᠣᠪᠴᠢᠶᠠᠨ 》 ᠭᠡᠷᠡᠴᠢᠯᠡᠨ᠎ᠡ · ᠤᠴᠢᠷ ᠨᠢ 《 ᠮᠣᠩᠭᠣᠯ ᠦ᠋ᠨ ᠨᠢᠭᠤᠴᠠ ᠲᠣᠪᠴᠢᠶᠠᠨ 》  ᠳᠤ  ᠡᠶ᠋ᠢᠮᠦ ᠨᠡᠷᠡᠶ᠋ᠢᠲᠦᠯ ᠦᠭᠡᠢ  ᠶᠣᠮ ᠃       
     《 ᠴᠠᠭᠠᠨ ᠲᠡᠦᠬᠡ 》 ᠡᠴᠡ ᠬᠣᠶ᠋ᠢᠰᠢᠬᠢ ᠮᠣᠩᠭᠣᠯ ᠦ᠋ᠨ ᠲᠡᠣᠬᠡᠨ ᠵᠣᠬᠢᠶᠠᠯ  ᠳᠤ  ᠡᠩ ᠨᠠᠶ᠋ᠢᠲᠡᠮ 《 ᠲᠠᠪᠤᠨ ᠥᠩᠭᠡ ᠲᠦᠷᠪᠡᠨ ᠬᠠᠷᠢ 》 ᠭᠡᠳᠡᠭ ᠲᠣᠮᠢᠶᠠᠯᠠᠯ ᠊ᠢ ᠬᠡᠷᠡᠭᠯᠡᠵᠦ ᠮᠥᠨ  ᠴᠤ᠌ ᠡᠶ᠋ᠢᠮᠦ ᠰᠠᠨᠠᠬ᠋᠎ᠠ ᠶ᠋ᠢ ᠭᠠᠷᠭᠠᠭᠰᠠᠭᠠᠷ ᠢᠷᠡᠵᠡᠢ ᠃
      ᠠᠷᠪᠠᠨ ᠲᠣᠯᠣᠲᠤᠭᠠᠷ ᠵᠠᠭᠤᠨ ᠪ ᠲᠤᠮᠲᠠᠴᠢ ᠪᠡᠷ ᠵᠣᠬᠢᠶᠠᠭᠲᠠᠭᠰᠠᠨ 《 ᠰᠢᠷ᠎ᠠ ᠲᠤᠭᠤᠵᠢ 》  ᠳᠤ  《 ᠲᠠᠪᠤᠨ ᠥᠩᠭᠡ  》ᠤᠯᠤᠰ  ᠭᠡᠳᠡᠭ ᠨᠢ ᠬᠥᠬᠡ ᠮᠣᠩᠭᠣᠯ ᠂ ᠴᠠᠭᠠᠨ ᠰᠣᠯᠣᠩᠭᠣᠰ ᠂ ᠰᠢᠷ᠎ᠠ ᠰᠠᠷᠲᠠᠭᠤᠯ ᠂  ᠤᠯᠠᠭᠠᠨ ᠬᠢᠲᠠᠣᠨ · ᠬᠠᠷ᠎ᠠ ᠲᠠᠩᠭᠤᠳ ᠭᠡᠵᠦ ᠲᠠᠶ᠋ᠢᠯᠪᠤᠷᠢᠯᠠᠨ  《 ᠡᠨᠡ ᠲᠠᠪᠤ ᠶ᠋ᠢᠨ ᠨᠢᠭᠡ ᠨᠢ  ᠳᠥᠷᠪᠡᠨ  ᠳ᠋ᠡᠭᠡᠨ ᠬᠠᠷᠢ ᠪᠤᠯᠬᠤ 》 ( ᠡᠲᠡᠭᠡᠷ ᠦ᠋ᠨ ᠳᠣᠳᠣᠷᠠᠬᠢ ᠳᠦᠷᠪᠡ ᠨᠢ ᠨᠢᠭᠡᠨ ᠳᠡᠭᠡᠨ ᠬᠠᠷᠢ ᠪᠣᠯᠤᠨ᠎ᠠ ᠭᠡᠵᠡᠢ ) ᠃ ᠡᠨᠡ ᠲᠠᠶ᠋ᠢᠯᠪᠤᠷᠢᠯᠠᠯ ᠨᠢ ᠮᠦᠨ  ᠴᠤ᠌ 《 ᠴᠠᠭᠠᠨ ᠲᠡᠦᠬᠡ 》 ᠎ ᠳᠤ  ᠲᠤᠷᠠᠲᠤᠭᠰᠠᠨ 《 ᠲᠠᠪᠤᠨ ᠦᠩᠭᠡ ᠳᠥᠷᠪᠡᠨ ᠬᠠᠷᠢ ᠶᠡᠷᠦᠩᠬᠡᠢ ᠶ᠋ᠢᠨ ᠤᠯᠤᠰ 》 ᠂ ᠳᠠᠷᠤᠢ ᠮᠣᠩᠭᠣᠯ ᠬᠠᠭᠠᠨᠲᠤ ᠤᠯᠤᠰ ᠦ᠋ᠨ ᠡᠵᠡᠮᠰᠢᠯ  ᠳᠤ  ᠪᠠᠭᠲᠠᠭᠲᠠᠭᠰᠠᠨ ᠤᠯᠤᠰ ᠣᠷᠣᠨ ᠊ᠢ   ᠵᠢᠭᠠᠭᠰᠠᠨ ᠪᠠᠶ᠋ᠢᠨ᠎ᠠ ᠃ ᠡᠶ᠋ᠢᠮᠦ ᠡᠴᠡ ᠮᠣᠩᠭᠣᠯ ᠦ᠋ᠨ ᠣᠯᠠᠩᠬᠢ  ᠲᠡᠦᠬᠡᠨ ᠵᠣᠬᠢᠶᠠᠯ  ᠳᠤ  《 ᠲᠠᠪᠤᠨ  ᠦᠩᠭᠡ ᠳᠥᠷᠪᠡᠨ ᠬᠠᠷᠢ ᠤᠯᠤᠰ ᠊ᠢ   ᠡᠷᠬᠡ ᠳ᠋ᠡᠭᠡᠨ ᠣᠷᠣᠭᠤᠯᠤᠭᠰᠠᠨ 》 ᠭᠡᠵᠦ  ᠪᠢᠴᠢᠳᠡᠭ ᠶᠤᠮ  ᠃
ᠶᠠᠭᠤᠨ ᠪ ᠤᠴᠢᠷ ᠠ᠋ᠴᠠ 《 ᠲᠠᠪᠤᠨ  ᠦᠩᠭᠡ ᠳᠥᠷᠪᠡᠨ ᠬᠠᠷᠢ 》 ᠭᠡᠵᠦ  ᠨᠡᠷᠡᠯᠡᠭᠰᠡᠨ ᠲᠤᠬᠠᠢ ᠭᠣᠮᠪᠤᠵᠠᠪ  ᠪᠠᠷ  ᠥᠪᠡᠷ ᠦ᠋ᠨ ᠦᠵᠡᠯᠲᠡ ᠪᠡᠨ ᠶᠠᠷᠢᠵᠠᠢ ᠃ ᠲᠡᠬᠦᠨ ᠪ ᠦᠵᠡᠬᠦ ᠪᠡᠷ ᠪᠣᠯ 《 ᠲᠡᠲᠡᠭᠡᠷ ᠤᠯᠤᠰ ᠴᠥᠮ ᠪᠣᠭᠲᠠ ᠶ᠋ᠢᠨ ᠰᠣᠶᠣᠯ ᠳ᠋ᠤᠷ ᠳᠠᠭᠠᠭᠰᠠᠨ ᠨᠣᠶᠠᠨ   ᠠᠯᠲᠠᠨ  ( ᠠᠲᠠᠯᠠ  )ᠲᠡᠲᠡᠨ ᠳ᠋ᠤᠷ ᠲᠡᠷᠡ ᠮᠡᠲᠦ ᠥᠩᠭᠡ ᠬᠠᠲᠠᠵᠤ ᠬᠠᠷᠢ ᠪᠣᠯᠭᠠᠬᠤ ᠤᠴᠢᠷ ᠦ᠋ᠨ ᠪᠠᠷᠢᠯᠲᠤᠯᠬ᠋᠎ᠠ ᠲᠣᠲᠣᠷᠬᠠᠢ ᠦᠭᠡᠢ 》 ᠭᠡᠵᠡᠢ ᠃ ᠡᠶ᠋ᠢᠮᠦ ᠡᠴᠡ 《 ᠲᠠᠪᠤᠨ  ᠦᠩᠭᠡ ᠳᠥᠷᠪᠡᠨ ᠬᠠᠷᠢ 》 ᠬᠡᠮᠡᠬᠦ ᠶ᠋ᠢᠨ  ᠢᠷᠡᠯᠲᠡ ᠪᠣᠯ ᠂ ᠴᠢᠩᠭᠡᠰ ᠬᠠᠭᠠᠨ ᠴᠠᠩ ᠴᠦᠨ  ᠠᠷᠱᠢ   ᠶ᠋ᠢ ᠤᠷᠢᠵᠤ ᠠᠭᠤᠯᠵᠠᠨ 《 ᠲᠦᠷᠦ ᠪᠠᠷᠢᠵᠤ ᠠᠮᠢᠲᠠᠨ ᠊ᠢ ᠲᠡᠤᠠᠬᠦᠬᠦ ᠶᠣᠰᠣᠨ ᠊ᠢ ᠠᠰᠠᠭᠤᠵᠤ 》 ᠯᠠᠪᠯᠠᠭᠰᠠᠨ ᠠ᠋ᠴᠠ ᠬᠣᠶ᠋ᠢᠰᠢ  《ᠥᠭᠡᠲᠡᠢ  ᠡᠵᠡᠨ ᠂ ᠰᠡᠴᠡᠨ ᠬᠠᠭᠠᠨᠲᠠᠨ  ᠠᠯᠢᠪᠡ ᠵᠠᠷᠴᠢᠮ ᠵᠢᠷᠦᠮ  ᠬᠠᠤᠯᠢ ᠶᠣᠰᠣᠨ  ᠊ᠢ ᠬᠢᠲᠠᠳ ᠶᠣᠰᠣᠭᠠᠷ ᠵᠣᠬᠢᠶᠠᠭᠰᠠᠨ 》 ᠲᠤᠯᠠ 《 ᠲᠠᠪᠤᠨ ᠦᠩᠭᠡ ᠢᠨᠤ ᠬᠦᠩ ᠂ ᠱᠠᠩ ᠂ ᠵᠢᠶᠣᠤ ᠂ ᡁᠢ ᠂ ᠢᠦᠢ ᠲᠠᠪᠤᠨ ᠮᠠᠬᠠᠪᠣᠳ ᠦ᠋ᠨ ᠲᠠᠪᠤᠨ ᠴᠢᠨᠠᠷ  ᠲᠤ ᠲᠠᠪᠤᠨ ᠵᠦᠢᠯ ᠣᠪᠣᠭ ᠳᠤᠷ ᠪᠠᠭᠲᠠᠭᠰᠠᠨ ᠡᠯ᠎ᠡ ᠭᠣᠣᠯ ᠤᠯᠤᠰ ᠢᠷᠭᠡᠨ ᠪᠠ ᠳᠥᠷᠪᠡᠨ ᠬᠠᠷᠢ ᠠᠨᠤ ᠽᠢ ᠢ  ᠬᠡᠮᠡᠭᠳᠡᠬᠦ ᠳᠤᠮᠳᠠᠳᠤ ᠤᠯᠤᠰ ᠦ᠋ᠨ ᠳᠥᠷᠪᠡᠨ ᠵᠦᠭ ᠲᠣᠷ ᠠᠭᠴᠢ ᠠᠯᠪᠠ ᠡᠷᠭᠦᠨ ᠢᠪᠡᠭᠡᠯ  ᠳ᠋ᠤᠷ  ᠬᠦᠷᠲᠡᠬᠡᠴᠢ ᠡᠯ᠎ᠡ ᠭᠠᠲᠠᠭᠠᠲᠤ ᠤᠯᠤᠰ ᠨᠡᠶ᠋ᠢᠲᠡ ᠶ᠋ᠢᠨ ᠨᠡᠷ᠎ᠡ ᠪᠥᠭᠡᠳ ᠬᠢᠲᠠᠳ ᠦ᠋ᠨ ᠶᠣᠰᠣᠨ ᠪ ᠥᠭᠦᠯᠡᠯ ᠊ᠢ ᠳᠠᠭᠠᠵᠤ ᠮᠣᠩᠭᠣᠯᠴᠢᠯᠠᠨ ᠣᠷᠴᠢᠭᠤᠯᠤᠭᠰᠠᠨ ᠮᠡᠲᠦ  ᠪᠠᠢᠨᠠᠮ 》 ( ᠲᠣᠰ ᠨᠣᠮ ᠦ᠋ᠨ ᠬᠣᠶ᠋ᠢᠨᠠᠬᠢ170 ᠎ᠳ᠋ᠤᠭᠠᠷ ᠨᠢᠭᠤᠷ ᠦ᠋ᠨ ᠲᠠᠶ᠋ᠢᠯᠤᠯᠬ᠋᠎ᠠ ᠶ᠋ᠢ ᠦᠵᠡ ) ᠃ ᠡᠨᠡ ᠪᠣᠯ ᠭᠣᠮᠪᠤᠵᠠᠪ ᠡᠴᠡ ᠲᠡᠦᠬᠡᠨ ᠵᠣᠬᠢᠶᠠᠯ  ᠳᠤ ᠨᠡᠶ᠋ᠢᠲᠡᠮ ᠳᠤᠷᠠᠳᠤᠭᠳᠠᠵᠤ  ᠢᠷᠡᠭᠰᠡᠨ 《 ᠲᠠᠪᠤᠨ  ᠦᠩᠭᠡ ᠳᠥᠷᠪᠡᠨ ᠬᠠᠷᠢ 》 ᠶ᠋ᠢᠨ ᠢᠷᠡᠯᠲᠡ ᠵᠠᠭᠤᠨ ᠡᠴᠡ ᠪᠣᠯᠪᠠ ᠭᠡᠰᠡᠨ ᠊ᠢ ᠠᠩᠬ᠎ᠠ ᠤᠲᠠᠬ᠋᠎ᠠ ᠲᠠᠶ᠋ᠢᠯᠪᠤᠷᠢᠯᠠᠭᠰᠠᠨ  ᠪᠣᠯᠪᠠᠴᠤ 《 ᠬᠢᠲᠠᠳ ᠶᠣᠰᠣᠨ ᠪ ᠥᠭᠦᠯᠡᠯ ᠊ᠢ ᠳᠠᠭᠠᠵᠤ ᠮᠣᠩᠭᠣᠯᠴᠢᠯᠠᠨ ᠣᠷᠴᠢᠭᠤᠯᠤᠭᠰᠠᠨ ᠮᠡᠲᠦ ᠪᠠᠶ᠋ᠢᠨ᠎ᠠ 》 ᠭᠡᠳᠡᠭ ᠪᠣᠯ ᠲᠡᠭᠦᠨ ᠪ ᠦᠨᠲᠦᠰᠦᠨ ᠦᠵᠡᠯᠲᠡ ᠶᠣᠮ ᠃         
    《 ᠭᠠᠩᠬ᠋᠎ᠠ ᠶ᠋ᠢᠨ ᠤᠷᠤᠰᠬᠠᠯ 》 ᠳᠤ  ᠶᠤᠸᠠᠨ ᠤᠯᠤᠰ ᠠ᠋ᠴᠠ ᠬᠣᠶ᠋ᠢᠰᠢᠬᠢ ᠮᠣᠩᠭᠣᠯ ᠦ᠋ᠨ  ᠲᠥᠷᠥ ᠶ᠋ᠢᠨ ᠵᠠᠰᠠᠭ ᠵᠠᠬᠢᠷᠭᠠᠨ ᠪ  ᠪᠠᠶ᠋ᠢᠭᠤᠯᠤᠯᠵᠢ ᠶ᠋ᠢ 《 ᠵᠢᠷᠭᠤᠭᠠᠨ ᠮᠣᠩᠭᠣᠯ 》 · 《 ᠳᠦᠷᠪᠡᠨ ᠣᠶ᠋ᠢᠷᠠᠳ 》 ᠭᠡᠵᠦ ᠳᠤᠷᠠᠳᠤᠭᠰᠠᠨ ᠪᠠ ᠮᠣᠩᠭᠣᠯ ᠦ᠋ᠨ ᠡᠷᠲᠡᠨ ᠪ ᠠᠶ᠋ᠢᠮᠠᠭ  ᠪᠥᠯᠥᠭ ᠊ᠢ 《 ᠲᠠᠯᠠᠨ ᠬᠣᠶᠠᠷ  ᠮᠣᠩᠭᠣᠯ  》ᠭᠡᠵᠦ ᠲᠡᠭᠦᠨ ᠡᠴᠡ ᠪᠣᠰᠤᠤᠨ ᠊ᠢ 《 ᠭᠣᠴᠢᠨ ᠨᠢᠭᠡᠨ  ᠬᠠᠷᠢ 》 · 《 ᠨᠠᠢ᠍ᠮᠠᠨ ᠵᠠᠬ᠎ᠠ 》 ᠭᠡᠵᠦ  《ᠵᠠᠷᠢᠮ ᠰᠤᠲᠤᠷ  》 ᠭᠡᠵᠦ ᠲᠡᠮᠲᠡᠭᠯᠡᠭᠰᠡᠨ ᠡᠴᠡ ᠴᠣᠬᠣᠰ ᠲᠤᠷᠠᠤᠠᠴᠠᠢ ᠃
    《 ᠭᠠᠩᠬ᠋᠎ᠠ ᠶ᠋ᠢᠨ ᠤᠷᠤᠰᠬᠠᠯ 》 ᠳᠤ  ᠪᠠᠰᠠ ᠮᠣᠩᠭᠣᠯ ᠦ᠋ᠨ ᠶᠡᠬᠡ  ᠬᠥᠭᠵᠢᠮ ᠠᠷᠪᠠᠨ ᠵᠢᠷᠭᠤᠬ᠋᠎ᠠ ᠂ ᠪᠠᠬ᠋᠎ᠠ  ᠬᠥᠭᠵᠢᠮ ᠠᠷᠪᠠᠨ ᠭᠤᠷᠪᠠ ᠭᠡᠵᠦ ᠲᠣᠷᠠᠲᠤᠭᠠᠤᠨ ᠨᠡᠶ᠋ᠢᠯᠡᠨ ᠨᠡᠶ᠋ᠢᠲᠡ ᠠᠷᠪᠠᠨ ᠬᠡᠲᠦᠨ  ᠬᠥᠭᠵᠢᠮ ᠦ᠋ᠨ ᠨᠡᠷ᠎ᠡ ᠶ᠋ᠢ ᠲᠤᠷᠠᠤᠠᠴᠠᠢ ᠃ ᠡᠭᠦᠨᠴᠠ · ᠡᠮᠦᠨ᠎ᠡ ᠮᠣᠩᠭᠣᠯ ᠦ᠋ᠨ  ᠬᠥᠭᠵᠢᠮ ᠪᠠ ᠲᠡᠭᠦᠨ ᠪ ᠨᠡᠷᠡᠰ  ᠦ᠋ᠨ ᠲᠣᠬᠠᠢ ᠲᠡᠮᠲᠡᠭᠯᠡᠯ ᠮᠣᠩᠭᠣᠯ ᠲᠡᠦᠬᠡᠨ  ᠪᠢᠴᠢᠭ᠌ ᠲᠦ ᠪᠠᠷᠣᠭ ᠪᠠᠶ᠋ᠢᠬᠤ ᠦᠭᠡᠢ  ᠶᠣᠮ ᠃                          
     ᠵᠣᠬᠢᠶᠠᠯ ᠦ᠋ᠨ ᠲᠡᠭᠦᠰᠬᠡᠯ  ᠳᠤ  ᠨᠠᠢ᠍ᠮᠠᠨ ᠮᠦᠷ ᠰᠢᠯᠦᠭ ᠪᠢᠴᠢᠭᠡᠳ 《 ᠨᠠᠶ᠋ᠢᠷᠠᠯᠲᠤ ᠲᠦᠪ ᠦ᠋ᠨ ᠭᠣᠲᠠᠭᠠᠷ ᠣᠨ ᠪ ᠲᠦᠷᠪᠡᠨ ᠰᠠᠷ᠎ᠠ ᠶ᠋ᠢᠨ ᠰᠠᠶ᠋ᠢᠨ ᠡᠲᠦᠷ ᠲᠡᠭᠦᠰᠭᠡᠪᠡᠢ 》  ᠭᠡᠵᠢ ᠃
                

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )